ᠲᠡᠦᠬᠡᠨ ᠠᠬᠤᠢ ᠠ᠋ᠴᠠ ᠡᠭᠦᠰᠦᠯ ᠲᠠᠢ《ᠭᠤᠷᠪᠠᠨ ᠦᠭᠡ》 ᠶ᠋ᠢᠨ ᠣᠨᠴᠠᠭᠠᠢ ᠪᠢᠴᠢᠯᠭᠡ ᠶ᠋ᠢᠨ ᠰᠢᠨᠵᠢᠯᠡᠬᠦᠢ
2019.07.25

  ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠪᠠᠢᠭᠤᠯᠤᠭᠳᠠᠭᠰᠠᠨ 72 ᠵᠢᠯ ᠪᠣᠯᠵᠤ ᠪᠠᠢᠭ᠎ᠠ ᠥᠨᠥᠳᠦᠷ ᠥᠪᠦᠷ ᠮᠣᠩᠭᠤᠯᠴᠤᠳᠥᠪᠡᠷᠲᠡᠭᠡᠨ ᠵᠠᠰᠠᠬᠤ ᠣᠷᠤᠨᠭᠡᠬᠦ ᠦᠭᠡ ᠶ᠋ᠢ ᠡᠳᠦᠷ ᠪᠦᠷᠢ ᠴᠢᠬᠢ ᠪᠡᠷ ᠢ᠋ᠶ᠋ᠡᠨ ᠰᠣᠨᠤᠰᠴᠤ᠂ ᠨᠢᠳᠦ ᠪᠠᠷ ᠢ᠋ᠶ᠋ᠠᠨ ᠬᠠᠷᠠᠬᠤ ᠪᠥᠭᠡᠲᠡᠯ᠎ᠡ ᠶᠠᠭᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨᠪᠠᠢᠭᠤᠯᠤᠭᠳᠠᠭᠰᠠᠨ ᠡᠨᠡ ᠬᠦ᠌ ᠲᠡᠦᠬᠡᠨ ᠴᠠᠭ ᠦᠶ᠎ᠡ ᠲᠠᠢ ᠬᠣᠯᠪᠤᠭᠳᠠᠭᠰᠠᠨᠭᠤᠷᠪᠠᠨ ᠦᠭᠡᠣᠷᠴᠢᠨ ᠴᠠᠭ ᠤ᠋ᠨ ᠮᠣᠩᠭᠤᠯ ᠬᠡᠯᠡᠨ ᠳ᠋ᠤ᠌ ᠣᠨᠴᠠᠭᠠᠢ ᠪᠢᠴᠢᠯᠭᠡ ᠪᠡᠷ ᠪᠢᠴᠢᠭᠳᠡᠭᠰᠡᠨ ᠳᠠᠯᠠ ᠭᠠᠷᠤᠢ ᠵᠢᠯ ᠪᠣᠯᠤᠭᠰᠠᠨ ᠴᠤ᠌ ᠠᠩᠬᠠᠷᠤᠯ  ᠳ᠋ᠤ᠌ ᠪᠠᠨ ᠠᠪᠴᠤ ᠪᠠᠢᠭ᠎ᠠ ᠬᠥᠮᠦᠨ ᠮᠠᠰᠢ ᠴᠦ᠋ᠬᠡᠨ ᠪᠠᠢᠬᠤ ᠪᠤᠶᠤ ᠢᠷᠡᠯ ᠭᠠᠷᠤᠯ ᠢ᠋ ᠨᠢ ᠣᠮᠳᠤᠭᠠᠢᠯᠠᠵᠤ ᠪᠠᠢᠭ᠎ᠠ ᠶᠤᠮ ᠪᠠᠢᠨ᠎ᠠ᠂ ᠡᠭᠦᠨ ᠤ᠋ ᠳ᠋ᠦᠩ ᠳ᠋ᠤ᠌ ᠪᠢᠴᠢᠯᠭᠡ ᠶ᠋ᠢᠨ ᠰᠠᠮᠠᠭᠤᠷᠠᠯ ᠪᠣᠯᠵᠤ ᠪᠠᠢᠭ᠎ᠠ ᠪᠠᠢᠳᠠᠯ ᠳ᠋ᠤ᠌ ᠴᠢᠭᠯᠡᠭᠦᠯᠦᠨ ᠬᠡᠳᠦᠨ ᠦᠭᠡ ᠶᠠᠷᠢᠰᠤᠭᠠᠢ᠃

  ᠡᠨᠳᠡ ᠶᠠᠷᠢᠵᠤ ᠪᠠᠢᠭ᠎ᠠᠭᠤᠷᠪᠠᠨ ᠦᠭᠡᠭᠡᠳᠡᠭ ᠨᠢ ᠮᠠᠤ ᠽᠸ ᠳ᠋ᠦᠩ ᠲᠡᠷᠢᠭᠦᠯᠡᠭᠴᠢ ᠶ᠋ᠢᠨᠮᠠᠤ᠂ ᠤᠯᠠᠭᠠᠨᠬᠦᠦ ᠲᠡᠷᠢᠭᠦᠯᠡᠭᠴᠢ ᠶ᠋ᠢᠨᠤᠯᠠᠭᠠᠨᠬᠦᠦ᠂ ᠥᠪᠡᠷᠲᠡᠭᠡᠨ ᠵᠠᠰᠠᠬᠤ ᠣᠷᠤᠨ ᠤ᠋ᠥᠪᠡᠷᠲᠡᠭᠡᠨᠭᠡᠬᠦ ᠭᠤᠷᠪᠠᠨ ᠦᠭᠡ ᠪᠣᠯᠤᠨ᠎ᠠ᠃ ᠡᠨᠡ ᠭᠤᠷᠪᠠᠨ ᠦᠭᠡ ᠨᠢ ᠣᠷᠴᠢᠨ ᠴᠠᠭ ᠤ᠋ᠨ ᠮᠣᠩᠭᠤᠯ ᠬᠡᠯᠡᠨ ᠤ᠋ ᠪᠢᠴᠢᠯᠭᠡ ᠶ᠋ᠢᠨ ᠣᠨᠤᠯ ᠳᠦᠷᠢᠮᠵᠢᠯ ᠲᠠᠢ ᠡᠰᠡ ᠨᠡᠢᠴᠡᠬᠦ ᠨᠢ ᠮᠡᠳᠡᠭᠡᠵᠢ ᠶ᠋ᠢᠨ ᠬᠡᠷᠡᠭ᠃ ᠭᠡᠪᠡᠴᠦ ᠬᠡᠨ᠂ ᠬᠡᠵᠢᠶ᠎ᠡ᠂ ᠶᠠᠮᠠᠷ ᠤᠴᠢᠷ ᠠ᠋ᠴᠠ᠂ ᠠᠯᠢ ᠨᠢᠭᠡᠨ ᠰᠢᠢᠳᠪᠦᠷᠢ ᠲᠣᠭᠲᠠᠭᠠᠯ ᠢ᠋ᠶ᠋ᠠᠷ ᠪᠠᠲᠤᠯᠠᠭᠠᠳ ᠢᠩᠭᠢᠵᠦ ᠪᠢᠴᠢᠬᠦ ᠪᠣᠯᠤᠯ᠎ᠠ ᠭᠡᠰᠡᠨ ᠲᠡᠦᠬᠡᠨ ᠡᠬᠡ ᠪᠠᠷᠢᠮᠲᠠ ᠶ᠋ᠢ ᠣᠳᠣ ᠤᠯᠬᠤ ᠳ᠋ᠤ᠌ ᠮᠠᠰᠢ ᠪᠡᠷᠬᠡ ᠪᠣᠯᠵᠤ᠂ ᠮᠥᠨ ᠢᠩᠭᠢᠵᠦ ᠪᠢᠴᠢᠭᠳᠡᠭᠰᠡᠭᠡᠷ ᠢᠷᠡᠭᠰᠡᠨ ᠨᠢ ᠦᠨᠡᠨ ᠤᠴᠢᠷ ᠪᠤᠳᠠᠳᠦ ᠪᠠᠢᠳᠠᠯ ᠪᠣᠯᠤᠭᠰᠠᠨ ᠠ᠋ᠴᠠ ᠬᠡᠨ ᠴᠦ᠍ ᠥᠭᠡᠷᠡᠴᠢᠯᠡᠬᠦ ᠶ᠋ᠢᠨ ᠠᠷᠭ᠎ᠠ ᠦᠭᠡᠢ ᠪᠣᠯᠵᠠᠢ᠃ ᠡᠢᠮᠦ ᠡᠴᠡ ᠡᠨᠡ ᠬᠦ᠌ᠭᠤᠷᠪᠠᠨ ᠦᠭᠡ ᠶ᠋ᠢᠨ ᠪᠢᠴᠢᠯᠭᠡ ᠨᠢ ᠡᠨᠡᠭᠤᠷᠪᠠᠨ ᠳ᠋ᠤ᠌ ᠯᠠ ᠵᠣᠷᠢᠭᠤᠯᠤᠭᠰᠠᠨ ᠣᠨᠴᠠᠭᠠᠢ ᠪᠢᠴᠢᠯᠭᠡ ᠭᠡᠰᠡᠨ ᠦᠭᠡ᠃ ᠥᠭᠡᠷ᠎ᠡ ᠭᠠᠵᠠᠷ ᠬᠡᠷᠡᠭᠯᠡᠪᠡᠯ ᠪᠢᠴᠢᠯᠭᠡ ᠶ᠋ᠢᠨ ᠰᠠᠮᠠᠭᠤᠷᠠᠯ ᠡᠭᠦᠰᠭᠡᠬᠦ ᠨᠢ ᠯᠠᠪᠲᠠᠢ᠃

  ᠡᠨᠡ ᠬᠦ᠌ᠭᠤᠷᠪᠠᠨ ᠦᠭᠡ ᠶ᠋ᠢᠨ ᠪᠢᠴᠢᠯᠭᠡ ᠶ᠋ᠢ ᠣᠷᠴᠢᠨ ᠴᠠᠭ ᠤ᠋ᠨ ᠮᠣᠩᠭᠤᠯ ᠬᠡᠯᠡᠨ ᠤ᠋ ᠵᠦᠢ ᠶ᠋ᠢᠨ ᠣᠨᠤᠯ ᠪᠠ ᠬᠠᠮᠢᠶ᠎ᠠ ᠪᠦᠬᠦᠢ ᠳᠦᠷᠢᠮᠵᠢᠯ ᠪᠠᠷᠢᠮᠵᠢᠶ᠎ᠠ ᠲᠠᠢ ᠬᠣᠯᠪᠤᠭᠳᠠᠭᠤᠯᠤᠨ ᠰᠢᠨᠵᠢᠯᠡᠵᠤ ᠦᠵᠡᠪᠡᠯ᠄

  ᠬᠢᠲᠠᠳ ᠬᠡᠯᠡᠨ ᠤ᠋ ᠳᠠᠩ ᠦᠭᠡ ᠶ᠋ᠢ ᠮᠣᠩᠭᠤᠯ ᠦᠰᠦᠭ ᠢ᠋ᠶ᠋ᠡᠷ ᠪᠠᠭᠤᠯᠭᠠᠨ ᠪᠢᠴᠢᠬᠦ ᠳ᠋ᠤ᠌mao ᠶ᠋ᠢ ᠮᠣᠣᠭᠡᠵᠦ ᠨᠢᠭᠡᠳᠭᠡᠨ ᠪᠢᠴᠢᠬᠦ ᠪᠡᠷ ᠳᠦᠷᠢᠮᠵᠢᠭᠦᠯᠦᠭᠰᠡᠨ ᠪᠠᠢᠳᠠᠭ᠃ ᠡᠢᠮᠦ ᠡᠴᠡᠮᠠᠤ ᠶ᠋ᠢ ᠭᠠᠭᠴᠠᠬᠠᠨ ᠮᠠᠤ ᠽᠸ ᠳ᠋ᠦᠩ ᠲᠡᠷᠢᠭᠦᠯᠡᠭᠴᠢ ᠶ᠋ᠢᠨ ᠨᠡᠷ᠎ᠡ ᠶ᠋ᠢ ᠪᠢᠴᠢᠬᠦ ᠳ᠋ᠤ᠌ ᠯᠠ ᠬᠡᠷᠡᠭᠯᠡᠨ᠎ᠡ᠃ ᠥᠭᠡᠷ᠎ᠡ ᠪᠡᠷ ᠬᠡᠯᠡᠪᠡᠯ ᠠᠳᠠᠯᠢᠬᠠᠨ《毛泽东》ᠭᠡᠰᠡᠨ ᠨᠡᠷ᠎ᠡ ᠲᠠᠢ ᠬᠥᠮᠦᠨ ᠪᠠᠢᠭᠰᠠᠨ ᠴᠦ᠍ᠮᠠᠤᠬᠡᠮᠡᠨ ᠪᠢᠴᠢᠵᠦ ᠦᠯᠦ ᠪᠣᠯᠤᠨ᠎ᠠ᠃ ᠨᠢᠭᠡᠨᠲᠡ ᠬᠡᠪᠯᠡᠭᠳᠡᠭᠰᠡᠨ ᠨᠣᠮ ᠳᠡᠭᠡᠷ᠎ᠡᠵᠣᠬᠢᠶᠠᠯᠴᠢ ᠮᠠᠤ ᠳ᠋ᠦᠨ (矛盾)ᠭᠡᠵᠦ ᠪᠢᠴᠢᠭᠰᠡᠨ ᠨᠢ ᠱᠠᠯ ᠪᠤᠷᠤᠭᠤᠳᠠᠭᠰᠠᠨ ᠶᠠᠪᠤᠳᠠᠯ ᠪᠣᠯᠬᠤ ᠶᠤᠮ᠃

  ᠵᠠᠯᠭᠠᠮᠠᠯ ᠦᠰᠦᠭ ᠦ᠋ᠨ ᠨᠡᠷ᠎ᠡ ᠶ᠋ᠢ ᠳᠡᠯᠡᠬᠡᠢ ᠨᠡᠢᠲᠡ ᠶ᠋ᠢᠨ ᠵᠤᠷᠰᠢᠯ᠂ ᠤᠯᠤᠰ ᠤ᠋ᠨ ᠲᠣᠭᠲᠠᠭᠠᠯ ᠢ᠋ᠶ᠋ᠠᠷ ᠪᠣᠯ ᠵᠠᠯᠭᠠᠵᠤ ᠪᠢᠴᠢᠳᠡᠭ᠃ ᠭᠡᠬᠦ ᠳ᠋ᠤ᠌ ᠮᠣᠩᠭᠤᠯ ᠨᠡᠷ᠎ᠡ ᠶ᠋ᠢ ᠵᠠᠯᠭᠠᠵᠤ ᠪᠢᠴᠢᠬᠦ ᠳ᠋ᠤ᠌ ᠪᠠᠨ ᠴᠢᠩᠭ᠎ᠠ ᠬᠥᠨᠳᠡᠢ ᠦᠭᠡ ᠶ᠋ᠢ ᠬᠣᠭᠤᠷᠤᠨᠳᠤ ᠨᠢ ᠵᠠᠯᠭᠠᠵᠤ ᠪᠢᠴᠢᠬᠦ ᠪᠤᠶᠤ ᠡᠰᠡᠭᠦᠯ᠎ᠡ ᠴᠢᠩᠭ᠎ᠠ ᠪᠠ ᠬᠥᠨᠳᠡᠢ ᠦᠭᠡ ᠶ᠋ᠢ ᠵᠠᠯᠭᠠᠵᠤ ᠪᠢᠴᠢᠬᠦ ᠳ᠋ᠤ᠌ ᠴᠥᠮ ᠤᠤᠯ ᠦᠭᠡ ᠶ᠋ᠢᠨ ᠡᠯᠸᠮᠸᠨ᠋ᠲ ᠤ᠋ᠳ ᠢ᠋ ᠣᠷᠬᠢᠭᠳᠠᠭᠤᠯᠤᠯ ᠦᠭᠡᠢ ᠵᠠᠯᠭᠠᠵᠤ ᠪᠢᠴᠢᠳᠡᠭ᠃ ᠵᠢᠱ᠌ᠢᠶᠡᠯᠡᠪᠡᠯ᠂ᠳᠠᠯᠠᠢ+ᠳᠦᠭᠦᠷᠡᠩ ᠳᠠᠯᠠᠢᠳᠦ᠋ᠭᠦᠷᠡᠩ》《ᠠᠯᠲᠠᠨ+ᠰᠦᠬᠡ   ᠠᠯᠲᠠᠨᠰᠦ᠋ᠬᠡ》《ᠬᠡᠰᠢᠭ+ ᠵᠢᠷᠭᠠᠯ   ᠬᠡᠰᠢᠭᠵᠢᠷᠭᠠᠯᠭᠡᠬᠦ ᠮᠡᠲᠦ᠃ ᠭᠡᠲᠡᠯ᠎ᠡ ᠭᠠᠭᠴᠠ ᠬᠦ᠌ᠤᠯᠠᠭᠠᠨ+ᠬᠦᠤ  ᠤᠯᠠᠭᠠᠨᠬᠦᠦ》《ᠬᠦᠤ ᠶ᠋ᠢᠨ ᠰᠢᠯᠪᠢ ᠨᠢ ᠭᠡᠭᠡᠭᠳᠡᠭᠡᠳ ᠳᠦᠷᠢᠮᠵᠢᠯ ᠡᠴᠡ ᠵᠥᠷᠢᠴᠡᠭᠰᠡᠨ ᠣᠨᠴᠠᠭᠠᠢ ᠪᠢᠴᠢᠯᠭᠡ ᠪᠣᠯᠵᠠᠢ᠃ ᠣᠳᠣ ᠪᠣᠯᠬᠤ ᠳ᠋ᠤ᠌ᠬᠦᠤ ᠪᠣᠯᠭᠠᠨ ᠨᠢ ᠰᠢᠯᠪᠢ ᠦᠭᠡᠢ ᠪᠢᠴᠢᠭᠳᠡᠬᠦ ᠪᠣᠯᠤᠭᠰᠠᠨ ᠨᠢ ᠭᠠᠢᠬᠠᠯᠲᠠᠢ᠃ᠬᠠᠷᠠᠬᠦᠤ᠂ ᠪᠤᠷᠤᠬᠦᠤ᠂ ᠰᠢᠷᠠᠬᠦᠤ᠂ ᠬᠤᠷᠴᠢᠨᠬᠦᠤ᠂ ᠬᠠᠷᠠᠴᠢᠨᠬᠦᠤ᠂ ᠮᠤᠩᠭᠤᠯᠬᠦᠤᠭᠡᠵᠦ ᠪᠢᠴᠢᠬᠦ ᠨᠢ ᠬᠤᠪᠢ ᠬᠥᠮᠦᠨ ᠨᠡᠷ᠎ᠡ ᠪᠠᠨ ᠶᠠᠭᠠᠬᠢᠵᠤ ᠪᠢᠴᠢᠬᠦ ᠶ᠋ᠢ ᠬᠦᠨᠳᠦᠳᠭᠡᠵᠦ ᠪᠠᠢᠭ᠎ᠠ ᠬᠡᠳᠦᠢ ᠴᠦ᠍᠂ ᠡᠢᠮᠦ ᠳᠦᠷᠢᠮ ᠲᠣᠭᠲᠠᠭᠠᠯ᠂ ᠪᠠᠷᠢᠮᠵᠢᠶ᠎ᠠ ᠪᠠᠢᠳᠠᠭ ᠪᠣᠯᠪᠠ ᠤᠤ ᠭᠡᠳᠡᠭ ᠢ᠋ ᠪᠣᠳᠤᠭᠤᠰᠢᠲᠠᠢ᠃ ᠬᠥᠮᠦᠨ ᠪᠣᠯᠭᠠᠨ ᠥᠪᠡᠷ ᠦ᠋ᠨ ᠨᠡᠷ᠎ᠡ ᠪᠡᠨ ᠥᠪᠡᠷ ᠦ᠋ᠨ ᠳᠤᠷᠠᠰᠢᠯ ᠢ᠋ᠶ᠋ᠠᠷ ᠢ᠋ᠶ᠋ᠠᠨ ᠦᠰᠦᠭ ᠵᠤᠬᠢᠶᠠᠵᠦ ᠪᠢᠴᠢᠪᠡᠯ ᠶᠠᠮᠠᠷ ᠪᠠᠢᠳᠠᠯ ᠪᠣᠯᠳᠠᠭ ᠪᠣᠯ?

 《ᠥᠪᠡᠷᠲᠡᠭᠡᠨ ᠵᠠᠰᠠᠬᠤᠭᠡᠳᠡᠭ ᠦ᠋ᠨ ᠤᠤᠯ ᠤᠳᠭ᠎ᠠ ᠨᠢᠥᠪᠡᠷ ᠢ᠋ᠶ᠋ᠡᠨ ᠵᠠᠰᠠᠬᠤᠭᠡᠰᠡᠨ ᠤᠳᠭ᠎ᠠ ᠲᠠᠢ ᠪᠠᠢᠬᠤ ᠶᠣᠰᠣᠲᠠᠢ᠃ ᠳᠡᠭᠡᠷ᠎ᠡ ᠵᠠᠭᠤᠨ ᠤ᠋ ᠳᠥᠴᠢᠭᠡᠳ ᠣᠨ ᠤ᠋ ᠰᠡᠭᠦᠯᠴᠢ᠂ ᠲᠠᠪᠢᠭᠠᠳ ᠣᠨ ᠤ᠋ ᠡᠬᠢ ᠪᠡᠷ ᠵᠠᠷᠢᠮ ᠨᠣᠮ ᠰᠡᠳᠭᠦᠯ᠂ ᠳᠠᠩᠰᠠ ᠡᠪᠬᠡᠮᠡᠯ ᠳ᠋ᠤ᠌ ᠡᠨᠡ ᠬᠦ᠌ ᠤᠳᠭ᠎ᠠ ᠪᠡᠷᠥᠪᠡᠰᠦᠪᠡᠨ ᠵᠠᠰᠠᠬᠤᠭᠡᠵᠦ ᠪᠢᠴᠢᠭᠳᠡᠵᠦ ᠪᠠᠢᠭᠰᠠᠨ ᠪᠠᠢᠯ᠎ᠠ᠃ ᠵᠢᠱ᠌ᠢᠶᠡᠯᠡᠪᠡᠯ᠄ᠣᠲᠤᠭ ᠬᠣᠰᠢᠭᠤᠨ ᠤ᠋ ᠥᠪᠡᠰᠦᠪᠡᠨ ᠵᠠᠰᠠᠬᠤ ᠵᠠᠰᠠᠭ ᠤ᠋ᠨ ᠭᠠᠵᠠᠷᠭᠡᠬᠦ ᠮᠡᠲᠦ᠃ ᠰᠡᠭᠦᠯᠴᠢ ᠶ᠋ᠢᠨ ᠦᠶ᠎ᠡ ᠳ᠋ᠤ᠌ ᠴᠥᠮᠥᠪᠡᠷᠲᠡᠭᠡᠨ ᠵᠠᠰᠠᠬᠤᠬᠡᠮᠡᠨ ᠨᠢᠭᠡᠳᠭᠡᠨ ᠪᠢᠴᠢᠭᠡᠳ ᠣᠳᠣ ᠪᠣᠯᠤᠭᠰᠠᠨ ᠪᠠᠢᠳᠠᠭ᠃ᠥᠪᠡᠷᠲᠡᠭᠡᠨᠭᠡᠬᠦ ᠪᠢᠴᠢᠯᠭᠡ ᠨᠢᠥᠪᠡᠷ+ᠲᠤ᠌ (ᠥᠭᠬᠦ ᠤᠷᠤᠰᠢᠬᠤ ᠶ᠋ᠢᠨ ᠳᠠᠭᠠᠪᠦᠷᠢ) +ᠪᠠᠨ (ᠶᠡᠷᠦᠩᠬᠡᠢᠯᠡᠨ ᠬᠠᠮᠢᠶᠠᠳᠠᠭᠤᠯᠬᠤ ᠨᠥᠬᠦᠴᠡᠯ) ᠤ᠋ ᠵᠠᠯᠭᠠᠮᠠᠯ ᠪᠢᠴᠢᠯᠭᠡ ᠪᠣᠯᠬᠤ ᠶᠤᠮ᠃ ᠡᠭᠦᠨ ᠢ᠋ ᠤᠳᠭ᠎ᠠ ᠪᠤᠶᠤ ᠪᠢᠴᠢᠯᠭᠡ ᠶ᠋ᠢᠨ ᠠᠯᠢ ᠲᠠᠯ᠎ᠠ ᠠ᠋ᠴᠠ ᠨᠢ ᠰᠢᠨᠵᠢᠯᠡᠭᠰᠡᠨ ᠴᠦ᠍ ᠣᠨᠴᠠᠭᠠᠢ ᠪᠢᠴᠢᠯᠭᠡ ᠯᠠ ᠭᠡᠵᠦ ᠦᠵᠡᠨ᠎ᠡ᠃ ᠥᠭᠡᠷ᠎ᠡ ᠪᠡᠷ ᠬᠡᠯᠡᠪᠡᠯ ᠵᠠᠰᠠᠭ ᠵᠠᠬᠢᠷᠭᠠᠨ ᠤ᠋ ᠪᠠᠢᠭᠤᠯᠤᠮᠵᠢ ᠶ᠋ᠢᠨ ᠲᠤᠰᠭᠠᠢ ᠨᠡᠷ᠎ᠡ ᠪᠣᠯᠵᠤ ᠬᠡᠪᠰᠢᠭᠰᠡᠨ ᠪᠠᠢᠨ᠎ᠠ᠃ ᠣᠳᠣ ᠬᠠᠷᠢᠨᠪᠠᠭᠰᠢ ᠨᠠᠷ ᠥᠪᠡᠷ ᠢ᠋ᠶ᠋ᠡᠨ ᠪᠡᠯᠡᠳᠭᠡᠬᠦ ᠪᠡᠷ ᠲᠣᠭᠲᠠᠪᠠᠥᠪᠡᠷ ᠢ᠋ᠶ᠋ᠡᠨ ᠰᠤᠷᠬᠤ ᠪᠢᠴᠢᠭᠭᠡᠰᠡᠨ ᠢ᠋ᠪᠠᠭᠰᠢ ᠨᠠᠷ ᠥᠪᠡᠷᠲᠡᠭᠡᠨ ᠪᠡᠯᠡᠳᠭᠡᠬᠦ ᠪᠡᠷ ᠲᠣᠭᠲᠠᠪᠠ》《ᠥᠪᠡᠷᠲᠡᠭᠡᠨ ᠰᠤᠷᠬᠤ ᠪᠢᠴᠢᠭᠭᠡᠬᠦᠴᠢᠯᠡᠨ ᠪᠢᠴᠢᠬᠦ ᠦᠵᠡᠭᠳᠡᠯ ᠮᠠᠷ ᠰᠠᠷ ᠬᠠᠷᠠᠭᠳᠠᠵᠦ ᠪᠠᠢᠨ᠎ᠠ᠃

  ᠡᠨᠡ ᠬᠦ᠌ᠭᠤᠷᠪᠠᠨ ᠦᠭᠡ ᠶ᠋ᠢ ᠥᠭᠡᠷ᠎ᠡ ᠥᠭᠦᠯᠡᠪᠦᠷᠢ ᠶ᠋ᠢᠨ ᠣᠷᠴᠢᠨ ᠳ᠋ᠤ᠌ ᠠᠪᠢᠶ᠎ᠠ ᠪᠤᠶᠤ ᠪᠢᠴᠢᠯᠭᠡ ᠪᠡᠷ ᠨᠢ ᠪᠢᠴᠢᠬᠦ ᠪᠠᠢᠳᠠᠯ ᠭᠠᠵᠠᠷ ᠠᠪᠬᠤ ᠳ᠋ᠤ᠌ ᠬᠦᠷᠪᠡᠯ ᠮᠣᠩᠭᠤᠯ ᠦᠭᠡ ᠶ᠋ᠢᠨ ᠪᠢᠴᠢᠯᠭᠡ ᠳ᠋ᠤ᠌ ᠰᠠᠮᠠᠭᠤᠷᠠᠯ ᠳᠡᠭᠳᠡᠬᠦ ᠨᠢ ᠳᠠᠮᠵᠢᠭ ᠦᠭᠡᠢ᠃ ᠢᠷᠡᠯ ᠡᠭᠦᠰᠦᠯ᠂ ᠤᠴᠢᠷ ᠤᠳᠭ᠎ᠠ ᠶ᠋ᠢ ᠨᠢ ᠬᠦᠨᠳᠦᠳᠭᠡᠨ ᠦᠵᠡᠵᠦ ᠠᠩᠬᠠᠷᠤᠨ ᠰᠢᠨᠵᠢᠯᠡᠬᠦ ᠬᠡᠷᠡᠭᠲᠡᠢ᠃ ᠡᠭᠦᠨ ᠢ᠋ ᠰᠢᠢᠳᠪᠦᠷᠢᠯᠡᠬᠦ ᠬᠠᠮᠤᠭ ᠤ᠋ᠨ ᠰᠠᠢᠨ ᠠᠷᠭ᠎ᠠ ᠭᠡᠪᠡᠯ᠂ ᠬᠡᠯᠡᠨ ᠤ᠋ ᠵᠦᠢ ᠶ᠋ᠢᠨ ᠰᠤᠷᠬᠤ ᠪᠢᠴᠢᠭ ᠤ᠋ᠨ ᠣᠨᠴᠠᠭᠠᠢ ᠪᠢᠴᠢᠯᠭᠡ ᠶ᠋ᠢᠨ ᠵᠢᠱ᠌ᠢᠶᠡᠨ ᠳ᠋ᠤ᠌ ᠣᠷᠤᠭᠤᠯᠬᠤ᠂ ᠲᠠᠢᠯᠪᠦᠷᠢ ᠲᠣᠯᠢ ᠶ᠋ᠢᠨ ᠲᠣᠯᠤᠭᠠᠢ ᠦᠭᠡ ᠳ᠋ᠤ᠌ ᠵᠢᠭᠰᠠᠭᠠᠵᠤ ᠲᠤᠰᠭᠠᠢ ᠲᠠᠢᠯᠪᠦᠷᠢ ᠬᠠᠳᠠᠪᠠᠯ ᠵᠦᠢᠲᠡᠢ ᠭᠡᠵᠦ ᠦᠵᠡᠨ᠎ᠡ᠃

                      ᠥᠪᠦᠷ ᠮᠣᠩᠭᠤᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ   ᠲᠦᠮᠡᠨᠳᠡᠯᠭᠡᠷ

                      ᠥᠪᠦᠷ ᠮᠣᠩᠭᠤᠯ ᠤ᠋ᠨ ᠡᠳᠦᠷ ᠦ᠋ᠨ ᠰᠣᠨᠢᠨ ᠠ᠋ᠴᠠ ᠰᠢᠯᠵᠢᠭᠦᠯᠦᠨ ᠨᠡᠢᠲᠡᠯᠡᠪᠡ

 

 

(ᠬᠠᠷᠢᠭᠤᠴᠠᠭᠰᠠᠨ ᠨᠠᠢᠷᠠᠭᠤᠯᠤᠭᠴᠢ : ᠤᠷᠢᠬᠠᠨ)

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠦᠪᠦᠷ
ᠮᠤᠩᠭ᠋ᠤᠯ ᠤᠨ
ᠬᠡᠪᠯᠡᠯ ᠤ᠋ᠨ
ᠪᠦᠯᠦᠭᠯᠡᠯ
ᠬᠡᠪᠯᠡᠯ ᠤ᠋ᠨ
ᠡᠷᠬᠡ ᠲᠡᠢ
ᠦᠪᠦᠷ
ᠮᠤᠩᠭ᠋ᠤᠯ ᠤᠨ
ᠮᠤᠨᠢ
ᠨᠡᠷᠡᠮᠵᠢᠲᠦ
ᠰᠤᠶᠤᠯ ᠤᠨ
ᠵᠠᠭᠤᠴᠢ
ᠪᠦᠷᠢᠨ 
ᠪᠤᠰᠤ
ᠬᠠᠷᠢᠭᠤᠴᠠᠯᠭᠠᠳᠤ 
ᠺᠤᠮᠫᠠᠨᠢ
ᠲᠦᠰᠦᠪᠯᠡᠨ
ᠦᠢᠯᠡᠳᠪᠡ
ᠦᠪᠦᠷ
ᠮᠤᠩᠭ᠋ᠤᠯ ᠤᠨ
ᠳᠡᠯᠡᠬᠡᠢ
ᠮᠡᠳᠡᠭᠡ
ᠵᠠᠩᠬᠢ
ᠮᠡᠷᠭᠡᠵᠢᠯ ᠤᠨ
ᠬᠢᠵᠠᠭᠠᠷᠲᠤ
ᠺᠤᠮᠫᠠᠨᠢ
ᠮᠡᠷᠭᠡᠵᠢᠯ
ᠬᠠᠩᠭ᠋ᠠᠪᠠ
ᠬᠠᠶᠢ᠍ᠭ᠄
ᠦᠪᠦᠷ
ᠮᠤᠩᠭ᠋ᠤᠯ ᠤᠨ
ᠦᠪᠡᠷᠲᠡᠭᠡᠨ
ᠵᠠᠰᠠᠬᠤ
ᠤᠷᠤᠨ ᠤ
ᠬᠦᠬᠡᠬᠤᠳᠠ ᠵᠢᠨ ᠰᠢᠨ᠎ᠡ
ᠬᠤᠲᠠ
ᠲᠤᠭᠤᠷᠢᠭ ᠤᠨ
ᠰᠢᠩᠬᠤᠸᠠ
ᠵᠡᠬᠦᠨ
ᠵᠡᠭᠡᠯᠢ ᠵᠢᠨ
89ᠨᠤᠮᠧᠷ
ᠦᠪᠤᠷ
ᠮᠤᠩᠭ᠋ᠤᠯ ᠤᠨ
ᠬᠡᠪᠯᠡᠯ ᠤᠨ
ᠪᠦᠯᠦᠭᠯᠡᠯ
蒙ICP 备0500604