ᠮᠣᠩᠭᠤᠯ ᠬᠡᠯᠡᠨ ᠤ᠋ ᠬᠡᠷᠡᠭᠯᠡᠭᠡᠨ ᠤ᠋ ᠴᠢᠳᠠᠪᠬᠢ ᠶ᠋ᠢ ᠨᠡᠭᠡᠭᠡᠨ ᠠᠰᠢᠭᠯᠠᠬᠤ ᠶ᠋ᠢᠨ ᠤᠴᠢᠷ
2019.06.27

       

  ᠤᠯᠠᠨ ᠤ᠋ ᠮᠡᠳᠡᠭᠡᠵᠢ ᠪᠡᠷ᠂ ᠳᠡᠭᠡᠷ᠎ᠡ ᠵᠠᠭᠤᠨ ᠠ᠋ᠴᠠ ᠨᠠᠭᠠᠰᠢ ᠪᠦᠬᠦᠢᠯᠡ ᠬᠡᠯᠡᠨ ᠤ᠋ ᠰᠢᠨᠵᠢᠯᠡᠯ ᠦ᠋ᠨ ᠬᠦᠷᠢᠶᠡᠨ ᠳ᠋ᠤ᠌ ᠰᠸᠢᠰ ᠤ᠋ᠨ ᠬᠡᠯᠡᠨ ᠤ᠋ ᠡᠷᠳᠡᠮᠲᠡᠨ ᠹᠸᠷᠳᠢᠨᠠᠨᠲ·ᠳ᠋ᠸ· ᠰᠤᠰᠢᠦᠢᠷ (Ferdinand de Saussure¸1857-1913) ᠤ᠋ᠨ ᠬᠡᠯᠡᠨ ᠤ᠋ ᠪᠦᠲᠦᠴᠡ ᠶ᠋ᠢᠨ ᠰᠢᠰᠲ᠋ᠧᠮ ᠤ᠋ᠨ ᠰᠤᠳᠤᠯᠤᠯ ᠭᠠᠵᠠᠷ ᠠᠪᠴᠦ ᠪᠠᠢᠭᠰᠠᠨ ᠤ᠋ ᠤᠯᠠᠮ ᠢ᠋ᠶ᠋ᠠᠷ ᠬᠡᠯᠡᠨ ᠤ᠋ ᠡᠷᠳᠡᠮᠲᠡᠳ ᠨᠢ ᠤᠬᠠᠮᠰᠠᠷ ᠠ᠋ᠴᠠ ᠪᠠᠨ ᠪᠤᠶᠤ ᠰᠠᠨᠠᠮᠰᠠᠷ ᠦᠭᠡᠢ ᠪᠠᠢᠳᠠᠯ ᠢ᠋ᠶ᠋ᠠᠷ ᠬᠡᠯᠡᠨ ᠤ᠋ ᠪᠦᠲᠦᠴᠡ ᠶ᠋ᠢᠨ ᠰᠤᠳᠤᠯᠤᠯ-ᠬᠡᠯᠡᠨ ᠤ᠋ ᠲᠣᠭᠲᠠᠩᠭᠤᠢ ᠪᠠᠢᠳᠠᠯ ᠤ᠋ᠨ ᠰᠤᠳᠤᠯᠤᠯ ᠳᠡᠭᠡᠷ᠎ᠡ ᠠᠩᠬᠠᠷᠤᠯ ᠢ᠋ᠶ᠋ᠠᠨ ᠬᠠᠨᠳᠤᠭᠤᠯᠤᠭᠰᠠᠨ ᠨᠢ ᠳᠡᠢᠯᠦᠩᠬᠡᠢ᠂ ᠬᠠᠷᠢᠨ ᠬᠡᠯᠡᠨ ᠤ᠋ ᠴᠢᠳᠠᠪᠬᠢ ᠰᠤᠳᠤᠯᠤᠯ-ᠬᠥᠳᠡᠯᠦᠩᠭᠢ ᠪᠠᠢᠳᠠᠯ ᠤ᠋ᠨ ᠰᠤᠳᠤᠯᠤᠯ ᠢ᠋ ᠳᠡᠮᠡᠢ ᠤᠴᠢᠷ ᠪᠣᠯᠭᠠᠭᠰᠠᠨ ᠦᠭᠡᠢ ᠪᠤᠶᠤ ᠣᠷᠬᠢᠭᠳᠠᠭᠤᠯᠤᠭᠰᠠᠨ ᠪᠠᠢᠳᠠᠯ ᠲᠠᠢ᠃ ᠶᠠᠭ ᠲᠡᠢᠮᠦ ᠴᠦ᠍ ᠤᠴᠢᠷ ᠠ᠋ᠴᠠ ᠮᠣᠩᠭᠤᠯ ᠬᠡᠯᠡᠨ ᠤ᠋ ᠢᠯᠡᠳᠭᠡᠬᠦ ᠴᠢᠳᠠᠪᠬᠢ ᠶᠠᠪᠤᠬᠤ ᠳᠤᠲᠤᠮ ᠢᠪᠴᠤᠷᠠᠨ ᠰᠤᠯᠠᠷᠠᠵᠤ᠂ ᠬᠠᠷᠢ ᠬᠡᠯᠡ ᠪᠡᠷ ᠰᠡᠳᠭᠢᠨ᠂ ᠬᠣᠯᠢᠶ᠎ᠠ ᠮᠣᠩᠭᠤᠯ ᠬᠡᠯᠡ ᠪᠡᠷ ᠢᠯᠡᠳᠭᠡᠵᠦ ᠪᠠᠢᠭ᠎ᠠ ᠶᠠᠪᠤᠳᠠᠯ ᠵᠥᠩᠳᠡᠭᠡᠨ ᠬᠠᠷᠠᠭᠳᠠᠵᠤ ᠲᠥᠷᠦᠯᠬᠢ ᠬᠡᠯᠡ ᠪᠠᠨ ᠲᠦᠢᠯ ᠢ᠋ᠶ᠋ᠠᠷ ᠪᠤᠬᠢᠷᠳᠤᠭᠤᠯᠵᠤ ᠪᠠᠢᠭ᠎ᠠ ᠨᠢ ᠬᠠᠷᠠᠮᠰᠠᠯᠲᠠᠢ᠃ ᠡᠭᠦᠨ ᠤ᠋ ᠤᠴᠢᠷ ᠨᠢ ᠬᠠᠮᠢᠭ᠎ᠠ ᠪᠠᠨ ᠪᠠᠢᠨ᠎ᠠ ᠪᠤᠢ ᠭᠡᠬᠦ ᠠᠰᠠᠭᠤᠳᠠᠯ ᠤ᠋ᠨ ᠲᠠᠯ᠎ᠠ ᠪᠠᠷ ᠪᠢ ᠥᠪᠡᠷ ᠦ᠋ᠨ ᠦᠵᠡᠯᠲᠡ ᠪᠠᠨ ᠶᠠᠷᠢᠮᠠᠷ ᠪᠠᠢᠨ᠎ᠠ᠃

  ᠨᠢᠭᠡ᠂ ᠭᠡᠷ ᠠᠬᠤᠢ ᠶ᠋ᠢᠨ ᠪᠠᠭᠠᠵᠢ ᠬᠡᠷᠡᠭᠰᠡᠯ ᠦ᠋ᠨ ᠤᠯᠠᠷᠢᠯ ᠬᠤᠪᠢᠷᠠᠯ ᠠ᠋ᠴᠠ ᠣᠳᠣᠬᠢ ᠮᠣᠩᠭᠤᠯ ᠬᠡᠯᠡᠨ ᠤ᠋ ᠢᠯᠡᠳᠭᠡᠬᠦ ᠴᠢᠳᠠᠪᠬᠢ ᠶ᠋ᠢ ᠰᠢᠨᠵᠢᠬᠦ ᠨᠢ

  ᠬᠡᠯᠡ ᠪᠤᠯ ᠨᠢᠭᠡᠨ ᠲᠥᠷᠦᠯ ᠦ᠋ᠨ ᠪᠠᠭᠠᠵᠢ ᠮᠥᠨ᠂ ᠲᠡᠷᠡ ᠨᠢ ᠪᠤᠰᠤᠳ ᠲᠥᠷᠦᠯ ᠦ᠋ᠨ ᠪᠠᠭᠠᠵᠢ ᠲᠠᠢ ᠠᠳᠠᠯᠢᠪᠲᠤᠷ᠃ ᠪᠦᠲᠦᠴᠡ ᠪᠠ ᠴᠢᠳᠠᠪᠬᠢ ᠬᠤᠶᠠᠷ ᠢ᠋ᠶ᠋ᠠᠷ ᠪᠦᠷᠢᠯᠳᠦᠭᠰᠡᠨ ᠪᠠᠢᠳᠠᠭ᠃ ᠡᠨᠳᠡ ᠪᠢᠳᠡ ᠬᠥᠮᠦᠨ ᠲᠥᠷᠦᠯᠭᠢᠲᠡᠨ ᠤ᠋ ᠠᠮᠢᠳᠤᠷᠠᠯ ᠳ᠋ᠤ᠌ ᠦᠢᠯᠡᠴᠢᠯᠡᠭᠡ ᠬᠠᠩᠭᠠᠵᠤ ᠪᠠᠢᠭ᠎ᠠ ᠭᠡᠷ ᠠᠬᠤᠢ ᠶ᠋ᠢᠨ ᠬᠡᠷᠡᠭᠰᠡᠯ ᠦ᠋ᠨ ᠨᠢᠭᠡ ᠪᠣᠯᠬᠤ ᠠᠷᠢᠭᠤᠨ ᠴᠡᠪᠡᠷ ᠦ᠋ᠨ ᠪᠠᠭᠠᠵᠢ-《ᠬᠤᠪᠴᠠᠰᠤ ᠤᠭᠢᠶᠠᠬᠤ ᠮᠠᠰᠢᠨ》(ᠬᠠᠯᠠᠭᠴᠤᠳ《ᠤᠭᠢᠶᠠᠯᠭ᠎ᠠ ᠶ᠋ᠢᠨ ᠮᠠᠰᠢᠨ》ᠭᠡᠳᠡᠭ) ᠳ᠋ᠤ᠌ ᠵᠠᠳᠠᠯᠤᠯᠲᠠ ᠬᠢᠪᠡᠯ᠄

  ᠬᠥᠮᠦᠨ ᠲᠥᠷᠦᠯᠭᠢᠲᠡᠨ ᠡᠷᠲᠡ ᠦᠶ᠎ᠡ ᠳ᠋ᠤ᠌ ᠬᠤᠪᠴᠠᠰᠤ ᠪᠠᠨ ᠭᠠᠷ ᠢ᠋ᠶ᠋ᠠᠷ ᠤᠭᠢᠶᠠᠵᠤ ᠪᠠᠢᠭᠰᠠᠨ ᠢ᠋ᠶ᠋ᠠᠨ ᠤᠭᠢᠶᠠᠭᠤᠷ ᠬᠠᠪᠲᠠᠰᠤ᠂ ᠬᠤᠪᠴᠠᠰᠤ ᠤᠭᠢᠶᠠᠬᠤ ᠬᠠᠪᠲᠠᠰᠤ᠂ ᠬᠤᠪᠴᠠᠰᠤ ᠤᠭᠢᠶᠠᠬᠤ ᠰᠢᠳᠠᠮ ᠮᠡᠲᠦ ᠳᠥᠭᠦᠮᠬᠡᠨ ᠪᠠᠭᠠᠵᠢ ᠶ᠋ᠢ ᠵᠣᠬᠢᠶᠠᠨ ᠪᠦᠲᠦᠭᠡᠵᠡᠢ᠃ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠦ᠋ᠨ ᠬᠥᠭᠵᠢᠯ ᠢ᠋ ᠳᠠᠭᠠᠯᠳᠤᠨ ᠳᠠᠩ ᠰᠠᠭᠤᠯᠠᠭᠠᠲᠦ ᠬᠤᠪᠴᠠᠰᠤ ᠤᠭᠢᠶᠠᠬᠤ ᠮᠠᠰᠢᠨ᠂ ᠬᠠᠭᠠᠰ ᠥᠪᠡᠷ ᠢ᠋ᠶ᠋ᠡᠨ ᠬᠥᠳᠡᠯᠬᠦ ᠬᠤᠪᠴᠠᠰᠤ ᠤᠭᠢᠶᠠᠬᠤ ᠮᠠᠰᠢᠨ (ᠬᠠᠯᠠᠭᠴᠤᠳ《ᠬᠠᠭᠠᠰ ᠠᠦ᠋ᠲ᠋ᠤᠮᠠᠲ ᠤᠭᠢᠶᠠᠯᠭ᠎ᠠ ᠶ᠋ᠢᠨ ᠮᠠᠰᠢᠨ》 ᠭᠡᠳᠡᠭ)᠂ ᠬᠤᠪᠴᠠᠰᠤ ᠤᠭᠢᠶᠠᠬᠤ ᠠᠦ᠋ᠲ᠋ᠤ᠋ ᠮᠠᠰᠢᠨ (ᠬᠠᠯᠠᠭᠴᠤᠳ《ᠪᠦᠷᠢᠨ ᠠᠦ᠋ᠲ᠋ᠤᠮᠠᠲ ᠤᠭᠢᠶᠠᠯᠭ᠎ᠠ ᠶ᠋ᠢᠨ ᠮᠠᠰᠢᠨ》ᠭᠡᠳᠡᠭ) ᠵᠡᠷᠭᠡ ᠪᠤᠢ ᠪᠣᠯᠪᠠ᠃

  ᠤᠭᠢᠶᠠᠯᠭ᠎ᠠ ᠶ᠋ᠢᠨ ᠮᠠᠰᠢᠨ ᠤ᠋ ᠪᠦᠲᠦᠴᠡ ᠶ᠋ᠢ ᠵᠢᠭᠰᠠᠭᠠᠪᠠᠯ᠄ (1) ᠲᠠᠭᠯᠠᠭ᠎ᠠ (ᠬᠠᠯᠠᠭᠴᠤᠳ《ᠲᠠᠭ》 ᠭᠡᠳᠡᠭ)᠂ (2) ᠳᠣᠲᠤᠷ᠎ᠠ ᠰᠠᠭᠤᠯᠭ᠎ᠠ ᠶ᠋ᠢᠨ ᠳᠡᠭᠡᠲᠦ ᠢᠷᠮᠡᠭ (ᠬᠠᠯᠠᠭᠴᠤᠳ 《ᠤᠬᠢᠶᠠᠭᠴᠢ ᠰᠠᠪᠠᠨ ᠤ᠋ ᠠᠮᠠᠰᠠᠷ》 ᠭᠡᠳᠡᠭ)᠂ (3) ᠬᠤᠳᠭᠤᠭᠤᠷ (ᠬᠠᠯᠠᠭᠴᠤᠳ 《ᠰᠠᠨᠰᠠ》 ᠭᠡᠳᠡᠭ)᠂ (4) ᠳᠣᠲᠤᠷ᠎ᠠ ᠰᠠᠭᠤᠯᠭ᠎ᠠ (ᠬᠠᠯᠠᠭᠴᠤᠳ《ᠤᠬᠢᠶᠠᠭᠴᠢ ᠰᠠᠪᠠ》 ᠭᠡᠳᠡᠭ)᠂ (5) ᠰᠢᠭᠦᠭᠦᠷ (ᠬᠠᠯᠠᠭᠴᠤᠳ《ᠲᠣᠣᠷᠤᠨ ᠱᠦᠭᠦᠯᠳᠡᠭᠦᠷ》 ᠭᠡᠳᠡᠭ)᠂ (6) ᠬᠤᠷᠳᠤᠴᠠ ᠥᠭᠡᠷᠡᠴᠢᠯᠡᠭᠴᠢ (ᠬᠠᠯᠠᠭᠴᠤᠳ《ᠳᠠᠮᠵᠢᠭᠤᠯᠤᠭᠴᠢ》 ᠭᠡᠳᠡᠭ᠂ (7) ᠬᠠᠷᠢᠮᠠᠭ (ᠬᠠᠯᠠᠭᠴᠤᠳ《ᠫᠦᠷᠱ》ᠭᠡᠳᠡᠭ);

  ᠤᠭᠢᠶᠠᠯᠭ᠎ᠠ ᠶ᠋ᠢᠨ ᠮᠠᠰᠢᠨ ᠤ᠋ ᠴᠢᠳᠠᠪᠬᠢ ᠶ᠋ᠢ ᠵᠢᠭᠰᠠᠭᠠᠪᠠᠯ᠄ (8) ᠵᠠᠬᠢᠷᠬᠤ ᠲᠠᠯᠠᠪᠠᠢ (ᠬᠠᠯᠠᠭᠴᠤᠳ《ᠲᠣᠬᠢᠷᠠᠭᠤᠯᠭ᠎ᠠ ᠶ᠋ᠢᠨ ᠬᠡᠰᠡᠭ》 ᠭᠡᠳᠡᠭ)᠂ (9) ᠤᠰᠤᠨ ᠤ᠋ ᠲᠦᠪᠰᠢᠨ ᠰᠣᠩᠭᠤᠭᠴᠢ (ᠬᠠᠯᠠᠭᠴᠤᠳ《ᠤᠰᠤᠨ ᠤ᠋ ᠲᠦᠪᠰᠢᠨ ᠲᠣᠬᠢᠷᠠᠭᠤᠯᠤᠭᠴᠢ》ᠭᠡᠳᠡᠭ)᠂ (10) ᠤᠰᠤᠨ ᠤ᠋ ᠳᠤᠯᠠᠭᠠᠨ ᠰᠣᠩᠭᠤᠭᠴᠢ(ᠬᠠᠯᠠᠭᠴᠤᠳ《ᠤᠰᠤᠨ ᠤ᠋ ᠬᠠᠯᠠᠭᠤᠨ ᠲᠣᠬᠢᠷᠠᠭᠤᠯᠤᠭᠴᠢ》ᠭᠡᠳᠡᠭ)᠂ (11) ᠵᠠᠬᠢᠷᠬᠤ ᠲᠣᠪᠴᠢᠯᠠᠭᠤᠷ  (ᠬᠠᠯᠠᠭᠴᠤᠳ《ᠲᠣᠬᠢᠷᠠᠭᠤᠯᠭ᠎ᠠ》 ᠭᠡᠳᠡᠭ)᠂ (12) ᠮᠠᠰᠢᠨ ᠤ᠋ ᠬᠠᠭᠠᠯᠭ᠎ᠠ (ᠬᠠᠯᠠᠭᠴᠤᠳ《ᠳᠠᠭ》 ᠭᠡᠳᠡᠭ)᠁ ᠵᠡᠷᠭᠡ ᠤᠯᠠᠨ ᠡᠯᠸᠮᠸᠨ᠋ᠲ ᠢ᠋ᠶ᠋ᠠᠷ ᠴᠣᠭᠴᠠᠯᠠᠭᠳᠠᠭᠰᠠᠨ ᠪᠠᠭᠠᠵᠢ ᠪᠣᠯᠵᠤ ᠬᠥᠭᠵᠢᠵᠡᠢ᠃

  ᠤᠭᠢᠶᠠᠯᠭ᠎ᠠ ᠶ᠋ᠢᠨ ᠮᠠᠰᠢᠨ ᠳ᠋ᠤ᠌ ᠬᠣᠯᠪᠤᠭᠳᠠᠭᠰᠠᠨ ᠦᠭᠡᠰ ᠢ᠋ ᠠᠵᠢᠭᠯᠠᠬᠤ ᠳ᠋ᠤ᠌᠂ ᠨᠡᠢᠭᠡᠮ ᠦ᠋ᠨ ᠬᠥᠭᠵᠢᠯ ᠨᠢ ᠦᠭᠡᠰ ᠦ᠋ᠨ ᠰᠠᠩ ᠤ᠋ᠨ ᠬᠥᠭᠵᠢᠯ ᠳ᠋ᠤ᠌ ᠰᠢᠢᠳᠪᠦᠷᠢᠯᠡᠭᠴᠢ ᠦᠢᠯᠡᠳᠦᠯ ᠦᠵᠡᠭᠦᠯᠵᠦ ᠪᠠᠢᠨ᠎ᠠ᠃ ᠥᠪᠦᠷ ᠮᠣᠩᠭᠤᠯᠴᠤᠳ ᠴᠦ᠍ ᠲᠡᠷᠡ᠂ ᠬᠠᠯᠠᠭᠴᠤᠳ ᠴᠦ᠍ ᠲᠡᠷᠡ ᠥᠪᠡᠷ ᠥᠪᠡᠷ ᠦ᠋ᠨ ᠣᠨᠴᠠᠯᠢᠭ ᠪᠦᠬᠦᠢ ᠦᠭᠡ ᠵᠣᠬᠢᠶᠠᠳᠠᠭ ᠰᠢᠨᠵᠢ ᠪᠠᠢᠳᠠᠭ ᠬᠡᠳᠦᠢ ᠴᠦ᠍᠂ ᠠᠯᠢ ᠠᠯᠢᠨ ᠨᠢ ᠴᠦ᠍ ᠬᠥᠰᠢᠭᠦᠨ ᠪᠠᠢᠳᠠᠯ ᠲᠠᠢ ᠮᠥᠷᠲᠡᠭᠡᠨ ᠨᠢᠭᠡ ᠰᠠᠢᠨ ᠳᠦᠷᠢᠮᠵᠢᠭᠡ ᠦᠭᠡᠢ ᠪᠠᠢᠭ᠎ᠠ ᠨᠢ ᠢᠯᠡᠬᠡᠨ᠃

  ᠬᠤᠶᠠᠷ᠂ ᠡᠪᠦᠳᠦᠭ ᠲᠣᠭᠤᠷᠢᠭᠰᠠᠨ ᠭᠠᠷ ᠠᠪᠤᠯᠭ᠎ᠠ ᠶ᠋ᠢ ᠰᠢᠨᠡᠴᠢᠯᠡᠬᠦ ᠮᠣᠩᠭᠤᠯ ᠬᠡᠯᠡᠨ ᠤ᠋ ᠪᠣᠯᠤᠮᠵᠢ

  ᠡᠭᠦᠨ ᠳ᠋ᠤ᠌《ᠬᠢᠲᠠᠳ ᠮᠣᠩᠭᠤᠯ ᠲᠣᠯᠢ》( ᠭᠤᠷᠪᠠᠳᠤᠭᠠᠷ ᠬᠡᠪᠯᠡᠯ) ᠪᠠᠷ ᠵᠢᠱ᠌ᠢᠶᠡᠯᠡᠬᠦ ᠨᠢ ᠬᠠᠮᠤᠭ ᠤ᠋ᠨ ᠲᠣᠬᠢᠷᠠᠮᠵᠢᠲᠠᠢ ᠬᠡᠮᠡᠨ ᠦᠵᠡᠵᠦ ᠪᠠᠢᠨ᠎ᠠ᠃ ᠤᠤᠯ ᠲᠣᠯᠢ ᠪᠤᠯ ᠨᠠᠮ ᠤ᠋ᠨ ᠦᠨᠳᠦᠰᠦᠲᠡᠨ ᠤ᠋ ᠲᠦᠷᠥ ᠶ᠋ᠢᠨ ᠪᠣᠳᠤᠯᠭ᠎ᠠ ᠶ᠋ᠢᠨ ᠢᠪᠡᠭᠡᠯ ᠳᠣᠣᠷ᠎ᠠ᠂ ᠥᠪᠦᠷ ᠮᠣᠩᠭᠤᠯ ᠤ᠋ᠨ ᠨᠡᠢᠭᠡᠮ ᠦ᠋ᠨ ᠰᠢᠨᠵᠢᠯᠡᠬᠦ ᠤᠬᠠᠭᠠᠨ ᠤ᠋ ᠬᠦᠷᠢᠶᠡᠯᠡᠩ ᠦ᠋ᠨ ᠮᠣᠩᠭᠤᠯ ᠬᠡᠯᠡ ᠦᠰᠦᠭ ᠪᠢᠴᠢᠭ ᠰᠤᠳᠤᠯᠬᠤ ᠭᠠᠵᠠᠷ ᠤ᠋ᠨ ᠲᠤᠯᠢᠴᠢᠳ ᠤ᠋ᠨ ᠤᠯᠠᠨ ᠵᠢᠯ ᠤ᠋ᠨ ᠲᠤᠷᠰᠢᠬᠢ ᠬᠢᠴᠢᠶᠡᠯ ᠵᠢᠳᠭᠦᠯ ᠢ᠋ ᠳᠠᠮᠵᠢᠵᠦ᠂ ᠡᠭᠦᠳᠦᠨ ᠪᠦᠲᠦᠭᠡᠭᠰᠡᠨ ᠣᠷᠴᠢᠨ ᠦᠶ᠎ᠡ ᠶ᠋ᠢᠨ ᠬᠢᠲᠠᠳ ᠬᠡᠯᠡ ᠶ᠋ᠢ ᠰᠤᠷᠬᠤ ᠪᠣᠯᠤᠨ ᠳᠦᠷᠢᠮᠵᠢᠭᠦᠯᠬᠦ ᠳ᠋ᠤ᠌ ᠬᠠᠮᠤᠭ ᠤ᠋ᠨ ᠴᠢᠬᠤᠯᠠ᠂ ᠬᠠᠮᠤᠭ ᠤ᠋ᠨ ᠦᠨᠳᠦᠰᠦᠨ ᠨᠡᠷ᠎ᠡ ᠬᠦᠨᠳᠦ ᠪᠦᠬᠦᠢ ᠬᠡᠷᠡᠭᠯᠡᠭᠡᠨ ᠤ᠋ ᠨᠣᠮ ᠶᠤᠮ᠃ ᠲᠡᠷᠡ ᠪᠡᠷ ᠲᠤᠬᠠᠢ ᠶ᠋ᠢᠨ ᠦᠶ᠎ᠡ ᠶ᠋ᠢᠨ ᠲᠡᠤᠬᠡᠲᠦ ᠬᠤᠭᠤᠴᠠᠭᠠᠨ ᠳ᠋ᠤ᠌ ᠤᠯᠠᠨ ᠵᠦᠢᠯ ᠦ᠋ᠨ ᠰᠢᠯᠲᠠᠭᠠᠨ ᠠ᠋ᠴᠠ ᠪᠣᠯᠵᠤ᠂ ᠰᠢᠨ᠎ᠡ ᠵᠠᠭᠤᠨ ᠤ᠋ ᠡᠬᠢᠨ ᠪᠣᠯᠲᠠᠯ᠎ᠠ ᠬᠡᠳᠦᠢᠪᠡᠷ ᠰᠢᠯᠢᠳᠡᠭ ᠨᠣᠮ ᠤ᠋ᠨ ᠨᠡᠷ᠎ᠡ ᠶ᠋ᠢ ᠣᠯᠵᠤ ᠴᠢᠳᠠᠭ᠎ᠠ ᠦᠭᠡᠢ ᠴᠦ᠍᠂ 20 ᠳ᠋ᠤᠭᠠᠷ ᠵᠠᠭᠤᠨ ᠤ᠋ ᠵᠢᠷᠠᠭᠠᠳ ᠤᠨ ᠠ᠋ᠴᠠ ᠨᠠᠶᠠᠭᠠᠳ ᠤᠨ ᠬᠦᠷᠲᠡᠯ᠎ᠡ ᠮᠠᠨ ᠤ᠋ ᠤᠯᠤᠰ ᠤ᠋ᠨ ᠨᠠᠢ᠍ᠮᠠᠨ ᠮᠤᠵᠢ ᠣᠷᠤᠨ ᠤ᠋ ᠮᠣᠩᠭᠤᠯ ᠬᠡᠯᠡ ᠬᠡᠷᠡᠭᠯᠡᠳᠡᠭ ᠡᠯ᠎ᠡ ᠱᠠᠲᠤᠨ ᠤ᠋ ᠠᠯᠪᠠᠨ ᠪᠠᠢᠭᠤᠯᠭ᠎ᠠ ᠶ᠋ᠢᠨ ᠠᠵᠢᠯᠲᠠᠳ ᠤ᠋ᠨ ᠬᠢᠲᠠᠳ ᠬᠡᠯᠡᠨ ᠡᠴᠡ ᠮᠣᠩᠭᠤᠯ ᠬᠡᠯᠡ ᠤᠷᠤᠭᠤ ᠣᠷᠴᠢᠭᠤᠯᠬᠤ ᠳ᠋ᠤ᠌ ᠲᠤᠳᠠᠭᠳᠠᠵᠤ ᠪᠣᠯᠤᠰᠢ ᠦᠭᠡᠢ ᠭᠠᠷ ᠠᠪᠤᠯᠭ᠎ᠠ ᠪᠣᠯᠵᠤ᠂ ᠬᠡᠷᠡᠭ ᠳᠡᠭᠡᠷ᠎ᠡ ᠪᠡᠨ ᠥᠷᠭᠡᠨ ᠤᠯᠠᠨ ᠤᠩᠰᠢᠭᠴᠢᠳ ᠤ᠋ᠨ ᠳᠤᠮᠳᠠ ᠳᠤᠲᠠᠭᠳᠠᠵᠤ ᠪᠣᠯᠤᠰᠢ ᠦᠭᠡᠢ ᠪᠠᠢᠷᠢ ᠰᠠᠭᠤᠷᠢ ᠶ᠋ᠢ ᠣᠯᠵᠠᠢ ᠭᠡᠵᠤ ᠪᠣᠯᠤᠨ᠎ᠠ᠃

  《ᠬᠢᠲᠠᠳ ᠮᠣᠩᠭᠤᠯ ᠲᠣᠯᠢ》(ᠭᠤᠷᠪᠠᠳᠤᠭᠠᠷ ᠬᠡᠪᠯᠡᠯ) ᠨᠢ ᠥᠪᠦᠷ ᠮᠣᠩᠭᠤᠯ ᠤ᠋ᠨ ᠨᠡᠢᠭᠡᠮ ᠦ᠋ᠨ ᠰᠢᠨᠵᠢᠯᠡᠬᠦ ᠤᠬᠠᠭᠠᠨ ᠤ᠋ ᠬᠦᠷᠢᠶᠡᠯᠡᠩ ᠬᠢᠭᠡᠳ ᠦᠨᠳᠦᠰᠦᠲᠡᠨ ᠤ᠋ ᠬᠡᠪᠯᠡᠯ ᠦ᠋ᠨ ᠬᠣᠷᠢᠶᠠᠨ ᠤ᠋ ᠬᠠᠮᠲᠤ ᠶ᠋ᠢᠨ ᠠᠵᠢᠯᠯᠠᠭ᠎ᠠ᠂ ᠵᠢᠴᠢ ᠳ᠋᠊·ᠪᠠᠭᠠᠲᠤᠷ᠂ ᠰᠦᠮᠪᠦᠷᠪᠠᠲᠤ ᠨᠠᠷ ᠤ᠋ᠨ ᠰᠡᠳᠭᠢᠯ ᠵᠢᠳᠭᠦᠯ ᠦ᠋ᠨ ᠴᠢᠷᠮᠠᠢᠯᠲᠠ ᠪᠠᠷ ᠡᠳᠦᠭᠡ ᠲᠦᠮᠡᠨ ᠳ᠋ᠤ᠌ ᠪᠡᠨ ᠲᠤᠰᠠᠲᠠᠢ᠂ ᠲᠦᠷᠥ ᠶ᠋ᠢᠨ ᠱᠠᠩᠨᠠᠯ ᠭᠠᠷᠳᠠᠭᠰᠠᠨ ᠭᠠᠷ ᠠᠪᠤᠯᠭ᠎ᠠ ᠪᠣᠯᠤᠭᠠᠳ ᠪᠠᠢᠭ᠎ᠠ ᠤᠴᠢᠷ ᠨᠡᠢᠭᠡᠮ ᠦ᠋ᠨ ᠬᠡᠷᠡᠭᠯᠡᠭᠡᠨ ᠤ᠋ ᠬᠡᠯᠡ ᠰᠢᠨᠵᠢᠯᠡᠯ ᠦ᠋ᠨ ᠡᠭᠦᠳᠡᠨ ᠡᠴᠡ ᠬᠡᠷᠡᠭᠯᠡᠭᠡᠨ ᠤ᠋ ᠬᠡᠯᠡ ᠰᠢᠨᠵᠢᠯᠡᠯ ᠦ᠋ᠨ ᠲᠤᠬᠠᠢ ᠶᠠᠷᠢᠯᠴᠠᠬᠤ ᠳ᠋ᠤ᠌ ᠨᠠᠢᠳᠠᠪᠦᠷᠢᠲᠠᠢ ᠵᠢᠱ᠌ᠢᠶ᠎ᠡ ᠬᠠᠩᠭᠠᠬᠤ ᠴᠤᠷ ᠤ᠋ᠨ ᠭᠠᠭᠴᠠ ᠮᠠᠲ᠋ᠧᠷᠢᠶᠠᠯ ᠪᠣᠯᠵᠤ ᠪᠠᠢᠨ᠎ᠠ᠃ ᠪᠢ ᠡᠨᠡ ᠬᠦ᠌ ᠪᠡᠰᠡᠷᠡᠭᠬᠡᠨ ᠤᠬᠤᠷ ᠥᠭᠦᠯᠡᠯ ᠢ᠋ ᠪᠢᠴᠢᠬᠦ ᠵᠣᠷᠢᠯᠭ᠎ᠠ ᠪᠡᠷ ᠲᠤᠰ ᠲᠣᠯᠢ ᠶ᠋ᠢ ᠤᠬᠠᠭᠠᠯᠠᠭᠰᠠᠨ ᠬᠠᠷᠢᠭᠤᠴᠠᠭᠰᠠᠨ ᠨᠠᠢᠷᠠᠭᠤᠯᠤᠭᠴᠢ ᠰᠦᠮᠪᠦᠷᠪᠠᠲᠤ ᠪᠠᠭᠰᠢ ᠶ᠋ᠢᠨ ᠲᠤᠰ ᠲᠣᠯᠢᠨ ᠳ᠋ᠤ᠌ ᠬᠢᠷᠢ ᠵᠡᠷᠭᠡ ᠬᠦᠴᠦ ᠬᠥᠯᠦᠰᠦ ᠰᠢᠩᠭᠡᠭᠡᠵᠦ ᠠᠵᠢᠯᠯᠠᠭᠰᠠᠨ ᠢ᠋ ᠬᠦᠨᠳᠦᠳᠭᠡᠨ ᠪᠢᠰᠢᠷᠡᠨᠡᠮ᠃ ᠵᠢᠱ᠌ᠢᠶᠡᠯᠡᠪᠡᠯ᠄ ᠬᠢᠲᠠᠳ ᠲᠣᠯᠤᠭᠠᠢ ᠦᠭᠡ ᠶ᠋ᠢᠨ ᠮᠣᠩᠭᠤᠯ ᠣᠨᠤᠭᠠᠯᠲᠠ ᠳ᠋ᠤ᠌ ᠨᠡᠮᠡᠯᠲᠡ᠂ ᠵᠠᠰᠠᠯᠲᠠ ᠬᠢᠭᠰᠡᠨ᠂ ᠮᠣᠩᠭᠤᠯ ᠰᠣᠶᠤᠯ ᠢ᠋ ᠬᠠᠷᠠᠭᠤᠯᠤᠭᠰᠠᠨ ᠬᠡᠯᠡᠴᠡ ᠪᠤᠶᠤ ᠵᠦᠢᠷ ᠰᠡᠴᠡᠨ ᠦᠭᠡ ᠨᠡᠮᠡᠵᠤ ᠣᠷᠤᠭᠤᠯᠤᠭᠰᠠᠨ ᠵᠡᠷᠭᠡ᠃

  ᠬᠤᠷᠢᠶᠠᠩᠭᠤᠢᠯᠠᠪᠠᠯ᠂ ᠳᠡᠭᠡᠷ᠎ᠡ ᠵᠠᠭᠤᠨ ᠤ᠋ 50-60 ᠤᠨ ᠳ᠋ᠤ᠌ ᠮᠣᠩᠭᠤᠯ ᠤᠯᠤᠰ ᠤ᠋ᠨ ᠶᠡᠬᠡ ᠡᠷᠳᠡᠮᠲᠡᠨ ᠪ᠊· ᠷᠢᠨᠴᠢᠨ ᠭᠤᠸᠠᠢ 《ᠥᠭᠡᠳᠡᠯᠡᠵᠦ ᠳᠡᠭᠵᠢᠬᠦ ᠶ᠋ᠢᠨ ᠲᠡᠭᠦᠰ ᠬᠤᠪᠢ ᠲᠠᠢ᠂ ᠤᠷᠭᠤᠨ ᠮᠠᠨᠳᠤᠬᠤ ᠶ᠋ᠢᠨ ᠰᠢᠨᠵᠢ ᠪᠦᠷᠢᠳᠦᠭᠰᠡᠨ ᠡᠪᠦᠭᠡᠳ ᠦ᠋ᠨ ᠮᠠᠨᠢ ᠬᠡᠯᠡ!》 ᠭᠡᠵᠦ ᠰᠤᠷᠭᠠᠮᠵᠢᠯᠠᠭᠰᠠᠨ ᠢ᠋ᠶ᠋ᠠᠷ ᠦᠯᠦ ᠪᠠᠷᠠᠮ ᠮᠣᠩᠭᠤᠯ ᠬᠡᠯᠡᠨ ᠤ᠋ 《ᠦᠭᠡ ᠶ᠋ᠢᠨ ᠵᠦᠢᠯ ᠢ᠋ ᠪᠦᠲᠦᠭᠦᠪᠴᠢᠯᠡᠪᠡᠯ ᠨᠢᠭᠡ ᠪᠤᠮ ᠤ᠋ᠨ ᠦᠭᠡ ᠪᠠᠷᠲᠠᠭ᠎ᠠ ᠪᠠᠷ ᠪᠤᠢ ᠭᠡᠵᠤ ᠪᠣᠯᠤᠨ᠎ᠠ᠃ ᠪᠤᠮ ᠭᠡᠵᠤ ᠠᠷᠪᠠᠨ ᠲᠦᠮᠡ ᠪᠤᠶᠤ ᠵᠠᠭᠤᠨ ᠮᠢᠩᠭᠠᠨ ᠦᠭᠡ ᠠᠵᠠᠢ》ᠭᠡᠵᠦ ᠬᠡᠯᠡᠵᠡᠢ᠃ ᠣᠷᠴᠢᠮᠬᠠᠨ ᠪᠠᠷᠠᠭᠤᠨ ᠬᠣᠢᠲᠤ ᠶ᠋ᠢᠨ ᠦᠨᠳᠦᠰᠦᠲᠡᠨ ᠤ᠋ ᠶᠡᠬᠡ ᠰᠤᠷᠭᠠᠭᠤᠯᠢ ᠶ᠋ᠢᠨ ᠫᠷᠣᠹᠧᠰᠰᠣᠷ ᠴᠠ᠊· ᠴᠣᠢᠳᠠᠨᠳᠠᠷ ᠭᠤᠸᠠᠢ ᠶ᠋ᠢᠨ ᠲᠤᠭᠤᠷᠪᠢᠭᠰᠠᠨ ᠳᠣᠷᠪᠢᠲᠠᠢ ᠪᠦᠲᠦᠭᠡᠯ ᠢ᠋ ᠤᠩᠰᠢᠬᠤ ᠶᠠᠪᠤᠴᠠ ᠳ᠋ᠤ᠌ ᠡᠷᠳᠡᠮᠲᠡᠨ ᠵᠣᠬᠢᠶᠠᠭᠴᠢ ᠪᠠᠷ ᠪᠦᠲᠦᠭᠡᠯ ᠢ᠋ᠶ᠋ᠡᠨ ᠭᠤᠴᠢᠭᠠᠳ ᠵᠢᠯ ᠮᠣᠩᠭᠤᠯ ᠵᠠᠩ ᠦᠢᠯᠡ᠂ ᠬᠡᠯᠡ ᠶᠠᠷᠢᠶᠠᠨ ᠳ᠋ᠤ᠌ ᠬᠡᠭᠡᠷ᠎ᠡ ᠶ᠋ᠢᠨ ᠪᠠᠢᠴᠠᠭᠠᠯᠲᠠ ᠬᠢᠭᠰᠡᠨ ᠨᠦᠦᠷ ᠶᠡᠬᠡ ᠬᠥᠳᠡᠯᠮᠦᠷᠢ ᠶ᠋ᠢᠨ ᠦᠷ᠎ᠡ ᠳ᠋ᠦᠩ ᠳ᠋ᠤ᠌《ᠨᠠᠷᠠ ᠰᠠᠯᠬᠢᠨ ᠳ᠋ᠤ᠌ ᠬᠠᠷᠠᠯᠠᠵᠤ ᠪᠣᠷᠤᠯᠠᠭᠰᠠᠨ ᠮᠠᠯᠴᠢᠨ ᠡᠪᠦᠭᠡᠳ ᠡᠮᠡᠭᠡᠳ ᠪᠣᠯᠪᠠᠴᠤ ᠮᠣᠩᠭᠤᠯ ᠰᠣᠶᠤᠯ ᠤ᠋ᠨ ᠶᠡᠬᠡ ᠪᠠᠭᠰᠢ᠂ ᠲᠣᠮᠤ ᠨᠣᠮ ᠤ᠋ᠨ ᠰᠠᠩᠴᠢ᠂ ᠠᠭᠤᠳᠠᠯᠵᠤ ᠪᠠᠷᠠᠰᠢ ᠦᠭᠡᠢ ᠠᠯᠲᠠ ᠲᠠᠢ ᠪᠣᠷᠤ ᠠᠪᠳᠠᠷ᠎ᠠ ᠪᠤᠶᠤ》 ᠬᠡᠮᠡᠨ ᠶᠠᠷᠢᠵᠠᠢ᠃ ᠠᠭᠤᠳᠠᠯᠵᠤ ᠪᠠᠷᠠᠰᠢ ᠦᠭᠡᠢ《ᠠᠯᠲᠠ ᠲᠠᠢ ᠪᠣᠷᠤ ᠠᠪᠳᠠᠷ᠎ᠠ》 ᠭᠡᠳᠡᠭ ᠨᠢ ᠲᠥᠷᠦᠯᠬᠢ ᠬᠡᠯᠡᠨ ᠤ᠋ ᠮᠠᠨᠢ ᠤᠯᠠᠮᠵᠢᠯᠠᠯᠲᠤ ᠰᠣᠶᠤᠯ ᠶᠤᠮ᠃ ᠠᠢᠯ ᠠ᠋ᠴᠠ ᠡᠷᠢᠬᠦ ᠶ᠋ᠢᠨ ᠣᠷᠤᠨ ᠳ᠋ᠤ᠌ ᠠᠪᠳᠠᠷ᠎ᠠ ᠠ᠋ᠴᠠ ᠪᠠᠨ ᠡᠷᠢᠬᠦ ᠶᠣᠰᠤ ᠡᠨᠡ ᠪᠢᠯᠡ ᠤᠤ!

                                                                      ᠥᠪᠦᠷ ᠮᠣᠩᠭᠤᠯ ᠤ᠋ᠨ ᠡᠳᠦᠷ ᠦ᠋ᠨ ᠰᠣᠨᠢᠨ ᠠ᠋ᠴᠠ ᠰᠢᠯᠵᠢᠭᠦᠯᠦᠨ ᠨᠡᠢᠲᠡᠯᠡᠪᠡ

                                                                      ᠵᠣᠬᠢᠶᠠᠭᠴᠢ᠄ ᠪᠤᠤ ᠰᠡᠴᠡᠨ

 

(ᠬᠠᠷᠢᠭᠤᠴᠠᠭᠰᠠᠨ ᠨᠠᠢᠷᠠᠭᠤᠯᠤᠭᠴᠢ : ᠤᠷᠢᠬᠠᠨ)

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠦᠪᠦᠷ
ᠮᠤᠩᠭ᠋ᠤᠯ ᠤᠨ
ᠬᠡᠪᠯᠡᠯ ᠤ᠋ᠨ
ᠪᠦᠯᠦᠭᠯᠡᠯ
ᠬᠡᠪᠯᠡᠯ ᠤ᠋ᠨ
ᠡᠷᠬᠡ ᠲᠡᠢ
ᠦᠪᠦᠷ
ᠮᠤᠩᠭ᠋ᠤᠯ ᠤᠨ
ᠮᠤᠨᠢ
ᠨᠡᠷᠡᠮᠵᠢᠲᠦ
ᠰᠤᠶᠤᠯ ᠤᠨ
ᠵᠠᠭᠤᠴᠢ
ᠪᠦᠷᠢᠨ 
ᠪᠤᠰᠤ
ᠬᠠᠷᠢᠭᠤᠴᠠᠯᠭᠠᠳᠤ 
ᠺᠤᠮᠫᠠᠨᠢ
ᠲᠦᠰᠦᠪᠯᠡᠨ
ᠦᠢᠯᠡᠳᠪᠡ
ᠦᠪᠦᠷ
ᠮᠤᠩᠭ᠋ᠤᠯ ᠤᠨ
ᠳᠡᠯᠡᠬᠡᠢ
ᠮᠡᠳᠡᠭᠡ
ᠵᠠᠩᠬᠢ
ᠮᠡᠷᠭᠡᠵᠢᠯ ᠤᠨ
ᠬᠢᠵᠠᠭᠠᠷᠲᠤ
ᠺᠤᠮᠫᠠᠨᠢ
ᠮᠡᠷᠭᠡᠵᠢᠯ
ᠬᠠᠩᠭ᠋ᠠᠪᠠ
ᠬᠠᠶᠢ᠍ᠭ᠄
ᠦᠪᠦᠷ
ᠮᠤᠩᠭ᠋ᠤᠯ ᠤᠨ
ᠦᠪᠡᠷᠲᠡᠭᠡᠨ
ᠵᠠᠰᠠᠬᠤ
ᠤᠷᠤᠨ ᠤ
ᠬᠦᠬᠡᠬᠤᠳᠠ ᠵᠢᠨ ᠰᠢᠨ᠎ᠡ
ᠬᠤᠲᠠ
ᠲᠤᠭᠤᠷᠢᠭ ᠤᠨ
ᠰᠢᠩᠬᠤᠸᠠ
ᠵᠡᠬᠦᠨ
ᠵᠡᠭᠡᠯᠢ ᠵᠢᠨ
89ᠨᠤᠮᠧᠷ
ᠦᠪᠤᠷ
ᠮᠤᠩᠭ᠋ᠤᠯ ᠤᠨ
ᠬᠡᠪᠯᠡᠯ ᠤᠨ
ᠪᠦᠯᠦᠭᠯᠡᠯ
蒙ICP 备0500604