ᠨᠠᠢᠷᠠᠭᠤᠯᠤᠭᠴᠢ ᠶ᠋ᠢᠨ ᠬᠡᠪ ᠰᠤᠷᠲᠠᠯ ᠤ᠋ᠨ ᠲᠤᠬᠠᠢ ᠥᠭᠦᠯᠡᠬᠦ ᠨᠢ
2019.06.28

  ᠨᠢᠭᠡ᠂ ᠨᠠᠢᠷᠠᠭᠤᠯᠤᠭᠴᠢ ᠪᠣᠯᠬᠤ ᠦᠨᠳᠦᠰᠦᠨ ᠱᠠᠭᠠᠷᠳᠠᠯᠭ᠎ᠠ ᠪᠠ ᠴᠢᠳᠠᠪᠤᠷᠢ

  ᠨᠢᠭᠡᠨ ᠰᠠᠢᠨ ᠨᠠᠢᠷᠠᠭᠤᠯᠤᠭᠴᠢ ᠪᠣᠯᠬᠤ ᠳ᠋ᠤ᠌ ᠵᠠᠪᠠᠯ ᠥᠷᠭᠡᠨ ᠳᠡᠯᠭᠡᠷ ᠮᠡᠳᠡᠯᠭᠡ᠂ ᠮᠡᠳᠡᠭᠡ ᠵᠠᠩᠭᠢ ᠶ᠋ᠢ ᠣᠨᠤᠪᠴᠢᠲᠠᠢ ᠰᠡᠷᠡᠵᠦ ᠮᠡᠳᠡᠬᠦ ᠪᠠ ᠦᠭᠡ ᠬᠡᠯᠡ ᠦᠰᠦᠭ ᠪᠢᠴᠢᠭ ᠦ᠋ᠨ ᠪᠠᠲᠤᠲᠠᠢ ᠰᠠᠭᠤᠷᠢ ᠪᠠᠢᠬᠤ ᠬᠡᠷᠡᠭᠲᠡᠢ᠃

  1. ᠥᠷᠭᠡᠨ ᠳᠡᠯᠭᠡᠷ ᠮᠡᠳᠡᠯᠭᠡ ᠲᠠᠢ ᠪᠠᠢᠬᠤ

  ᠨᠠᠢᠷᠠᠭᠤᠯᠤᠭᠴᠢ ᠬᠥᠮᠦᠰ ᠳᠠᠩᠲᠠᠪᠦᠬᠦᠨ ᠢ᠋ ᠮᠡᠷᠭᠡᠰᠢᠭᠰᠡᠳᠭᠡᠵᠤ ᠬᠣᠱᠤᠩᠨᠠᠭᠳᠠᠳᠠᠭ᠃ ᠮᠢᠨᠦ ᠣᠢᠯᠠᠭᠠᠬᠤ ᠪᠠᠷ᠂ ᠡᠨᠡ ᠨᠢ ᠦᠨᠡᠨ ᠳ᠋ᠤ᠌ ᠪᠠᠨ ᠮᠠᠭᠤᠰᠢᠶᠠᠭᠰᠠᠨ ᠤᠳᠭ᠎ᠠ ᠲᠠᠢ ᠦᠭᠡ᠂ ᠶᠠᠭᠤ ᠪᠦᠬᠦᠨ ᠢ᠋ ᠪᠦᠷ ᠪᠠᠭ᠎ᠠ ᠰᠠᠭ᠎ᠠ ᠮᠡᠳᠡᠬᠦ ᠪᠣᠯᠪᠠᠴᠤ ᠲᠤᠭᠤᠰᠢᠲᠠᠢ ᠮᠡᠳᠡᠵᠦ ᠴᠢᠳᠠᠬᠤ ᠦᠭᠡᠢ ᠭᠡᠰᠡᠨ ᠤᠳᠭ᠎ᠠ ᠲᠠᠢ᠃ ᠨᠠᠢᠷᠠᠭᠤᠯᠬᠤ ᠠᠵᠢᠯ ᠢ᠋ ᠰᠠᠢᠲᠤᠷ ᠬᠢᠬᠦ ᠳ᠋ᠦ᠍ ᠮᠡᠳᠡᠯᠭᠡ ᠶ᠋ᠢᠨ ᠬᠦᠷᠢᠶ᠎ᠡ ᠬᠡᠪᠴᠢᠶ᠎ᠡ ᠪᠡᠨ ᠡᠷᠬᠡᠪᠰᠢ ᠥᠷᠭᠡᠨ ᠪᠠᠢᠯᠭᠠᠬᠤ ᠬᠡᠷᠡᠭᠲᠠᠢ᠂ ᠢᠩᠭᠢᠪᠡᠯ ᠰᠠᠶᠢ ᠡᠬᠡ ᠪᠢᠴᠢᠭ ᠡᠴᠡ ᠲᠤᠰᠭᠠᠢ ᠮᠡᠷᠭᠡᠵᠢᠯ ᠦ᠋ᠨ ᠴᠢᠨᠠᠷᠲᠠᠢ ᠠᠯᠳᠠᠭ᠎ᠠ ᠪᠠ ᠶᠡᠷᠦ ᠶ᠋ᠢᠨ ᠮᠡᠳᠡᠯᠭᠡ ᠶ᠋ᠢᠨ ᠴᠢᠨᠠᠷᠲᠠᠢ ᠠᠯᠳᠠᠭ᠎ᠠ ᠶ᠋ᠢ ᠢᠯᠡᠷᠡᠭᠦᠯᠵᠦ ᠴᠢᠳᠠᠨ᠎ᠠ᠃ ᠨᠠᠢᠷᠠᠭᠤᠯᠤᠭᠴᠢ ᠮᠡᠳᠡᠯᠭᠡ ᠶ᠋ᠢᠨ ᠲᠠᠯ᠎ᠠ ᠪᠠᠷ᠂ ᠨᠢᠭᠡ ᠵᠤᠢᠯ ᠳ᠋ᠤ᠌ ᠮᠡᠷᠭᠡᠰᠢᠵᠤ ᠣᠯᠠᠨ ᠲᠠᠯ᠎ᠠ ᠶ᠋ᠢ ᠬᠠᠮᠤᠷᠤᠨ᠎ᠠ᠂ ᠬᠠᠷᠢᠨ ᠪᠦᠬᠦ ᠲᠠᠯ᠎ᠠ ᠪᠠᠷ ᠪᠦᠷ ᠨᠡᠯᠢᠶᠠᠳ ᠮᠡᠷᠭᠡᠰᠢᠬᠦ ᠪᠢᠰᠢ᠃ ᠡᠢᠮᠦ ᠡᠴᠡ ᠨᠢᠭᠡᠨ ᠬᠢᠷᠢ ᠲᠡᠩᠴᠡᠭᠰᠡᠨ ᠨᠠᠢᠷᠠᠭᠤᠯᠤᠭᠴᠢ  ᠪᠣᠯᠤᠶ᠎ᠠ ᠭᠡᠪᠡᠯ ᠡᠷᠬᠡᠪᠰᠢ ᠣᠯᠠᠨ ᠨᠣᠮ  ᠤᠩᠰᠢᠵᠤ᠂ ᠣᠯᠠᠨ ᠲᠠᠯ᠎ᠠ ᠶ᠋ᠢᠨ ᠮᠡᠳᠡᠯᠭᠡ ᠲᠠᠢ ᠪᠠᠢᠬᠤ ᠬᠡᠷᠡᠭᠲᠡᠢ᠃

  2.ᠰᠤᠷᠠᠭ ᠵᠠᠩᠭᠢ ᠶ᠋ᠢ ᠣᠨᠤᠪᠴᠢᠲᠠᠢ ᠡᠵᠡᠮᠰᠢᠬᠦ

  ᠨᠠᠢᠷᠠᠭᠤᠯᠬᠤ ᠠᠵᠢᠯ ᠤ᠋ᠨ ᠲᠡᠷᠢᠭᠦᠨ ᠴᠢᠬᠤᠯᠠ ᠠᠵᠢᠯ ᠨᠢ ᠳᠠᠷᠤᠢ ᠰᠡᠳᠦᠪ ᠰᠣᠩᠭᠤᠯᠲᠠ ᠪᠣᠯᠤᠨ᠎ᠠ᠂ ᠰᠡᠳᠦᠪ ᠰᠣᠩᠭᠤᠯᠲᠠ ᠠᠮᠵᠢᠯᠲᠠ ᠣᠯᠬᠤ ᠡᠰᠡᠬᠦ ᠨᠢ ᠨᠡᠯᠢᠶᠡᠳ ᠶᠡᠬᠡ ᠬᠡᠮᠵᠢᠶᠠᠨ ᠳᠡᠭᠡᠷ᠎ᠡ ᠪᠡᠨ ᠨᠣᠮ ᠤ᠋ᠨ ᠲᠠᠷᠬᠠᠯᠲᠠ ᠶ᠋ᠢᠨ ᠬᠡᠮᠵᠢᠶ᠎ᠡ ᠪᠠ ᠬᠡᠪᠯᠡᠯ ᠦ᠋ᠨ ᠬᠣᠷᠢᠶ᠎ᠠ ᠶ᠋ᠢᠨ ᠢᠷᠡᠭᠡᠳᠦᠢ ᠲᠠᠢ ᠬᠣᠯᠪᠤᠭᠳᠠᠵᠤ ᠪᠠᠢᠭ᠎ᠠ ᠴᠢᠬᠤᠯᠠ ᠠᠰᠠᠭᠤᠳᠠᠯ᠃ ᠨᠢᠭᠡᠨ ᠠᠮᠵᠢᠯᠲᠠ ᠲᠠᠢ ᠰᠡᠳᠦᠪ ᠰᠣᠩᠭᠤᠯᠲᠠ ᠨᠢ ᠰᠤᠷᠠᠭ ᠵᠠᠩᠭᠢ ᠶ᠋ᠢ ᠣᠨᠤᠪᠴᠢᠲᠠᠢ ᠠᠳᠭᠤᠬᠤ ᠳᠡᠭᠡᠷ᠎ᠡ ᠪᠣᠢ ᠪᠣᠯᠳᠠᠭ᠃ ᠡᠩ ᠲᠡᠷᠢᠭᠦᠨ ᠳ᠋ᠤ᠌᠂ ᠰᠡᠳᠦᠪ ᠰᠤᠩᠭᠤᠬᠤ ᠦᠨᠳᠦᠰᠦᠯᠡᠯ ᠢ᠋ᠶ᠋ᠡᠨ ᠳᠤᠷᠠᠳᠤᠨ᠎ᠠ; ᠳᠠᠷᠠᠭ᠎ᠠ ᠨᠢ᠂ ᠤᠯᠤᠰ ᠤ᠋ᠨ ᠳᠣᠲᠤᠭᠠᠳᠤ ᠭᠠᠳᠠᠭᠠᠳᠤ ᠳ᠋ᠡᠬᠢ ᠡᠢᠮᠦᠷᠬᠦᠦ ᠰᠡᠳᠦᠪ ᠰᠣᠩᠭᠤᠯᠲᠠ ᠶ᠋ᠢᠨ ᠪᠠᠢᠳᠠᠯ᠂ ᠲᠥᠷᠦ ᠶ᠋ᠢᠨ ᠪᠣᠳᠤᠯᠭ᠎ᠠ ᠨᠢ ᠡᠢᠮᠦᠷᠬᠦᠦ ᠰᠡᠳᠦᠪ ᠰᠣᠩᠭᠤᠯᠲᠠ ᠳ᠋ᠤ᠌ ᠶᠠᠮᠠᠷ ᠱᠠᠭᠠᠷᠳᠠᠯᠭ᠎ᠠ ᠲᠠᠢ ᠪᠠᠢᠬᠤ᠂ ᠡᠢᠮᠦᠷᠬᠦᠦ ᠰᠡᠳᠦᠪ ᠰᠣᠩᠭᠤᠯᠲᠠ ᠶ᠋ᠢ ᠳᠤᠷᠠᠳᠴᠤ ᠭᠠᠷᠭᠠᠭᠰᠠᠨ ᠳᠣᠬᠢᠶᠠᠯᠲᠤᠯ ᠨᠢ ᠶᠠᠭᠤ ᠪᠣᠯᠬᠤ ᠶ᠋ᠢ ᠰᠢᠨᠵᠢᠯᠡᠵᠦ ᠰᠤᠳᠤᠯᠬᠤ ᠬᠡᠷᠡᠭᠲᠠᠢ; ᠭᠤᠷᠪᠠ ᠳ᠋ᠤ᠌᠂ ᠵᠣᠬᠢᠶᠠᠭᠴᠢ ᠶ᠋ᠢᠨ ᠪᠠᠢᠳᠠᠯ ᠢ᠋ ᠣᠢᠯᠠᠭᠠᠨ᠎ᠠ᠂ ᠳᠠᠷᠤᠢ ᠵᠣᠬᠢᠶᠠᠭᠴᠢ ᠶᠠᠮᠠᠷ ᠨᠣᠮ ᠬᠡᠪᠯᠡᠵᠦ ᠥᠩᠭᠡᠷᠡᠭᠰᠡᠨ᠂ ᠲᠠᠷᠬᠠᠯᠲᠠ ᠨᠢ ᠶᠠᠮᠠᠷ ᠵᠡᠷᠭᠡ᠂ ᠵᠣᠬᠢᠶᠠᠭᠴᠢ ᠶ᠋ᠢᠨ ᠨᠦᠯᠦᠭᠡᠯᠡᠬᠦ ᠬᠦᠴᠦᠨ ᠵᠡᠷᠭᠡ ᠶ᠋ᠢ ᠪᠠᠭᠲᠠᠭᠠᠨ᠎ᠠ; ᠳᠥᠷᠪᠡ ᠳ᠋ᠦ᠍᠂ ᠰᠡᠳᠦᠪ ᠰᠣᠩᠭᠤᠯᠲᠠ ᠶ᠋ᠢᠨ ᠤᠩᠰᠢᠭᠴᠢ ᠡᠲᠡᠭᠡᠳ᠃ ᠡᠳᠡᠭᠡᠷ ᠪᠣᠯ ᠴᠥᠮ ᠰᠠᠢᠨ ᠰᠡᠳᠦᠪ ᠰᠣᠩᠭᠤᠯᠲᠠ ᠲᠣᠭᠲᠠᠭᠠᠬᠤ ᠠ᠋ᠴᠠ ᠡᠮᠦᠨᠡᠬᠢ ᠡᠵᠡᠮᠰᠢᠬᠦ ᠴᠢᠬᠤᠯᠠ ᠲᠠᠢ ᠰᠤᠷᠠᠭ ᠵᠠᠩᠭᠢ ᠪᠣᠯᠤᠨ᠎ᠠ᠃ ᠬᠠᠷᠢᠨ ᠨᠢᠭᠡᠨ ᠬᠡᠪᠯᠡᠯ ᠦ᠋ᠨ ᠨᠢᠭᠡᠴᠢ ᠳ᠋ᠦ᠍ ᠠᠪᠴᠦ ᠬᠡᠯᠡᠪᠡᠯ᠂ ᠣᠨᠤᠪᠴᠢᠲᠠᠢ ᠰᠤᠷᠠᠭ ᠵᠠᠩᠭᠢ ᠨᠢ ᠲᠤᠰ ᠬᠡᠪᠯᠡᠯ ᠦ᠋ᠨ ᠬᠣᠷᠢᠶ᠎ᠠ ᠶ᠋ᠢᠨ ᠬᠡᠪᠯᠡᠯ ᠦ᠋ᠨ ᠴᠢᠭᠯᠡᠯ ᠪᠠ ᠬᠥᠭᠵᠢᠯᠲᠡ ᠶ᠋ᠢ ᠨᠥᠯᠦᠭᠡᠯᠡᠵᠦ ᠪᠠᠢᠳᠠᠭ᠃

  3.ᠯᠠᠪᠳᠠᠭᠤᠨ ᠪᠠᠲᠤᠲᠠᠢ ᠦᠰᠦᠭ ᠪᠢᠴᠢᠭ ᠦ᠋ᠨ ᠰᠠᠭᠤᠷᠢ

  ᠨᠣᠮ ᠤ᠋ᠨ ᠰᠠᠢᠨ ᠮᠠᠭᠤ ᠨᠢ ᠨᠠᠢᠷᠠᠭᠤᠯᠬᠤ ᠶᠠᠰᠤ ᠴᠢᠨᠠᠷ ᠲᠠᠢ ᠬᠣᠯᠪᠤᠭ᠎ᠠ ᠲᠠᠢ᠃ ᠨᠣᠮ ᠨᠠᠢᠷᠠᠭᠤᠯᠤᠭᠰᠠᠨ ᠶᠠᠰᠤ ᠴᠢᠨᠠᠷ ᠤ᠋ᠨ ᠬᠢᠷᠢ ᠲᠡᠩᠴᠡᠯᠲᠡ ᠶ᠋ᠢ ᠦᠰᠦᠭ ᠦ᠋ᠨ ᠲᠣᠭᠠᠨ ᠤ᠋ ᠲᠦᠮᠡᠨ ᠦ᠌ ᠨᠢᠭᠡ ᠬᠤᠪᠢ ᠪᠠᠷ ᠪᠣᠳᠤᠳᠠᠭ᠂ ᠡᠨᠡ ᠨᠢ ᠨᠠᠢᠷᠠᠭᠤᠯᠬᠤ ᠠᠵᠢᠯ ᠨᠢ ᠦᠭᠡ ᠬᠡᠯᠡ ᠦᠰᠦᠭ ᠪᠢᠴᠢᠭ ᠲᠦ᠍ ᠮᠠᠰᠢ ᠥᠨᠳᠦᠷ ᠱᠠᠭᠠᠷᠳᠠᠯᠭ᠎ᠠ ᠲᠠᠢ ᠭᠡᠰᠡᠨ ᠢ᠋ ᠢᠯᠡᠳᠭᠡᠵᠦ ᠪᠤᠢ᠃ ᠨᠢᠭᠡ ᠳ᠋ᠦ᠍᠂ ᠬᠡᠯᠡᠨ ᠵᠦᠢ ᠶ᠋ᠢ ᠡᠷᠬᠡᠪᠰᠢ ᠰᠠᠢᠲᠤᠷ ᠡᠵᠡᠮᠰᠢᠬᠦ ᠬᠡᠷᠡᠭᠲᠡᠢ᠃ ᠬᠡᠯᠡᠨ ᠵᠦᠢ ᠶ᠋ᠢ ᠰᠠᠢᠲᠤᠷ ᠡᠵᠡᠮᠰᠢᠬᠦ ᠳ᠋ᠦ᠍ ᠨᠡᠷᠡᠲᠦ ᠬᠥᠮᠦᠰ ᠦ᠋ᠨ ᠨᠣᠮ ᠵᠣᠬᠢᠶᠠᠯ ᠢ᠋ ᠢᠯᠡᠭᠦᠦ ᠤᠩᠰᠢᠨ᠎ᠠ᠃ ᠪᠢᠳᠡ ᠨᠠᠢᠷᠠᠭᠤᠯᠬᠤ ᠶᠠᠪᠤᠴᠠ ᠳ᠋ᠤ᠌ ᠳᠠᠷᠤᠢᠬᠠᠨ ᠪᠠᠢᠵᠤ᠂ ᠮᠠᠳᠠᠭ ᠲᠠᠢ ᠠᠰᠠᠭᠤᠳᠠᠯ ᠳᠣᠬᠢᠶᠠᠯᠳᠤᠪᠠᠯ ᠡᠷᠬᠡᠪᠰᠢ ᠳᠠᠷᠤᠢ ᠳ᠋ᠤᠨᠢ ᠲᠣᠯᠢ ᠪᠢᠴᠢᠭ ᠡᠷᠢᠬᠦ ᠬᠡᠷᠡᠭᠲᠡᠢ᠃ ᠬᠣᠶᠠᠷ ᠲᠤ᠌᠂ ᠨᠠᠢᠷᠠᠭᠤᠯᠭ᠎ᠠ ᠵᠦᠢ ᠶ᠋ᠢᠨ ᠬᠠᠮᠢᠶ᠎ᠠ ᠲᠠᠢ ᠨᠣᠮ ᠢ᠋ ᠢᠯᠡᠭᠦᠦ ᠤᠩᠰᠢᠨ᠎ᠠ᠃ ᠭᠤᠷᠪᠠ ᠳ᠋ᠤ᠌᠂ ᠯᠣᠭᠢᠭ ᠰᠡᠳᠭᠢᠬᠦᠢ ᠶ᠋ᠢ ᠠᠩᠬᠠᠷᠬᠤ ᠬᠡᠷᠡᠭᠲᠡᠢ᠂ ᠡᠬᠡ ᠪᠢᠴᠢᠭ ᠨᠠᠢᠷᠠᠭᠤᠯᠬᠤ ᠶᠠᠪᠤᠴᠠ ᠳ᠋ᠤ᠌᠂ ᠯᠣᠭᠢᠭ ᠤ᠋ᠨ ᠬᠠᠷᠢᠴᠠᠭ᠎ᠠ ᠶ᠋ᠢ ᠠᠩᠬᠠᠷᠬᠤ ᠬᠡᠷᠡᠭᠲᠡᠢ᠃ ᠳᠥᠷᠪᠡ ᠳ᠋ᠦ᠍᠂ ᠲᠣᠯᠢ ᠪᠢᠴᠢᠭ ᠢᠯᠡᠭᠦᠦ ᠤᠷᠪᠠᠭᠤᠯᠤᠨ᠎ᠠ᠃ ᠦᠰᠦᠭ ᠪᠢᠴᠢᠭ ᠦ᠋ᠨ ᠰᠠᠭᠤᠷᠢ ᠶ᠋ᠢ ᠯᠠᠪᠳᠠᠭᠤᠨ ᠪᠣᠯᠭᠠᠶ᠎ᠠ ᠭᠡᠪᠡᠯ ᠢᠯᠡᠭᠦᠦ ᠤᠩᠰᠢᠵᠤ᠂ ᠢᠯᠡᠭᠦᠦ ᠰᠣᠨᠤᠰᠴᠦ᠂ ᠢᠯᠡᠭᠦᠦ ᠶᠠᠪᠤᠵᠤ᠂ ᠢᠯᠡᠭᠦᠦ ᠪᠢᠴᠢᠬᠦ ᠬᠡᠷᠡᠭᠲᠠᠢ᠃ ᠳᠠᠷᠤᠢ ᠨᠣᠮ ᠪᠢᠴᠢᠭ ᠰᠣᠨᠢᠨ ᠰᠡᠳᠭᠦᠯ ᠢᠯᠡᠭᠦᠦ ᠤᠩᠰᠢᠵᠤ᠂ ᠲᠤᠰᠭᠠᠢ ᠮᠡᠷᠭᠡᠵᠢᠯᠲᠡᠨ ᠦ᠌ ᠬᠢᠴᠢᠶᠡᠯ᠂ ᠤᠩᠰᠢᠭᠴᠢᠳ ᠤ᠋ᠨ ᠬᠠᠷᠢᠭᠤ ᠳᠤᠰᠭᠠᠯ᠂ ᠤᠳᠤᠷᠢᠳᠤᠯᠭ᠎ᠠ ᠪᠠ ᠬᠠᠮᠲᠦ ᠠᠵᠢᠯᠯᠠᠭᠰᠠᠳ ᠤ᠋ᠨ ᠰᠠᠨᠠᠯ ᠢ᠋ ᠢᠯᠡᠭᠦᠦ ᠰᠣᠨᠤᠰᠴᠦ᠂ ᠢᠯᠡᠭᠦᠦ ᠪᠠᠢᠴᠠᠭᠠᠨ ᠰᠤᠳᠤᠯᠤᠯᠲᠠ ᠬᠢᠵᠤ᠂ ᠥᠪᠡᠷ ᠦ᠋ᠨ ᠪᠣᠳᠤᠯ ᠰᠠᠨᠠᠯ ᠢ᠋ᠶ᠋ᠠᠨ ᠢᠯᠡᠭᠦᠦ ᠪᠢᠴᠢᠵᠦ ᠢᠯᠡᠳᠭᠡᠬᠦ ᠶ᠋ᠢ ᠶᠠᠷᠢᠵᠤ ᠪᠤᠢ᠃

  ᠬᠣᠶᠠᠷ᠂ ᠨᠠᠢᠷᠠᠭᠤᠯᠤᠭᠴᠢ ᠳ᠋ᠤ᠌ ᠪᠠᠢᠪᠠᠰᠤ ᠵᠣᠬᠢᠬᠤ ᠰᠤᠷᠲᠠᠯ ᠪᠠ ᠲᠤᠬᠠᠢᠯᠠᠭᠰᠠᠨ ᠠᠵᠢᠯ ᠤ᠋ᠨ ᠶᠣᠰᠤ ᠮᠤᠷᠠᠯ ᠰᠤᠷᠲᠠᠯ

  ᠨᠠᠢᠷᠠᠭᠤᠯᠬᠤ ᠠᠵᠢᠯ ᠢ᠋ ᠲᠤᠢᠯ ᠤ᠋ᠨ ᠨᠠᠷᠢᠨ ᠬᠢᠨᠠᠮᠠᠭᠠᠢ᠂ ᠴᠢᠩᠭ᠎ᠠ ᠬᠠᠷᠢᠭᠤᠴᠠᠯᠭ᠎ᠠ ᠲᠠᠢ ᠬᠢᠬᠦ ᠠᠵᠢᠯ ᠤ᠋ᠨ ᠰᠤᠷᠲᠠᠯ ᠪᠠᠢᠬᠤ ᠬᠡᠷᠡᠭᠲᠠᠢ᠃ ᠪᠢᠳᠡ ᠶᠠᠮᠠᠷᠪᠠ ᠡᠬᠡ ᠪᠢᠴᠢᠭ ᠦ᠋ᠨ ᠠᠭᠤᠯᠭ᠎ᠠ᠂ ᠮᠠᠲ᠋ᠧᠷᠢᠶᠠᠯ᠂ ᠦᠰᠦᠭ ᠪᠢᠴᠢᠭ᠂ ᠬᠡᠯᠡᠨ ᠵᠦᠢ᠂ ᠴᠡᠭ ᠲᠡᠮᠲᠡᠭ᠂ ᠵᠡᠭᠦᠯᠲᠡ ᠲᠠᠢᠯᠪᠤᠷᠢ ᠵᠡᠷᠭᠡ ᠶ᠋ᠢ ᠴᠥᠮ ᠳᠡᠭᠡᠳᠦ ᠬᠡᠮᠵᠢᠶ᠎ᠡ ᠪᠡᠷ ᠠᠩᠬᠠᠷᠬᠤ ᠬᠡᠷᠡᠭᠲᠡᠢ᠃

  1. ᠢᠲᠡᠭᠡᠯ ᠲᠠᠢ ᠪᠠᠢᠬᠤ ᠬᠡᠷᠡᠭᠲᠡᠢ᠃ ᠳᠠᠷᠤᠢ᠂ ᠨᠢᠭᠡ ᠳ᠋ᠦ᠍᠂ ᠥᠷᠭᠡᠨ ᠳᠡᠯᠭᠡᠷ ᠮᠡᠳᠡᠯᠭᠡ ᠲᠠᠢ ; ᠬᠣᠶᠠᠷ ᠲᠤ᠌᠂ ᠲᠤᠰ ᠰᠢᠨᠵᠢᠯᠡᠭᠡᠨ ᠦ᠌ ᠰᠠᠯᠠᠭᠠᠨ ᠤ᠋ ᠮᠡᠳᠡᠯᠭᠡ ᠶ᠋ᠢ ᠣᠢᠯᠠᠭᠠᠨ᠎ᠠ ; ᠭᠤᠷᠪᠠ ᠳ᠋ᠤ᠌᠂ ᠲᠥᠷᠦ ᠶ᠋ᠢᠨ ᠪᠣᠳᠤᠯᠭ᠎ᠠ ᠶ᠋ᠢ ᠪᠦᠬᠦ ᠲᠠᠯ᠎ᠠ ᠪᠠᠷ ᠡᠵᠡᠮᠰᠢᠨ᠎ᠡ᠃ ᠨᠣᠮ ᠪᠢᠴᠢᠭ ᠨᠠᠢᠷᠠᠭᠤᠯᠬᠤ ᠦᠶ᠎ᠡ ᠳ᠋ᠦ᠍ ᠡᠬᠡ ᠪᠢᠴᠢᠭ ᠤ᠋ᠨ ᠠᠭᠤᠯᠭ᠎ᠠ ᠪᠠ ᠡᠬᠡ ᠪᠢᠴᠢᠭ ᠦ᠋ᠨ ᠴᠢᠨᠠᠷ ᠢ᠋ ᠵᠠᠪᠠᠯ ᠰᠠᠢᠲᠤᠷ ᠠᠳᠭᠤᠬᠤ ᠬᠡᠷᠡᠭᠲᠡᠢ᠃ ᠵᠠᠷᠢᠮ ᠴᠢᠨᠠᠷ ᠴᠢᠨᠰᠠᠭ᠎ᠠ ᠪᠠᠷ ᠠᠨᠠᠢ ᠵᠣᠬᠢᠶᠠᠯ ᠢ᠋ ᠡᠷᠬᠡᠪᠰᠢ ᠲᠥᠪ ᠴᠢᠩᠭ᠎ᠠ ᠪᠠᠷ ᠰᠢᠢᠳᠪᠦᠷᠢᠯᠡᠬᠦ ᠬᠡᠷᠡᠭᠲᠠᠢ᠂ ᠨᠡᠷᠡᠲᠠᠢ ᠵᠣᠬᠢᠶᠠᠯᠴᠢ ᠡᠰᠡᠪᠡᠯ ᠨᠡᠢᠭᠡᠮ ᠦ᠋ᠨ ᠬᠠᠷᠢᠴᠠᠭ᠎ᠠ ᠠ᠋ᠴᠠ ᠪᠣᠯᠵᠤ ᠬᠢᠷᠢ ᠲᠡᠩᠴᠡᠬᠦ ᠦᠭᠡᠢ ᠦᠢᠯᠡᠳᠬᠦᠨ ᠢ᠋ ᠬᠡᠪᠯᠡᠵᠦ ᠪᠣᠯᠬᠤ ᠦᠭᠡᠢ᠃

  2. ᠳᠠᠷᠤᠤ ᠬᠢᠴᠢᠶᠡᠩᠭᠦᠢ ᠪᠠᠢᠬᠤ ᠬᠡᠷᠡᠭᠲᠠᠢ᠃ ᠨᠠᠢᠷᠠᠭᠤᠯᠤᠭᠴᠢ ᠥᠪᠡᠷ ᠦ᠋ᠨ ᠰᠠᠨᠠᠭ᠎ᠠ ᠪᠠᠨ ᠵᠣᠬᠢᠶᠠᠭᠴᠢ ᠳ᠋ᠤ᠌ ᠠᠯᠪᠠ ᠪᠠᠷ ᠲᠣᠬᠤᠵᠤ ᠪᠣᠯᠬᠤ ᠦᠭᠡᠢ; ᠪᠤᠰᠤᠳ ᠤ᠋ᠨ ᠰᠠᠨᠠᠯ ᠢ᠋ ᠳᠠᠷᠤᠤ ᠬᠢᠴᠢᠶᠡᠩᠭᠦᠢ ᠪᠡᠷ ᠰᠣᠨᠤᠰᠬᠤ ᠪᠠ ᠮᠠᠲ᠋ᠧᠷᠢᠶᠠᠯ ᠡᠷᠢᠨ᠎ᠡ᠂ ᠳᠤᠷ᠎ᠠ ᠵᠣᠷᠢᠭ ᠢ᠋ᠶ᠋ᠠᠷ ᠢ᠋ᠶ᠋ᠠᠨ ᠵᠣᠬᠢᠶᠠᠭᠴᠢ ᠶ᠋ᠢᠨ ᠪᠢᠴᠢᠭᠰᠡᠨ ᠡᠬᠡ ᠪᠢᠴᠢᠭ ᠢ᠋ ᠵᠠᠰᠠᠵᠤ ᠪᠣᠯᠬᠤ ᠦᠭᠡᠢ᠃

  3. ᠭᠤᠨᠢᠵᠤ ᠭᠤᠲᠤᠷᠠᠵᠤ ᠪᠣᠯᠬᠤ ᠦᠭᠡᠢ᠃ ᠨᠠᠢᠷᠠᠭᠤᠯᠤᠭᠴᠢ ᠡᠯ᠎ᠡ ᠲᠥᠷᠦᠯ ᠦ᠋ᠨ ᠡᠬᠡ ᠪᠢᠴᠢᠭ ᠲᠠᠢ ᠪᠦᠷ ᠬᠠᠷᠭᠤᠵᠤ ᠮᠡᠳᠡᠨ᠎ᠡ᠂ ᠵᠠᠷᠢᠮ ᠨᠢ ᠤᠳᠤᠷᠢᠳᠤᠯᠭ᠎ᠠ ᠶ᠋ᠢᠨ᠂ ᠵᠠᠷᠢᠮ ᠨᠢ ᠲᠤᠰᠭᠠᠢ ᠮᠡᠷᠭᠡᠵᠢᠯ ᠦ᠋ᠨ ᠡᠷᠳᠡᠮᠲᠡᠳ᠂ ᠵᠠᠷᠢᠮ ᠨᠢ ᠡᠩ ᠦ᠋ᠨ ᠵᠣᠬᠢᠶᠠᠯᠴᠢ ᠪᠠᠢᠵᠤ ᠮᠡᠳᠡᠨ᠎ᠡ᠂ ᠡᠭᠦᠨ ᠳ᠋ᠦ᠍ ᠬᠠᠨᠳᠤᠬᠤ ᠵᠥᠪ ᠣᠪᠤᠷ ᠪᠣᠯ ᠳᠠᠷᠤᠢ ᠨᠢᠭᠡ ᠯᠡ ᠠᠳᠠᠯᠢ ᠬᠠᠨᠳᠤᠨ᠎ᠠ᠃ ᠨᠠᠢᠷᠠᠭᠤᠯᠤᠭᠴᠢ ᠪᠣᠯᠤᠭᠰᠠᠨ ᠤ᠋ ᠬᠤᠪᠢ ᠳ᠋ᠤ᠌᠂ ᠮᠡᠳᠡᠯᠭᠡ ᠬᠣᠮᠰᠠ᠂ ᠲᠤᠬᠠᠢᠯᠠᠭᠰᠠᠨ ᠠᠵᠢᠯ ᠤ᠋ᠨ ᠬᠢᠷᠢ ᠲᠦᠪᠰᠢᠨ ᠳᠣᠣᠷ᠎ᠠ ᠪᠣᠯ᠂ ᠡᠯ᠎ᠡ ᠲᠥᠷᠦᠯ ᠦ᠋ᠨ ᠡᠬᠡ ᠪᠢᠴᠢᠭ ᠢ᠋ ᠠᠷᠭᠠᠴᠠᠭᠠᠵᠤ ᠴᠢᠳᠠᠬᠤ ᠦᠭᠡᠢ ᠶᠤᠮ᠃ ᠡᠢᠮᠦ ᠡᠴᠡ ᠡᠷᠬᠡᠪᠰᠢ ᠬᠢᠬᠦ ᠶ᠋ᠢᠨ ᠳᠠᠭᠠᠥ ᠰᠤᠷᠤᠯᠴᠠᠬᠤ ᠬᠡᠷᠡᠭᠲᠠᠢ᠃

                                                             ᠥᠪᠦᠷ ᠮᠣᠩᠭᠤᠯ ᠤ᠋ᠨ ᠡᠳᠦᠷ ᠦ᠋ᠨ ᠰᠣᠨᠢᠨ ᠠ᠋ᠴᠠ ᠰᠢᠯᠵᠢᠭᠦᠯᠦᠨ ᠨᠡᠢᠲᠡᠯᠡᠪᠡ

                                                                               ᠨᠠᠢᠷᠠᠭᠤᠯᠤᠭᠴᠢ᠄ ᠪᠣᠣ ᠰᠡᠴᠡᠨ

(ᠬᠠᠷᠢᠭᠤᠴᠠᠭᠰᠠᠨ ᠨᠠᠢᠷᠠᠭᠤᠯᠤᠭᠴᠢ : ᠱᠦ᠍ ᠭᠤᠸᠠᠩ)

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠦᠪᠦᠷ
ᠮᠤᠩᠭ᠋ᠤᠯ ᠤᠨ
ᠬᠡᠪᠯᠡᠯ ᠤ᠋ᠨ
ᠪᠦᠯᠦᠭᠯᠡᠯ
ᠬᠡᠪᠯᠡᠯ ᠤ᠋ᠨ
ᠡᠷᠬᠡ ᠲᠡᠢ
ᠦᠪᠦᠷ
ᠮᠤᠩᠭ᠋ᠤᠯ ᠤᠨ
ᠮᠤᠨᠢ
ᠨᠡᠷᠡᠮᠵᠢᠲᠦ
ᠰᠤᠶᠤᠯ ᠤᠨ
ᠵᠠᠭᠤᠴᠢ
ᠪᠦᠷᠢᠨ 
ᠪᠤᠰᠤ
ᠬᠠᠷᠢᠭᠤᠴᠠᠯᠭᠠᠳᠤ 
ᠺᠤᠮᠫᠠᠨᠢ
ᠲᠦᠰᠦᠪᠯᠡᠨ
ᠦᠢᠯᠡᠳᠪᠡ
ᠦᠪᠦᠷ
ᠮᠤᠩᠭ᠋ᠤᠯ ᠤᠨ
ᠳᠡᠯᠡᠬᠡᠢ
ᠮᠡᠳᠡᠭᠡ
ᠵᠠᠩᠬᠢ
ᠮᠡᠷᠭᠡᠵᠢᠯ ᠤᠨ
ᠬᠢᠵᠠᠭᠠᠷᠲᠤ
ᠺᠤᠮᠫᠠᠨᠢ
ᠮᠡᠷᠭᠡᠵᠢᠯ
ᠬᠠᠩᠭ᠋ᠠᠪᠠ
ᠬᠠᠶᠢ᠍ᠭ᠄
ᠦᠪᠦᠷ
ᠮᠤᠩᠭ᠋ᠤᠯ ᠤᠨ
ᠦᠪᠡᠷᠲᠡᠭᠡᠨ
ᠵᠠᠰᠠᠬᠤ
ᠤᠷᠤᠨ ᠤ
ᠬᠦᠬᠡᠬᠤᠳᠠ ᠵᠢᠨ ᠰᠢᠨ᠎ᠡ
ᠬᠤᠲᠠ
ᠲᠤᠭᠤᠷᠢᠭ ᠤᠨ
ᠰᠢᠩᠬᠤᠸᠠ
ᠵᠡᠬᠦᠨ
ᠵᠡᠭᠡᠯᠢ ᠵᠢᠨ
89ᠨᠤᠮᠧᠷ
ᠦᠪᠤᠷ
ᠮᠤᠩᠭ᠋ᠤᠯ ᠤᠨ
ᠬᠡᠪᠯᠡᠯ ᠤᠨ
ᠪᠦᠯᠦᠭᠯᠡᠯ