ᠥᠪᠦᠷ ᠮᠣᠩᠭᠤᠯ ᠤ᠋ᠨ ᠲᠡᠦᠬᠡᠨ ᠳ᠋ᠡᠬᠢ ᠠᠩᠬᠠᠳᠠᠭᠴᠢ ᠮᠣᠩᠭᠤᠯ ᠬᠡᠯᠡᠨ ᠤ᠋ ᠨᠤᠲᠤᠭ ᠤ᠋ᠨ ᠠᠶᠠᠯᠭᠤᠨ ᠤ᠋ ᠭᠠᠵᠠᠷ ᠤ᠋ᠨ ᠵᠢᠷᠤᠭ ᠮᠡᠨᠳᠦᠯᠡᠪᠡ
2019.07.25

  ᠲᠤᠰ ᠰᠣᠨᠢᠨ ᠤ᠋ ᠮᠡᠳᠡᠭᠡ (ᠰᠤᠷᠪᠤᠯᠵᠢᠯᠠᠭᠴᠢ ᠮᠥᠷᠡᠨ) 7 ᠰᠠᠷ᠎ᠠ ᠶ᠋ᠢᠨ 13  ᠤ᠋ ᠡᠳᠦᠷ᠂ 30 ᠭᠠᠷᠤᠢ ᠵᠢᠯ ᠤ᠋ᠨ ᠴᠠᠭ ᠬᠤᠭᠤᠴᠠᠭ᠎ᠠ ᠶ᠋ᠢ ᠬᠡᠷᠡᠭᠰᠡᠨ 4 ᠦᠶ᠎ᠡ ᠶ᠋ᠢᠨ ᠡᠷᠳᠡᠮᠲᠡᠳ ᠦ᠋ᠨ ᠤᠢ ᠪᠢᠯᠢᠭ᠂ ᠬᠦᠴᠦ ᠬᠥᠳᠡᠯᠮᠦᠷᠢ ᠪᠡᠷ ᠪᠦᠲᠦᠭᠡᠭᠳᠡᠭᠰᠡᠨ ᠮᠣᠩᠭᠤᠯ ᠬᠡᠯᠡ ᠰᠢᠨᠵᠢᠯᠡᠯ ᠤ᠋ᠨ ᠲᠣᠮᠤᠬᠠᠨ ᠪᠦᠲᠦᠭᠡᠯ ᠪᠣᠯᠬᠤᠥᠪᠦᠷ ᠮᠣᠩᠭᠤᠯ ᠤ᠋ᠨ ᠮᠣᠩᠭᠤᠯ ᠬᠡᠯᠡᠨ ᠤ᠋ ᠨᠤᠳᠤᠭ ᠤ᠋ᠨ ᠠᠶᠠᠯᠭᠤᠨ ᠤ᠋ ᠭᠠᠵᠠᠷ ᠤ᠋ᠨ ᠵᠢᠷᠤᠭ ᠤ᠋ᠨ ᠪᠠᠢᠴᠠᠭᠠᠯᠲᠠ ᠶ᠋ᠢᠨ ᠮᠠᠲ᠋ᠧᠷᠢᠶᠠᠯ ᠤ᠋ᠨ ᠴᠤᠪᠤᠷᠠᠯᠥᠪᠦᠷ ᠮᠣᠩᠭᠤᠯ ᠤ᠋ᠨ ᠶᠡᠬᠡ ᠰᠤᠷᠭᠠᠭᠤᠯᠢ ᠳ᠋ᠤ᠌ ᠵᠢᠩᠬᠢᠨᠢ ᠪᠡᠷ ᠲᠠᠷᠬᠠᠭᠠᠭᠲᠠᠯ᠎ᠠ᠃

  ᠡᠨᠡ ᠨᠢ ᠰᠢᠨ᠎ᠡ ᠳᠤᠮᠳᠠᠲᠤ ᠤᠯᠤᠰ ᠪᠠᠢᠭᠤᠯᠤᠭᠳᠠᠭᠰᠠᠨ 70 ᠵᠢᠯ ᠤ᠋ᠨ ᠲᠤᠷᠰᠢᠬᠢ ᠮᠠᠨ ᠤ᠋ ᠣᠷᠤᠨ ᠤ᠋ ᠲᠡᠦᠬᠡᠨ ᠳ᠋ᠡᠬᠢ ᠬᠠᠮᠤᠭ ᠦ᠋ᠨ ᠠᠩᠬᠠᠳᠠᠭᠴᠢ ᠮᠣᠩᠭᠤᠯ ᠬᠡᠯᠡᠨ ᠤ᠋ ᠨᠤᠳᠤᠭ ᠤ᠋ᠨ ᠠᠶᠠᠯᠭᠤᠨ ᠤ᠋ ᠭᠠᠵᠠᠷ ᠤ᠋ᠨ ᠵᠢᠷᠤᠭ ᠮᠡᠨᠳᠦᠯᠡᠭᠰᠡᠨ ᠢ᠋ ᠬᠠᠷᠠᠭᠤᠯᠵᠤ ᠪᠠᠢᠭ᠎ᠠ ᠪᠥᠭᠡᠳ ᠮᠣᠩᠭᠤᠯ ᠬᠡᠯᠡᠨ ᠤ᠋ ᠨᠤᠳᠤᠭ ᠤ᠋ᠨ ᠠᠶᠠᠯᠭᠤᠨ ᠤ᠋ ᠰᠤᠳᠤᠯᠤᠯ᠂ ᠨᠤᠳᠤᠭ ᠤ᠋ᠨ ᠠᠶᠠᠯᠭᠤᠨ ᠤ᠋ ᠬᠤᠪᠢᠶᠠᠷᠢᠯᠠᠯ ᠬᠢᠭᠡᠳ ᠨᠤᠳᠤᠭ ᠤ᠋ᠨ ᠠᠶᠠᠯᠭᠤᠨ ᠤ᠋ ᠬᠥᠭᠵᠢᠯ ᠬᠤᠪᠢᠷᠠᠯ ᠵᠢᠴᠢ ᠪᠠᠷᠢᠮᠵᠢᠶ᠎ᠠ ᠠᠪᠢᠶ᠎ᠠ ᠶ᠋ᠢ ᠲᠦᠭᠡᠮᠡᠯᠵᠢᠭᠦᠯᠵᠦ ᠳᠡᠯᠭᠡᠷᠡᠭᠦᠯᠬᠦ ᠪᠠ ᠬᠡᠯᠡᠨ ᠤ᠋ ᠲᠥᠯᠦᠪᠵᠢᠭᠦᠯᠭᠡ ᠵᠡᠷᠭᠡ ᠠᠵᠢᠯ ᠳ᠋ᠤ᠌ ᠴᠢᠬᠤᠯᠠ ᠦᠨ᠎ᠡ ᠦᠷᠳᠡᠭ ᠪᠦᠬᠦᠢ ᠬᠣᠪᠤᠷ ᠴᠤᠬᠠᠭ ᠪᠠᠷᠢᠮᠲᠠ ᠬᠠᠩᠭᠠᠨ ᠥᠭᠭᠦᠭᠰᠡᠨ ᠶᠠᠪᠤᠳᠠᠯ ᠪᠣᠯᠤᠯ᠎ᠠ᠃

  ᠣᠢᠯᠠᠭᠠᠭᠰᠠᠨ ᠢ᠋ᠶ᠋ᠠᠷ᠂ ᠨᠤᠲᠤᠭ ᠤ᠋ᠨ ᠠᠶᠠᠯᠭᠤᠨ ᠤ᠋ ᠭᠠᠵᠠᠷ ᠵᠦᠢ ᠶ᠋ᠢᠨ ᠰᠤᠳᠤᠯᠭᠠᠨ ᠢ᠋ ᠪᠠᠰᠠ ᠬᠡᠯᠡᠨ ᠤ᠋ ᠭᠠᠵᠠᠷ ᠵᠦᠢ ᠶ᠋ᠢᠨ ᠰᠤᠳᠤᠯᠭᠠᠨ ᠭᠡᠵᠤ ᠶᠠᠷᠢᠬᠤ ᠮᠥᠷᠲᠡᠭᠡᠨ ᠲᠡᠷᠡ ᠨᠢ ᠶᠠᠮᠠᠷ ᠨᠢᠭᠡᠨ ᠬᠡᠯᠡ ᠠᠶᠠᠯᠭᠤᠨ ᠤ᠋ ᠳᠣᠲᠤᠭᠠᠳᠤ ᠳ᠋ᠡᠬᠢ ᠢᠯᠭᠠᠭ᠎ᠠ ᠵᠥᠷᠢᠶ᠎ᠡ ᠪᠠ ᠲᠡᠳᠡᠭᠡᠷ ᠦ᠋ᠨ ᠲᠠᠷᠬᠠᠴᠠ ᠶ᠋ᠢᠨ ᠪᠠᠢᠳᠠᠯ ᠢ᠋ ᠭᠠᠵᠠᠷ ᠤ᠋ᠨ ᠵᠢᠷᠤᠭ ᠤ᠋ᠨ ᠠᠷᠭ᠎ᠠ ᠪᠡᠷ ᠢᠯᠡᠳᠬᠡᠵᠤ ᠲᠣᠳᠤᠷᠬᠠᠢᠯᠠᠳᠠᠭ ᠬᠡᠯᠡ ᠰᠢᠨᠵᠢᠯᠡᠯ ᠦ᠋ᠨ ᠨᠢᠭᠡᠨ ᠰᠠᠯᠪᠦᠷᠢ ᠤᠬᠠᠭᠠᠨ ᠶᠤᠮ᠃ ᠮᠠᠨ ᠤ᠋ ᠣᠷᠤᠨ ᠳ᠋ᠤ᠌ ᠮᠣᠩᠭᠤᠯ ᠬᠡᠯᠡᠨ ᠤ᠋ ᠨᠤᠲᠤᠭ ᠤ᠋ᠨ ᠠᠶᠠᠯᠭᠤᠨ ᠤ᠋ ᠭᠠᠵᠠᠷ ᠵᠦᠢ ᠶ᠋ᠢᠨ ᠰᠤᠳᠤᠯᠭᠠᠨ ᠳᠡᠭᠡᠷ᠎ᠡ ᠵᠠᠭᠤᠨ ᠤ᠋ ᠨᠠᠶᠠᠭᠠᠳ ᠣᠨ ᠳ᠋ᠤ᠌ ᠡᠬᠢᠯᠡᠵᠤ᠂ ᠬᠣᠵᠢᠮ ᠨᠢ ᠡᠨᠡ ᠬᠦ᠌ ᠠᠵᠢᠯ ᠨᠢᠭᠡ ᠦᠶ᠎ᠡ ᠲᠠᠰᠤᠯᠤᠭᠳᠠᠭᠰᠠᠨ ᠪᠤᠯᠪᠠᠴᠦ ᠤᠯᠠᠨ ᠡᠷᠳᠡᠮᠳᠡᠳ ᠦ᠋ᠨ ᠴᠢᠷᠮᠠᠢᠯᠭ᠎ᠠ ᠪᠠᠷ ᠳᠠᠬᠢᠨ ᠰᠡᠷᠭᠦᠭᠡᠭᠳᠡᠵᠤ᠂ ᠭᠤᠴᠢᠭᠠᠳ ᠵᠢᠯ ᠳ᠋ᠤ᠌ ᠮᠠᠨ ᠤ᠋ ᠣᠷᠤᠨ ᠤ᠋ ᠮᠣᠩᠭᠤᠯ ᠬᠡᠯᠡ ᠰᠢᠨᠵᠢᠯᠡᠯ ᠦ᠋ᠨ ᠡᠷᠳᠡᠮᠳᠡᠳ ᠤᠷᠢᠳ ᠬᠣᠵᠢᠳ ᠥᠪᠦᠷ ᠮᠣᠩᠭᠤᠯ ᠤ᠋ᠨ 9 ᠠᠢᠮᠠᠭ ᠬᠤᠳᠠ ᠶ᠋ᠢᠨ 54 ᠬᠣᠰᠢᠭᠤ ᠰᠢᠶᠠᠨ ᠤ᠋ 540 ᠰᠢᠬᠠᠮ ᠴᠡᠭ ᠲᠤ᠌ ᠬᠦᠷᠴᠤ᠂ ᠮᠣᠩᠭᠤᠯ ᠬᠡᠯᠡᠨ ᠤ᠋ ᠨᠤᠲᠤᠭ ᠤ᠋ᠨ ᠠᠶᠠᠯᠭᠤᠨ ᠤ᠋ ᠶᠡᠷᠦᠩᠬᠡᠢ ᠣᠨᠴᠠᠯᠢᠭ ᠵᠢᠴᠢ ᠨᠤᠲᠤᠭ ᠤ᠋ᠨ ᠠᠶᠠᠯᠭᠤᠨ ᠤ᠋ ᠳᠤᠲᠤᠭᠠᠲᠤ ᠳ᠋ᠡᠬᠢ ᠢᠯᠭᠠᠭ᠎ᠠ ᠵᠥᠷᠢᠶ᠎ᠡ᠂ ᠲᠠᠷᠬᠠᠴᠠ ᠶ᠋ᠢᠨ ᠲᠤᠬᠠᠢ ᠨᠠᠷᠢᠨ ᠪᠠᠢᠴᠠᠭᠠᠯᠲᠠ ᠬᠢᠵᠠᠢ᠃ ᠡᠨᠡ ᠬᠦ᠌ ᠰᠠᠭᠤᠷᠢᠨ ᠳᠡᠭᠡᠷ᠎ᠡᠶᠡᠷᠦᠩᠬᠡᠢ ᠥᠭᠦᠯᠡᠯ ᠦ᠋ᠨ ᠪᠣᠳᠢᠠᠯᠠᠱᠠ ᠠᠢᠮᠠᠭ ᠤ᠋ᠨ ᠪᠣᠳᠢᠣᠷᠳᠤᠰ ᠬᠤᠳᠠ ᠶ᠋ᠢᠨ ᠪᠣᠳᠢᠰᠢᠯᠢ ᠶ᠋ᠢᠨ ᠭᠣᠣᠯ ᠠᠢᠮᠠᠭ ᠤ᠋ᠨ ᠴᠠᠬᠠᠷ ᠤ᠋ᠨ ᠪᠣᠳᠢᠵᠡᠷᠭᠡ 13 ᠪᠣᠳᠢᠥᠪᠦᠷ ᠮᠣᠩᠭᠤᠯ ᠤ᠋ᠨ ᠮᠣᠩᠭᠤᠯ ᠬᠡᠯᠡᠨ ᠤ᠋ ᠨᠤᠲᠤᠭ ᠤ᠋ᠨ ᠠᠶᠠᠯᠭᠤᠨ ᠤ᠋ ᠭᠠᠵᠠᠷ ᠤ᠋ᠨ ᠵᠢᠷᠤᠭ ᠤ᠋ᠨ ᠪᠠᠢᠴᠠᠭᠠᠯᠲᠠ ᠶ᠋ᠢᠨ ᠮᠠᠲ᠋ᠧᠷᠢᠶᠠᠯ ᠤ᠋ᠨ ᠴᠤᠪᠤᠷᠠᠯᠭᠡᠬᠦ ᠲᠣᠮᠤᠬᠠᠨ ᠪᠦᠳᠦᠭᠡᠯ ᠢ᠋ ᠨᠠᠢᠷᠠᠭᠤᠯᠤᠨ ᠬᠡᠪᠯᠡᠭᠦᠯᠵᠦ᠂ ᠪᠣᠳᠢ ᠪᠦᠷᠢ ᠳ᠋ᠤ᠌ ᠡᠮᠦᠨᠡᠬᠢ ᠦᠭᠡ᠂ ᠳᠠᠩ ᠦᠭᠡ ᠶ᠋ᠢᠨ ᠪᠠᠢᠴᠠᠭᠠᠯᠲᠠ ᠶ᠋ᠢᠨ ᠮᠠᠲ᠋ᠧᠷᠢᠶᠠᠯ᠂ ᠬᠡᠯᠡᠨ ᠵᠦᠢ ᠶ᠋ᠢᠨ ᠪᠠᠢᠴᠠᠭᠠᠯᠲᠠ ᠶ᠋ᠢᠨ ᠮᠠᠲ᠋ᠧᠷᠢᠶᠠᠯ᠂ ᠪᠡᠶ᠎ᠡ ᠶ᠋ᠢᠨ ᠲᠥᠯᠦᠭᠡᠨ ᠤ᠋ ᠦᠭᠡ ᠪᠠ ᠵᠢᠭᠠᠬᠤ ᠲᠥᠯᠦᠭᠡᠨ ᠤ᠋ ᠦᠭᠡ ᠶ᠋ᠢᠨ ᠪᠠᠢᠴᠠᠭᠠᠯᠲᠠ ᠶ᠋ᠢᠨ ᠮᠠᠲ᠋ᠧᠷᠢᠶᠠᠯ᠂ ᠨᠤᠲᠤᠭ ᠤ᠋ᠨ ᠠᠶᠠᠯᠭᠤᠨ ᠤ᠋ ᠭᠠᠵᠠᠷ ᠤ᠋ᠨ ᠵᠢᠷᠤᠭ ᠤ᠋ᠨ ᠰᠣᠩᠭᠤᠮᠠᠯ ᠵᠡᠷᠭᠡ ᠠᠭᠤᠯᠭ᠎ᠠ ᠶ᠋ᠢ ᠲᠣᠬᠢᠷᠠᠭᠤᠯᠪᠠ᠃

  ᠶᠣᠰᠣᠯᠠᠯ ᠳ᠋ᠤ᠌ ᠪᠠᠰᠠ ᠱᠠᠩᠬᠠᠢ ᠨᠤᠲᠤᠭᠲᠠᠢ ᠡᠷᠳᠡᠮᠲᠡᠨ᠂ ᠥᠪᠦᠷ ᠮᠣᠩᠭᠤᠯ ᠤ᠋ᠨ ᠮᠣᠩᠭᠤᠯ ᠬᠡᠯᠡᠨ ᠤ᠋ ᠨᠤᠲᠤᠭ ᠤ᠋ᠨ ᠠᠶᠠᠯᠭᠤᠨ ᠤ᠋ ᠭᠠᠵᠠᠷ ᠤ᠋ᠨ ᠵᠢᠷᠤᠭ ᠤ᠋ᠨ ᠪᠠᠢᠴᠠᠭᠠᠯᠲᠠ ᠶ᠋ᠢᠨ ᠠᠵᠢᠯ ᠢ᠋ ᠠᠩᠬ᠎ᠠ ᠭᠠᠷᠳᠠᠨ ᠬᠢᠭᠰᠡᠨ ᠴᠸᠨ ᠨᠠᠢ ᠰᠢᠶᠦ᠋ᠩ ᠫᠷᠣᠹᠧᠰᠰᠣᠷ ᠢ᠋ ᠳᠤᠷᠠᠰᠤᠨ ᠰᠠᠨᠠᠭᠠᠯᠵᠠᠭᠰᠠᠨ ᠡᠷᠳᠡᠮ ᠰᠢᠨᠵᠢᠯᠡᠭᠡᠨ ᠤ᠋ ᠠᠵᠢᠯᠯᠠᠭ᠎ᠠ ᠶᠠᠪᠤᠭᠳᠠᠭᠤᠯᠤᠭᠰᠠᠨ ᠪᠠᠢᠨ᠎ᠠ᠃

                        ᠥᠪᠦᠷ ᠮᠣᠩᠭᠤᠯ ᠤ᠋ᠨ ᠡᠳᠦᠷ ᠦ᠋ᠨ ᠰᠣᠨᠢᠨ ᠠ᠋ᠴᠠ ᠰᠢᠯᠵᠢᠭᠦᠯᠦᠨ ᠨᠡᠢᠲᠡᠯᠡᠪᠡ

                        ᠰᠤᠷᠪᠤᠯᠵᠢᠯᠠᠭᠴᠢ᠄ ᠮᠥᠷᠡᠨ

 

 

(ᠬᠠᠷᠢᠭᠤᠴᠠᠭᠰᠠᠨ ᠨᠠᠢᠷᠠᠭᠤᠯᠤᠭᠴᠢ : ᠤᠷᠢᠬᠠᠨ)

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠦᠪᠦᠷ
ᠮᠤᠩᠭ᠋ᠤᠯ ᠤᠨ
ᠬᠡᠪᠯᠡᠯ ᠤ᠋ᠨ
ᠪᠦᠯᠦᠭᠯᠡᠯ
ᠬᠡᠪᠯᠡᠯ ᠤ᠋ᠨ
ᠡᠷᠬᠡ ᠲᠡᠢ
ᠦᠪᠦᠷ
ᠮᠤᠩᠭ᠋ᠤᠯ ᠤᠨ
ᠮᠤᠨᠢ
ᠨᠡᠷᠡᠮᠵᠢᠲᠦ
ᠰᠤᠶᠤᠯ ᠤᠨ
ᠵᠠᠭᠤᠴᠢ
ᠪᠦᠷᠢᠨ 
ᠪᠤᠰᠤ
ᠬᠠᠷᠢᠭᠤᠴᠠᠯᠭᠠᠳᠤ 
ᠺᠤᠮᠫᠠᠨᠢ
ᠲᠦᠰᠦᠪᠯᠡᠨ
ᠦᠢᠯᠡᠳᠪᠡ
ᠦᠪᠦᠷ
ᠮᠤᠩᠭ᠋ᠤᠯ ᠤᠨ
ᠳᠡᠯᠡᠬᠡᠢ
ᠮᠡᠳᠡᠭᠡ
ᠵᠠᠩᠬᠢ
ᠮᠡᠷᠭᠡᠵᠢᠯ ᠤᠨ
ᠬᠢᠵᠠᠭᠠᠷᠲᠤ
ᠺᠤᠮᠫᠠᠨᠢ
ᠮᠡᠷᠭᠡᠵᠢᠯ
ᠬᠠᠩᠭ᠋ᠠᠪᠠ
ᠬᠠᠶᠢ᠍ᠭ᠄
ᠦᠪᠦᠷ
ᠮᠤᠩᠭ᠋ᠤᠯ ᠤᠨ
ᠦᠪᠡᠷᠲᠡᠭᠡᠨ
ᠵᠠᠰᠠᠬᠤ
ᠤᠷᠤᠨ ᠤ
ᠬᠦᠬᠡᠬᠤᠳᠠ ᠵᠢᠨ ᠰᠢᠨ᠎ᠡ
ᠬᠤᠲᠠ
ᠲᠤᠭᠤᠷᠢᠭ ᠤᠨ
ᠰᠢᠩᠬᠤᠸᠠ
ᠵᠡᠬᠦᠨ
ᠵᠡᠭᠡᠯᠢ ᠵᠢᠨ
89ᠨᠤᠮᠧᠷ
ᠦᠪᠤᠷ
ᠮᠤᠩᠭ᠋ᠤᠯ ᠤᠨ
ᠬᠡᠪᠯᠡᠯ ᠤᠨ
ᠪᠦᠯᠦᠭᠯᠡᠯ
蒙ICP 备0500604