ᠮᠣᠩᠭᠤᠯ ᠦᠰᠦᠭ ᠪᠢᠴᠢᠭ ᠤ᠋ᠨ ᠤᠤᠭᠠᠨ ᠮᠦᠽᠧᠢ ᠮᠠᠨᠳᠤᠯ᠎ᠠ
2019.10.23

 

 
  10 ᠰᠠᠷ᠎ᠠ ᠶᠢᠨ 16 ᠠ᠋ᠴᠠ 17 ᠤ ᠡᠳᠦᠷ ᠪᠤᠯᠳᠠᠯ᠎ᠠ᠂ ᠲᠠᠳᠠᠳᠤᠩᠭ᠎ᠠ ᠨᠡᠷᠡᠮᠵᠢᠳᠤ ᠮᠤᠩᠭᠤᠯ ᠦᠰᠦᠭ ᠪᠢᠴᠢᠭ ᠤᠨ ᠮᠦᠽᠧᠢ ᠶᠢᠨ ᠨᠡᠭᠡᠭᠡᠯᠳᠡ ᠶᠢᠨ ᠶᠤᠰᠤᠯᠠᠯ ᠪᠠ ᠮᠤᠩᠭᠤᠯ ᠬᠡᠯᠡ ᠰᠤᠶᠤᠯ ᠤᠨ ᠡᠷᠳᠡᠮ ᠰᠢᠨᠵᠢᠯᠡᠭᠡᠨ ᠤ ᠰᠤᠳᠤᠯᠤᠨ ᠶᠠᠷᠢᠯᠴᠠᠬᠤ ᠬᠤᠷᠠᠯ ᠨᠠᠢ᠍ᠮᠠᠨ ᠬᠤᠰᠢᠭᠤᠨ ᠤ ᠲᠦᠪ ᠲᠠᠴᠢᠨᠳᠠᠯ᠎ᠠ ᠪᠠᠯᠭᠠᠰᠤᠨ ᠳᠤ ᠶᠠᠪᠤᠭᠳᠠᠨ᠂ ᠲᠡᠯᠡᠬᠡᠢ ᠲᠡᠭᠡᠷᠡᠬᠢ ᠴᠤᠷ ᠤᠨ ᠭᠠᠭᠴᠠ ᠮᠤᠩᠭᠤᠯ ᠦᠰᠦᠭ ᠪᠢᠴᠢᠭ ᠤᠨ ᠲᠤᠰᠬᠠᠢ ᠮᠦᠽᠧᠢ ᠨᠠᠢ᠍ᠮᠠᠨ ᠸᠠᠩ ᠤᠨ ᠤᠷᠳᠤᠨ ᠳᠤ ᠪᠠᠢᠭᠤᠯᠤᠭᠳᠠᠭᠰᠠᠨ ᠪᠠᠢᠯ᠎ᠠ᠃  
  ᠲᠠᠳᠠᠳᠤᠩᠭ᠎ᠠ ᠨᠡᠷᠡᠮᠵᠢᠳᠤ ᠮᠤᠩᠭᠤᠯ ᠦᠰᠦᠭ ᠪᠢᠴᠢᠭ ᠤᠨ ᠮᠦᠽᠧᠢ ᠶᠢᠨ ᠨᠡᠭᠡᠭᠡᠯᠳᠡ ᠶᠢᠨ ᠶᠤᠰᠤᠯᠠᠯ 10 ᠰᠠᠷ᠎ᠠ ᠶᠢᠨ 16 ᠤ ᠦᠳᠡ ᠶᠢᠨ ᠡᠮᠦᠨ᠎ᠡ ᠶᠠᠪᠤᠭᠳᠠᠵᠦ᠂ ᠶᠤᠰᠤᠯᠠᠯ ᠲᠡᠭᠡᠷ᠎ᠡ ᠴᠤᠢᠵᠤᠩᠵᠠᠪ᠂ ᠪ᠊ · ᠭᠡᠷᠡᠯᠳᠤ ᠵᠡᠷᠭᠡ ᠡᠷᠳᠡᠮᠳᠡᠨ ᠮᠡᠷᠭᠡᠳ ᠵᠢᠴᠢ ᠮᠤᠩᠭᠤᠯ ᠦᠰᠦᠭ ᠪᠢᠴᠢᠭ ᠤᠨ ᠰᠤᠶᠤᠯ ᠳ᠋ᠤ᠌ ᠪᠠᠨ ᠬᠠᠢᠷᠠᠳᠠᠢ ᠬᠥᠮᠦᠰ ᠤᠷᠤᠯᠴᠠᠵᠦ᠂ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠫᠷᠤᠹᠧᠰᠰᠤᠷ ᠪ᠊ · ᠭᠡᠷᠡᠯᠳᠤ᠂ ᠦᠪᠦᠷ ᠮᠤᠩᠭᠤᠯ ᠤᠨ ᠦᠨᠳᠦᠰᠦᠳᠡᠨ ᠤ ᠶᠡᠭᠡ ᠰᠤᠷᠭᠠᠭᠤᠯᠢ ᠶ᠋ᠢᠨ ᠫᠷᠤᠹᠧᠰᠰᠤᠷ ᠪ᠊ · ᠰᠦᠭᠡ᠂ ᠰᠢᠯᠢ ᠶᠢᠨ ᠭᠤᠤᠯ ᠠᠢᠮᠠᠬ ᠤᠨ ᠪᠠᠷᠠᠭᠤᠨ ᠦᠵᠦᠮᠦᠴᠢᠨ ᠬᠤᠰᠢᠭᠤᠨ ᠤ ᠪᠠᠭᠰᠢ ᠲᠠᠷᠤᠴᠢᠨ ᠮᠠᠨᠳᠤᠬᠤ ᠵᠡᠷᠭᠡ ᠬᠦᠮᠦᠰ ᠮᠤᠩᠭᠤᠯ᠂ ᠬᠢᠳᠡᠳ᠂ ᠶᠠᠫᠤᠨ᠂ ᠰᠤᠯᠤᠩᠭᠤᠰ᠂ ᠤᠷᠤᠰ᠂ ᠮᠠᠨᠵᠦ᠂ ᠲᠦᠪᠡᠳ᠂ ᠺᠢᠷᠢᠯ ᠵᠡᠷᠭᠡ ᠤᠯᠠᠨ ᠲᠦᠷᠦᠯ ᠤᠨ ᠦᠰᠦᠭ ᠪᠢᠴᠢᠭ ᠢ ᠪᠠᠭᠳᠠᠭᠠᠭᠰᠠᠨ 2 ᠲᠦᠮᠡ ᠭᠠᠷᠤᠢ ᠲᠡᠪᠳᠡᠷ ᠨᠤᠮ ᠢ ᠮᠦᠽᠧᠢ ᠳᠤ ᠬᠠᠨᠳᠢᠪᠯᠠᠵᠠᠢ᠃

  ᠮᠦᠽᠧᠢ ᠨᠢ《ᠶᠡᠷᠦᠩᠬᠡᠢ ᠤᠷᠤᠰᠢᠯ ᠤᠨ ᠲᠢᠩᠬᠢᠮ》᠂《ᠡᠷᠢᠨ ᠵᠠᠭᠤᠨ ᠤ ᠤᠷᠴᠢᠯ》ᠨᠡᠷᠡᠮᠵᠢᠳᠤ ᠪᠠᠷᠠᠭᠤᠨ ᠭᠠᠷᠤᠨ ᠲᠢᠩᠬᠢᠮ᠂《ᠬᠦᠭᠡ ᠮᠦᠩᠭᠡ ᠲᠡᠭᠷᠢ》ᠨᠡᠷᠡᠮᠵᠢᠳᠤ ᠭᠤᠤᠯ ᠲᠢᠩᠬᠢᠮ᠂《ᠬᠤᠭᠤᠷ ᠴᠤᠭᠤᠷ ᠤᠨ ᠠᠶᠠᠯᠭᠤ》ᠨᠡᠷᠡᠮᠵᠢᠳᠤ ᠵᠡᠬᠦᠨ ᠭᠠᠷᠤᠨ ᠲᠢᠩᠬᠢᠮ ᠪᠠ《ᠬᠤᠷ ᠠᠭᠰᠠᠭᠰᠠᠨ ᠬᠤᠷᠢᠨ ᠰᠡᠴᠡᠳ》ᠨᠡᠷᠡᠮᠵᠢᠳᠤ ᠭᠡᠷᠡᠮ ᠤᠨ ᠰᠡᠢᠯᠦᠮᠡᠯ ᠤᠨ ᠦᠵᠡᠮᠵᠢ᠂《ᠮᠦᠩᠭᠡ ᠤᠷᠤᠰᠢᠬᠤ ᠮᠤᠩᠭᠤᠯ ᠪᠢᠴᠢᠭ》ᠨᠡᠷᠡᠮᠵᠢᠳᠤ ᠴᠢᠯᠠᠭᠤᠨ ᠬᠥᠰᠢᠶᠡᠨ ᠤ᠋ ᠦᠵᠡᠮᠵᠢ ᠪᠠᠷ ᠪᠦᠷᠢᠯᠳᠦᠨ᠂ ᠤᠮᠠᠷᠠᠳᠤ ᠶ᠋ᠢᠨ ᠦᠨᠳᠦᠰᠦᠳᠡᠨ ᠨᠦ᠍ᠭᠦᠳ ᠪᠠ ᠮᠤᠩᠭᠤᠯ ᠲᠤᠭᠤᠷᠭᠠᠳᠠᠨ ᠤ ᠵᠤᠬᠢᠶᠠᠭᠰᠠᠨ ᠪᠤᠶᠤ ᠭᠡᠷᠡᠭᠯᠡᠭᠰᠡᠨ ᠾᠦᠩᠨᠦ ᠲᠦᠷᠺ ᠰᠢᠰᠲ᠋ᠧᠮ ᠤᠨ ᠦᠰᠦᠭ᠂ ᠰᠠᠨᠰᠺᠷᠢᠲ ᠲᠦᠪᠡᠳ ᠰᠢᠰᠲ᠋ᠧᠮ ᠤᠨ ᠦᠰᠦᠭ )ᠫᠠᠷᠠᠭᠮᠢ ᠦᠰᠦᠭ ᠪᠠᠭᠳᠠᠨ᠎ᠠ)᠂ ᠰᠤᠭᠳᠠ ᠤᠢᠭᠤᠷ ᠰᠢᠰᠲ᠋ᠧᠮ ᠤᠨ ᠦᠰᠦᠭ᠂ ᠠᠷᠠᠪ ᠫᠧᠷᠰ ᠰᠢᠰᠲ᠋ᠧᠮ ᠤᠨ ᠦᠰᠦᠭ᠂ ᠬᠢᠳᠡᠳ ᠰᠢᠰᠲ᠋ᠧᠮ ᠤᠨ ᠦᠰᠦᠭ (ᠬᠢᠳᠡᠨ᠂ ᠵᠦᠷᠴᠢᠨ᠂ ᠲᠠᠩᠭᠤᠳ ᠦᠰᠦᠭ ᠢ ᠪᠠᠭᠳᠠᠭᠠᠨ᠎ᠠ) ᠵᠡᠷᠭᠡ ᠲᠠᠪᠤᠨ ᠶᠡᠭᠡ ᠲᠦᠷᠦᠯ ᠤᠨ ᠬᠤᠷᠢᠭᠠᠳ ᠵᠦᠢᠯ ᠤᠨ ᠦᠰᠦᠭ ᠪᠢᠴᠢᠭ ᠢ ᠲᠤᠪᠴᠢ ᠲᠠᠨᠢᠯᠴᠠᠭᠤᠯᠤᠭᠰᠠᠨ ᠪᠦᠭᠡᠳ ᠵᠢᠷᠤᠭ ᠪᠠ ᠠᠷᠠᠰᠤᠨ ᠤᠷᠠᠯᠠᠯ ᠤᠨ ᠬᠡᠯᠪᠡᠷᠢ ᠪᠠᠷ ᠴᠢᠩᠬᠢᠰ ᠬᠠᠭᠠᠨ ᠲᠠᠳᠠᠳᠤᠩᠭ᠎ᠠ ᠬᠤᠶᠠᠷ ᠤᠨ ᠠᠭᠤᠯᠵᠠᠯᠳᠠ ᠵᠢᠴᠢ ᠤᠢᠭᠤᠷᠵᠢᠨ ᠮᠤᠩᠭᠤᠯ ᠦᠰᠦᠭ ᠢ ᠶᠡᠭᠡ ᠮᠤᠩᠭᠤᠯ ᠤᠯᠤᠰ ᠪᠠ ᠲᠦᠷᠪᠡᠨ ᠬᠠᠨᠳᠤ ᠤᠯᠤᠰ ᠤᠨ ᠭᠡᠪᠴᠢᠶᠡᠨ᠎ᠡ ᠲᠡᠯᠭᠡᠷᠡᠬᠦᠯᠦᠭᠰᠡᠨ ᠪᠠᠢᠳᠠᠯ ᠢ ᠲᠠᠨᠢᠯᠴᠠᠭᠤᠯᠵᠠᠢ᠃

  ᠡᠷᠳᠡᠨ ᠤ ᠰᠢᠳᠦᠭ )ᠪᠡᠭᠡ ᠶᠢᠨ ᠵᠢᠭᠤᠷᠤᠯ)᠂ ᠡᠷᠳᠡᠨ ᠤ ᠴᠠᠭᠠᠰᠤ ᠲᠠᠷᠤᠬᠤ ᠱᠤᠭᠤᠮ᠂ ᠡᠷᠳᠡᠨ ᠤ ᠲᠠᠮᠠᠭ᠎ᠠ᠂ ᠡᠷᠳᠡᠨ ᠤ ᠲᠠᠩᠭᠤᠳ ᠦᠰᠦᠭ ᠤᠨ ᠵᠡᠰ ᠭᠡᠪ ᠵᠡᠷᠭᠡ ᠡᠷᠳᠡᠨ ᠤ ᠡᠳ᠋ ᠦᠯᠦᠭ ᠪᠠᠢᠬᠤ ᠪᠦᠭᠡᠳ《ᠪᠠᠳᠮ᠎ᠠ ᠭᠠᠳᠠᠩ ᠰᠤᠳᠤᠷ》᠂ 《ᠭᠡᠰᠡᠷ ᠤᠨ ᠲᠤᠭᠤᠵᠢ》ᠵᠡᠷᠭᠡ ᠬᠤᠪᠤᠷ ᠴᠤᠬᠠᠭ ᠰᠤᠷᠪᠤᠯᠵᠢ ᠪᠢᠴᠢᠭ ᠢ ᠲᠡᠯᠭᠡᠨ ᠦᠵᠡᠬᠦᠯᠵᠦ᠂ ᠲᠠᠳᠠᠳᠤᠩᠭ᠎ᠠ᠂ ᠫᠠᠭᠪᠠ᠂ ᠴᠤᠢᠵᠢᠡᠤᠳᠽᠡᠷ ᠵᠡᠷᠭᠡ ᠮᠤᠩᠭᠤᠯ ᠦᠰᠦᠭ ᠪᠢᠴᠢᠭ ᠤᠨ ᠬᠦᠭᠵᠢᠯᠳᠡ ᠶᠢᠨ ᠲᠡᠦᠭᠡᠨ ᠳᠤ ᠤᠨᠴᠠᠭᠠᠢ ᠭᠠᠪᠢᠶ᠎ᠠ ᠵᠢᠳᠬᠦᠯ ᠦᠵᠡᠬᠦᠯᠦᠭᠰᠡᠨ 20 ᠰᠡᠴᠡᠳ ᠤ᠋ᠨ 24 ᠡᠷᠳᠡᠨ ᠤ ᠨᠡᠷᠡᠳᠤ ᠬᠦᠰᠢᠶᠡᠨ ᠪᠢᠴᠢᠭ ᠪᠠ ᠵᠤᠬᠢᠶᠠᠯ ᠪᠦᠲᠦᠭᠡᠯ ᠢ ᠴᠢᠯᠠᠭᠤᠨ ᠲᠡᠭᠡᠷ᠎ᠡ ᠰᠡᠢᠯᠦᠨ ᠦᠵᠡᠮᠦᠷᠢ ᠪᠤᠯᠭᠠᠵᠠᠢ᠃

  《ᠲᠠᠳᠠᠳᠤᠩᠭ᠎ᠠ ᠨᠡᠷᠡᠮᠵᠢᠳᠤ ᠮᠤᠩᠭᠤᠯ ᠦᠰᠦᠭ ᠪᠢᠴᠢᠭ ᠤᠨ ᠮᠦᠽᠧᠢ ᠪᠠᠢᠭᠤᠯᠤᠭᠳᠠᠭᠰᠠᠨ ᠨᠢ ᠤᠮᠠᠷᠠᠳᠤ ᠶᠢᠨ ᠡᠯ᠎ᠡ ᠦᠨᠳᠦᠰᠦᠳᠡᠨ ᠤ ᠦᠭᠡ ᠭᠡᠯᠡ ᠦᠰᠦᠭ ᠪᠢᠴᠢᠭ ᠤᠨ ᠰᠤᠳᠤᠯᠭᠠᠨ ᠳᠤ ᠰᠤᠷᠤᠯᠴᠠᠬᠤ᠂ ᠰᠤᠯᠢᠯᠴᠠᠬᠤ᠂ ᠰᠦᠪᠡᠭᠴᠢᠯᠡᠬᠦ ᠵᠢᠴᠢ ᠪᠤᠳᠠᠰ ᠤᠨ ᠪᠤᠰᠤ ᠰᠤᠶᠤᠯ ᠤᠨ ᠦᠪ ᠢ ᠬᠠᠮᠠᠭᠠᠯᠠᠨ᠂ ᠤᠯᠠᠮᠵᠢᠯᠠᠨ ᠬᠦᠭᠵᠢᠬᠦᠯᠬᠦ ᠲᠠᠪᠴᠠᠩ ᠬᠠᠩᠭᠠᠭᠰᠠᠨ ᠢᠶᠠᠷ ᠪᠠᠷᠠᠬᠤ ᠦᠭᠡᠢ ᠮᠤᠩᠭᠤᠯ ᠦᠰᠦᠭ ᠪᠢᠴᠢᠭ ᠤᠨ ᠲᠡᠦᠭᠡ ᠶᠢ ᠰᠤᠳᠤᠯᠬᠤ ᠨᠢᠭᠡᠨ ᠰᠠᠭᠤᠷᠢᠨ ᠪᠤᠯᠤᠭᠰᠠᠨ ᠢᠶᠠᠷ ᠢᠶᠠᠨ ᠡᠷᠳᠡᠮ ᠰᠢᠨᠵᠢᠯᠡᠭᠡᠨ ᠤ ᠦᠨ᠎ᠡ ᠦᠷᠳᠡᠭ ᠲᠠᠢ ᠪᠦᠭᠡᠳ ᠨᠡᠢᠭᠡᠮ ᠰᠤᠶᠤᠯ ᠤᠨ ᠦᠨ᠎ᠡ ᠦᠷᠳᠡᠭ ᠲᠠᠢ᠃ ᠡᠬᠦᠨ ᠢᠶᠠᠷ ᠪᠠᠷᠠᠬᠤ ᠦᠭᠡᠢ <ᠨᠢᠭᠡ ᠪᠦᠰᠡ ᠨᠢᠭᠡ ᠵᠠᠮ> ᠲᠠᠭᠠᠤ ᠤᠯᠤᠰ ᠤᠳ ᠤᠨ ᠦᠭᠡ ᠭᠡᠯᠡ ᠦᠰᠦᠭ ᠪᠢᠴᠢᠭ ᠤᠨ ᠰᠤᠶᠤᠯ ᠤᠨ ᠰᠤᠳᠤᠯᠭᠠᠨ ᠤ ᠲᠠᠯ᠎ᠠ ᠪᠠᠷ ᠴᠤ᠌ ᠠᠯᠤᠰ ᠭᠡᠳᠦ ᠶᠢᠨ ᠠᠴᠢ ᠬᠤᠯᠪᠤᠭᠳᠠᠯ ᠲᠠᠢ᠃ ᠡᠷᠳᠡᠨ ᠤ ᠮᠤᠩᠭᠤᠯ ᠨᠤᠮ ᠪᠢᠴᠢᠭ᠂ ᠰᠤᠷᠪᠤᠯᠵᠢ ᠪᠢᠴᠢᠭ ᠢ ᠴᠤᠭᠯᠠᠭᠤᠯᠤᠨ ᠡᠮᠬᠢᠳᠭᠡᠵᠦ᠂ ᠤᠯᠠᠮᠵᠢᠯᠠᠨ ᠬᠠᠮᠠᠭᠠᠯᠠᠨ᠂ ᠲᠡᠬᠦᠨ ᠤ ᠲᠤᠳᠤᠷᠠᠬᠢ ᠦᠨᠳᠦᠰᠦᠳᠡᠨ ᠤ ᠪᠦᠯᠬᠦᠮᠳᠡᠯ ᠤᠨ ᠦᠵᠡᠯ ᠰᠠᠨᠠᠭ᠎ᠠ᠂ ᠤᠴᠢᠷ ᠤᠳᠬ᠎ᠠ ᠶᠢ ᠠᠭᠤᠳᠠᠯᠠᠨ ᠲᠡᠯᠭᠡᠷᠡᠬᠦᠯᠬᠦ ᠳᠤ ᠴᠤ᠌ ᠮᠠᠰᠢ ᠴᠢᠬᠤᠯᠠ ᠠᠴᠢ ᠬᠤᠯᠪᠤᠭᠳᠠᠯ ᠲᠠᠢ》ᠭᠡᠵᠦ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠤᠯᠠᠨ ᠤᠯᠤᠰ ᠤᠨ ᠰᠤᠷᠭᠠᠨ ᠬᠦᠮᠦᠵᠢᠯ ᠤᠨ ᠲᠡᠭᠡᠳᠤ ᠰᠤᠷᠭᠠᠭᠤᠯᠢ ᠶᠢᠨ ᠵᠠᠬᠢᠷᠤᠯ᠂ ᠫᠷᠤᠹᠧᠰᠰᠤᠷ᠂ ᠳ᠋ᠤᠺᠲ᠋ᠤᠷᠠᠨᠲ ᠤᠨ ᠵᠢᠯᠤᠭᠤᠳᠤᠭᠴᠢ ᠪᠠᠭᠰᠢ ᠪᠠᠳᠮᠠᠡᠤᠳᠽᠡᠷ ᠶᠠᠷᠢᠵᠦ ᠪᠠᠢᠯ᠎ᠠ᠃

  ᠬᠠᠷᠢᠭᠤᠴᠠᠭᠰᠠᠨ ᠨᠠᠢᠷᠠᠭᠤᠯᠤᠭᠴᠢ᠄ ᠳᠣᠷᠤᠨ᠎ᠠ

  ᠠᠷᠠᠳ ᠤ᠋ᠨ ᠰᠦᠯᠵᠢᠶᠡᠨ ᠠ᠋ᠴᠠ ᠰᠢᠯᠵᠢᠭᠦᠯᠦᠨ ᠨᠡᠢᠳᠡᠯᠡᠪᠡ

 

 

(ᠬᠠᠷᠢᠭᠤᠴᠠᠭᠰᠠᠨ ᠨᠠᠢᠷᠠᠭᠤᠯᠤᠭᠴᠢ : ᠤᠷᠢᠬᠠᠨ)

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠦᠪᠦᠷ
ᠮᠤᠩᠭ᠋ᠤᠯ ᠤᠨ
ᠬᠡᠪᠯᠡᠯ ᠤ᠋ᠨ
ᠪᠦᠯᠦᠭᠯᠡᠯ
ᠬᠡᠪᠯᠡᠯ ᠤ᠋ᠨ
ᠡᠷᠬᠡ ᠲᠡᠢ
ᠦᠪᠦᠷ
ᠮᠤᠩᠭ᠋ᠤᠯ ᠤᠨ
ᠮᠤᠨᠢ
ᠨᠡᠷᠡᠮᠵᠢᠲᠦ
ᠰᠤᠶᠤᠯ ᠤᠨ
ᠵᠠᠭᠤᠴᠢ
ᠪᠦᠷᠢᠨ 
ᠪᠤᠰᠤ
ᠬᠠᠷᠢᠭᠤᠴᠠᠯᠭᠠᠳᠤ 
ᠺᠤᠮᠫᠠᠨᠢ
ᠲᠦᠰᠦᠪᠯᠡᠨ
ᠦᠢᠯᠡᠳᠪᠡ
ᠦᠪᠦᠷ
ᠮᠤᠩᠭ᠋ᠤᠯ ᠤᠨ
ᠳᠡᠯᠡᠬᠡᠢ
ᠮᠡᠳᠡᠭᠡ
ᠵᠠᠩᠬᠢ
ᠮᠡᠷᠭᠡᠵᠢᠯ ᠤᠨ
ᠬᠢᠵᠠᠭᠠᠷᠲᠤ
ᠺᠤᠮᠫᠠᠨᠢ
ᠮᠡᠷᠭᠡᠵᠢᠯ
ᠬᠠᠩᠭ᠋ᠠᠪᠠ
ᠬᠠᠶᠢ᠍ᠭ᠄
ᠦᠪᠦᠷ
ᠮᠤᠩᠭ᠋ᠤᠯ ᠤᠨ
ᠦᠪᠡᠷᠲᠡᠭᠡᠨ
ᠵᠠᠰᠠᠬᠤ
ᠤᠷᠤᠨ ᠤ
ᠬᠦᠬᠡᠬᠤᠳᠠ ᠵᠢᠨ ᠰᠢᠨ᠎ᠡ
ᠬᠤᠲᠠ
ᠲᠤᠭᠤᠷᠢᠭ ᠤᠨ
ᠰᠢᠩᠬᠤᠸᠠ
ᠵᠡᠬᠦᠨ
ᠵᠡᠭᠡᠯᠢ ᠵᠢᠨ
89ᠨᠤᠮᠧᠷ
ᠦᠪᠤᠷ
ᠮᠤᠩᠭ᠋ᠤᠯ ᠤᠨ
ᠬᠡᠪᠯᠡᠯ ᠤᠨ
ᠪᠦᠯᠦᠭᠯᠡᠯ
蒙ICP 备0500604