《ᠦᠨᠲᠦᠰᠦᠲᠡᠡ᠎ᠤ ᠤᠳᠬ᠎ᠠ ᠵᠤᠬᠢᠶᠠᠯ》 ᠮᠤᠩᠭᠤᠯ ᠲᠦᠪᠡᠳ ᠤᠢᠭᠤᠷ ᠬᠡᠯᠡᠡ᠎ᠤ ᠬᠡᠪᠯᠡᠯ 10 ᠵᠢᠯ᠎ᠤᠨ ᠲᠤᠷᠱᠢ 500 ᠱᠢᠬᠠᠮ ᠡᠭᠡ ᠭᠡᠯᠡᠡ᠎ᠤ ᠵᠤᠬᠢᠶᠠᠯ ᠨᠡᠢᠳᠡᠯᠠᠵᠠᠢ
2019.10.23
  ᠱᠢᠨᠬᠤᠧᠠ ᠬᠤᠷᠢᠶᠠᠠ᠎ᠤ ᠪᠡᠭᠡᠵᠢᠩ᠎ᠤᠨ 10 ᠰᠠᠷ᠎ᠠ᠎ᠶᠢᠨ 16᠎ᠤ ᠴᠠᠬᠢᠯᠭᠠᠠ ᠮᠡᠲᠡᠭᠡ ) ᠰᠤᠷᠪᠤᠯᠵᠢᠯᠠᠭᠴᠢ ᠱᠢ ᠵᠢᠩ ᠨᠠᠠ) ᠰᠤᠷᠪᠤᠯᠵᠢᠯᠠᠭᠴᠢ 16᠎ᠤ ᠡᠲᠦᠷ ᠪᠡᠭᠡᠵᠢᠩ᠎ᠳᠤ ᠬᠤᠷᠠᠯᠲᠤᠭᠰᠠᠨ 《ᠦᠨᠲᠦᠰᠦᠲᠡᠡ᠎ᠤ ᠤᠳᠬ᠎ᠠ ᠵᠤᠬᠢᠶᠠᠯ》 ᠰᠡᠳᠭᠦᠯ᠎ᠤᠨ ᠮᠤᠩᠭᠤᠯ᠂ ᠲᠦᠪᠡᠳ᠂ ᠤᠢᠭᠤᠷ ᠬᠡᠯᠡᠡ᠎ᠤ ᠬᠡᠪᠯᠡᠯ᠎ᠤᠨ ᠬᠡᠪᠯᠡᠯ ᠡᠬᠢᠯᠡᠭᠰᠡᠨ 10 ᠵᠢᠯ᠎ᠤᠨ ᠤᠢ᠎ᠶᠢᠨ ᠶᠠᠷᠢᠯᠴᠠᠬᠤ ᠬᠤᠷᠠᠯ ᠡᠴᠠ ᠤᠢᠯᠠᠭᠠᠭᠰᠠᠠ᠎ᠢᠶᠠᠷ᠂ ᠤᠯᠤᠰ᠎ᠤᠨ ᠲᠤᠲᠤᠭᠠᠲᠤ᠎ᠶᠢᠨ ᠴᠤᠷ᠎ᠤᠨ ᠭᠠᠭᠴᠠ ᠪᠦᠬᠦ ᠤᠯᠤᠰ᠎ᠤᠨ ᠴᠢᠨᠠᠷᠲᠠᠢ ᠴᠦᠭᠡᠡ ᠲᠤᠭᠠᠲᠦ ᠦᠨᠲᠦᠰᠦᠲᠡᠡ᠎ᠤ ᠤᠳᠬ᠎ᠠ ᠵᠤᠬᠢᠶᠠᠯ᠎ᠤᠨ ᠰᠠᠷ᠎ᠠ᠎ᠶᠢᠨ ᠰᠡᠳᠭᠦᠯ ᠪᠤᠯᠤᠭᠰᠠᠠ᠎ᠤ ᠬᠤᠪᠢ᠎ᠳᠤ᠂ 《ᠦᠨᠲᠦᠰᠦᠲᠡᠡ᠎ᠤ ᠤᠳᠬ᠎ᠠ ᠵᠤᠬᠢᠶᠠᠯ》 ᠰᠡᠳᠭᠦᠯ 2009 ᠎ᠤᠨ᠎ᠳᠤ ᠮᠤᠩᠭᠤᠯ᠂ ᠲᠦᠪᠡᠳ ᠪᠠ ᠤᠢᠭᠤᠷ ᠬᠡᠯᠡᠡ᠎ᠤ ᠬᠡᠪᠯᠡᠯ᠎ᠢᠶᠠᠨ ᠡᠬᠢᠯᠡᠭᠦᠯᠦᠭᠰᠡᠡ ᠡᠴᠠ ᠨᠠᠭᠠᠱᠢ᠂ ᠨᠡᠢᠲᠡ 500 ᠬᠤᠪᠢ ᠱᠢᠬᠠᠮ ᠡᠬᠡ ᠬᠡᠯᠡᠡ᠎ᠤ ᠵᠤᠬᠢᠶᠠᠯ ᠨᠡᠢᠲᠡᠯᠡᠵᠦ᠂ ᠲᠤᠮᠲᠠᠲᠤ ᠤᠯᠤᠰ᠎ᠤᠨ ᠤᠳᠬ᠎ᠠ ᠵᠤᠬᠢᠶᠠᠯ᠎ᠤᠨ ᠬᠠᠮᠤᠭ ᠱᠢᠨ᠎ᠠ ᠪᠠᠢᠲᠠᠯ᠎ᠢ ᠴᠦᠭᠡᠡ ᠲᠤᠭᠠᠲᠤ ᠦᠨᠲᠦᠰᠦᠲᠡᠡ᠎ᠤ ᠡᠬᠡ ᠬᠡᠯᠡ᠎ᠶᠢᠨ ᠤᠩᠱᠢᠠᠠᠴᠢᠳ᠎ᠲᠤ ᠴᠠᠭ ᠲᠤᠬᠠᠢ᠎ᠳᠤ᠎ᠨᠢ ᠤᠢᠯᠠᠭᠠᠭᠤᠯᠵᠦ᠂ ᠤᠲᠤ ᠦᠶ᠎ᠠ᠎ᠶᠢᠨ ᠲᠤᠮᠲᠠᠲᠤ ᠤᠯᠤᠰ᠎ᠤᠨ ᠤᠳᠬ᠎ᠠ ᠵᠤᠬᠢᠶᠠᠯ᠎ᠤᠨ ᠴᠡᠴᠡᠭᠯᠡᠯᠲᠡ ᠬᠦᠭᠵᠢᠯᠲᠠ᠎ᠶᠢ ᠬᠠᠮᠲᠤ ᠬᠤᠪᠢᠶᠠᠯᠴᠠᠭᠰᠠᠨ ᠪᠠᠢᠨ᠎ᠠ᠃
   《ᠦᠨᠲᠦᠰᠦᠲᠡᠡ᠎ᠤ ᠤᠳᠬ᠎ᠠ ᠵᠤᠬᠢᠶᠠᠯ》 ᠰᠡᠳᠭᠦᠯ ᠪᠤᠯ ᠲᠤᠮᠲᠠᠲᠤ ᠤᠯᠤᠰ᠎ᠤᠨ ᠵᠤᠬᠢᠶᠠᠯᠴᠢᠳ᠎ᠤᠨ ᠡᠪᠯᠡᠯ ᠡᠴᠠ ᠭᠤᠤᠯᠯᠠᠠ ᠬᠠᠮᠢᠶᠠᠷᠴᠤ᠂ ᠲᠤᠮᠲᠠᠲᠤ ᠤᠯᠤᠰ᠎ᠤᠨ ᠵᠤᠬᠢᠶᠠᠯᠴᠢᠳ᠎ᠤᠨ ᠬᠡᠪᠯᠡᠯ᠎ᠤᠨ ᠪᠦᠯᠦᠭᠯᠡᠯ᠎ᠠᠴᠠ ᠭᠤᠤᠯᠯᠠᠠ ᠡᠷᠬᠢᠯᠡᠵᠦ ᠪᠠᠢᠭ᠎ᠠ ᠤᠯᠤᠰ᠎ᠤᠨ ᠲᠤᠲᠤᠭᠠᠲᠤ᠎ᠶᠢᠨ ᠴᠤᠷ᠎ᠤᠨ ᠭᠠᠭᠴᠠ ᠪᠦᠬᠦ ᠤᠯᠤᠰ᠎ᠤᠨ ᠴᠢᠨᠠᠷᠳᠠᠢ ᠴᠦᠭᠡᠡ ᠲᠤᠭᠠᠲᠦ ᠦᠨᠲᠦᠰᠦᠲᠡᠡ᠎ᠤ ᠤᠳᠬ᠎ᠠ ᠵᠤᠬᠢᠶᠠᠯ᠎ᠤᠨ ᠰᠠᠷ᠎ᠠ᠎ᠶᠢᠨ ᠰᠡᠳᠭᠦᠯ ᠪᠤᠯᠤᠨ᠎ᠠ᠃ ᠬᠢᠲᠠᠳ ᠬᠡᠪᠯᠡᠯ᠎ᠨᠢ 1981᠎ᠤᠨ᠎ᠳᠤ ᠬᠡᠪᠯᠡᠯ ᠡᠬᠢᠯᠡᠵᠠᠢ᠃ 2009᠎ᠤᠨ᠎ᠳᠤ᠂ ᠱᠢᠨ᠎ᠠ ᠲᠤᠮᠲᠠᠲᠤ ᠤᠯᠤᠰ ᠪᠠᠢᠭᠤᠯᠤᠭᠲᠠᠭᠰᠠᠠ 60 ᠵᠢᠯ᠎ᠤᠨ ᠤᠢ᠎ᠶᠢᠨ ᠲᠠᠱᠢᠷᠠᠮ᠎ᠳᠤ᠂ 《ᠦᠨᠲᠦᠰᠦᠲᠡᠡ᠎ᠤ ᠤᠳᠬ᠎ᠠ ᠵᠤᠬᠢᠶᠠᠯ》 ᠰᠡᠳᠭᠦᠯ᠎ᠤᠨ ᠮᠤᠩᠭᠤᠯ᠂ ᠲᠦᠪᠡᠳ᠂ ᠤᠢᠭᠤᠷ ᠬᠡᠯᠡᠡ᠎ᠤ ᠬᠡᠪᠯᠡᠯ᠎ᠨᠢ ᠬᠡᠪᠯᠡᠯ ᠡᠬᠢᠯᠡᠭᠰᠡᠨ ᠪᠠᠢᠨ᠎ᠠ᠃

  ᠲᠠᠨᠢᠯᠴᠠᠭᠤᠯᠤᠭᠰᠠᠠ᠎ᠢᠶᠠᠷ᠂ ᠡᠨᠡ ᠭᠤᠷᠪᠠᠠ ᠬᠡᠯᠡᠡ᠎ᠤ ᠰᠡᠳᠭᠦᠯ ᠬᠡᠪᠯᠡᠯ ᠡᠬᠢᠯᠡᠭᠰᠡᠨ᠎ᠠᠴᠠ ᠨᠠᠭᠠᠱᠢ᠂ ᠴᠦᠭᠡᠡ ᠲᠤᠭᠠᠲᠦ ᠦᠨᠲᠦᠰᠦᠲᠡᠡ᠎ᠤ ᠵᠤᠬᠢᠶᠠᠯᠴᠢᠳ᠎ᠢ ᠲᠡᠳᠭᠦᠠ ᠬᠦᠮᠦᠵᠢᠭᠦᠯᠬᠦ᠂ ᠴᠦᠭᠡᠡ ᠲᠤᠭᠠᠲᠦ ᠦᠨᠲᠦᠰᠦᠲᠡᠡ᠎ᠤ ᠤᠳᠬ᠎ᠠ ᠵᠤᠬᠢᠶᠠᠯ᠎ᠢ ᠴᠡᠴᠡᠭᠯᠡᠭᠦᠯᠦᠨ ᠬᠦᠭᠵᠢᠭᠦᠯᠬᠦ᠂ ᠦᠨᠲᠦᠰᠦᠲᠡᠡ᠎ᠤ ᠪᠦᠯᠬᠦᠮᠲᠡᠯ ᠲᠠᠪᠱᠢᠯᠲᠠ᠎ᠶᠢ ᠠᠬᠢᠭᠤᠯᠬᠤ ᠵᠤᠷᠢᠯᠲᠠ᠎ᠶᠢ ᠪᠠᠷᠢᠮᠳᠠᠯᠠᠨ ᠬᠡᠪᠯᠡᠯ  ᠡᠷᠬᠢᠯᠡᠵᠦ᠂ ᠲᠤᠰ ᠪᠦᠷᠢ 62 ᠬᠤᠭᠤᠴᠠᠭᠠᠨ᠎ᠤ ᠰᠡᠳᠭᠦᠯ ᠬᠡᠪᠯᠡᠭᠦᠯᠵᠦ᠂ ᠯᠤᠤ ᠱᠸ᠂ ᠸᠠᠩ ᠽᠧᠩ ᠴᠢ᠂ ᠲᠢ᠌ᠸ ᠨᠢᠩ᠂ ᠮᠦᠧᠤ ᠶᠠᠠ᠂ ᠸᠠᠩ ᠮᠧᠩ ᠵᠡᠷᠭᠡ ᠤᠯᠤᠰ᠎ᠤᠨ ᠲᠤᠲᠤᠭᠠᠲᠤ᠎ᠶᠢᠨ 700 ᠭᠠᠷᠤᠢ ᠵᠣᠬᠢᠶᠠᠯᠴᠢᠳ᠎ᠤᠨ ᠱᠢᠯᠢᠲᠡᠭ ᠪᠦᠲᠦᠭᠡᠯ ᠵᠢᠴᠢ ᠬᠠᠢ ᠮᠢᠩ ᠸᠧᠢ᠂ ᠲᠧᠭᠤᠷ᠂ ᠷᠤᠮᠠᠨ·ᠷᠤᠯᠠᠠᠳ ᠵᠡᠷᠭᠡ ᠭᠠᠲᠠᠭᠠᠲᠤ᠎ᠶᠢᠨ ᠠᠯᠢ ᠤᠯᠠᠨ ᠠᠯᠲᠠᠷᠲᠦ ᠵᠤᠬᠢᠶᠠᠯᠴᠢᠳ᠎ᠤᠨ ᠰᠤᠳᠤᠨ ᠪᠦᠲᠦᠭᠡᠯ᠎ᠢ ᠪᠠᠭᠳᠠᠭᠠᠭᠰᠠᠨ 700 ᠭᠠᠷᠤᠢ ᠤᠷᠴᠢᠭᠤᠯᠭ᠎ᠠ᠎ᠶᠢᠨ ᠪᠦᠲᠦᠭᠡᠯ ᠨᠡᠢᠲᠡᠯᠡᠵᠠᠢ᠃ ᠮᠤᠩᠭᠤᠯ ᠬᠡᠯᠡᠡ᠎ᠤ ᠬᠡᠪᠯᠡᠯ᠎ᠳᠤ 180 ᠭᠠᠷᠤᠢ ᠦᠨᠳᠦᠰᠦᠲᠡᠨ᠎ᠤ ᠡᠬᠡ ᠬᠡᠯᠡᠨ᠎ᠤ ᠪᠦᠲᠦᠭᠡᠯ᠎ᠢ ᠨᠡᠢᠲᠡᠯᠡᠵᠦ᠂ 200 ᠭᠠᠷᠤᠢ ᠤᠷᠴᠢᠭᠤᠯᠤᠭᠴᠢ ᠤᠷᠴᠢᠭᠤᠯᠬᠤ ᠠᠵᠢᠯ᠎ᠳᠤ ᠤᠷᠤᠯᠴᠠᠭᠰᠠᠠ ᠪᠠᠢᠨ᠎ᠠ; ᠲᠦᠪᠡᠳ ᠬᠡᠯᠡᠡ᠎ᠤ ᠬᠡᠪᠯᠡᠯ᠎ᠨᠢ 160 ᠭᠠᠷᠤᠢ ᠦᠨᠳᠦᠰᠦᠲᠡᠨ᠎ᠤ ᠡᠬᠡ ᠬᠡᠯᠡᠨ᠎ᠤ ᠪᠦᠲᠦᠭᠡᠯ᠎ᠢ ᠨᠡᠢᠲᠡᠯᠡᠵᠦ᠂ 140 ᠭᠠᠷᠤᠢ ᠤᠷᠴᠢᠭᠤᠯᠤᠭᠴᠢ ᠤᠷᠴᠢᠭᠤᠯᠬᠤ ᠠᠵᠢᠯ᠎ᠳᠤ ᠤᠷᠤᠯᠴᠠᠵᠠᠢ; ᠤᠢᠭᠤᠷ ᠬᠡᠯᠡᠡ᠎ᠤ ᠬᠡᠪᠯᠡᠯ᠎ᠳᠤ 140 ᠭᠠᠷᠤᠢ ᠦᠨᠳᠦᠰᠦᠲᠡᠨ᠎ᠤ ᠡᠭᠡ ᠬᠡᠯᠡᠨ᠎ᠤ ᠪᠦᠲᠦᠭᠡᠯ᠎ᠢ ᠨᠡᠢᠲᠡᠯᠡᠵᠦ᠂ 160 ᠭᠠᠷᠤᠢ ᠤᠷᠴᠢᠭᠤᠯᠤᠭᠴᠢ ᠤᠷᠴᠢᠭᠤᠯᠬᠤ ᠠᠵᠢᠯ᠎ᠳᠤ ᠤᠷᠤᠯᠴᠠᠵᠠᠢ᠃  

  ᠡᠭᠦᠨ᠎ᠠᠴᠠ ᠭᠠᠲᠠᠨ᠎ᠠ᠂ 《ᠦᠨᠲᠦᠰᠦᠲᠡᠡ᠎ᠤ ᠤᠳᠬ᠎ᠠ ᠵᠤᠬᠢᠶᠠᠯ》 ᠰᠡᠳᠭᠦᠯ ᠪᠠᠰᠠ ᠪᠡᠭᠡᠵᠢᠩ᠂ ᠱᠢᠨᠵᠢᠶᠠᠩ᠂ ᠲᠦᠪᠡᠳ᠂ ᠬᠦᠬᠡᠨᠠᠭᠤᠷ᠂ ᠦᠪᠦᠷ ᠮᠤᠩᠭᠤᠯ᠂ ᠭᠠᠠᠰᠦ ᠵᠡᠷᠭᠡ ᠭᠠᠵᠠᠷ᠎ᠲᠤ ᠲᠤᠰ ᠪᠦᠷᠢ ᠭᠤᠷᠪᠠᠠ ᠬᠡᠯᠡᠡ᠎ᠤ ᠬᠡᠪᠯᠡᠯ᠎ᠤᠨ ᠵᠤᠬᠢᠶᠠᠯᠴᠢᠳ ᠪᠣᠯᠤᠨ ᠤᠷᠴᠢᠭᠤᠯᠤᠭᠴᠢᠳ᠎ᠲᠤ ᠡᠭᠡ ᠪᠢᠴᠢᠭ ᠵᠠᠰᠭᠠᠤ ᠠᠩᠭᠢ᠂ ᠪᠤᠯᠪᠠᠰᠤᠷᠠᠯ᠎ᠤᠨ ᠠᠩᠭᠢ ᠪᠠᠢᠭᠤᠯᠬᠤ᠎ᠶᠢᠨ ᠬᠠᠮᠲᠤ ᠰᠤᠲᠤᠯᠤᠨ ᠶᠠᠷᠢᠯᠴᠠᠬᠤ ᠬᠤᠷᠠᠯ ᠡᠷᠬᠢᠯᠡᠨ᠂ ᠴᠦᠭᠡᠡ ᠲᠤᠭᠠᠲᠦ ᠦᠨᠲᠦᠰᠦᠲᠡᠡ᠎ᠤ ᠡᠭᠡ ᠬᠡᠯᠡᠨ᠎ᠤ ᠵᠤᠬᠢᠶᠠᠯᠴᠢᠳ ᠪᠤᠯᠤᠨ ᠤᠷᠴᠢᠭᠤᠯᠤᠭᠴᠢᠳ᠎ᠤᠨ ᠤᠳᠬ᠎ᠠ ᠵᠤᠬᠢᠶᠠᠯ᠎ᠤᠨ ᠬᠡᠪ ᠪᠤᠯᠪᠠᠰᠤᠷᠠᠯ᠎ᠢ ᠳᠡᠭᠡᠭᠱᠢᠯᠡᠭᠦᠯᠵᠦ ᠪᠠᠰᠠ ᠦᠯᠡᠮᠵᠢ ᠤᠯᠠᠠ ᠤᠳᠬ᠎ᠠ ᠵᠤᠬᠢᠶᠠᠯ  ᠵᠣᠬᠢᠶᠠᠬᠤ ᠪᠠ ᠤᠷᠴᠢᠭᠤᠯᠬᠤ ᠱᠢᠨ᠎ᠠ ᠬᠦᠮᠦᠨ᠎ᠢ ᠬᠦᠮᠦᠵᠢᠭᠦᠯᠦᠭᠰᠡᠡ ᠪᠠᠢᠨ᠎ᠠ᠃

  ᠬᠠᠷᠢᠭᠤᠴᠠᠭᠰᠠᠨ ᠨᠠᠢᠷᠠᠭᠤᠯᠤᠭᠴᠢ᠄ ᠲᠤᠷᠤᠨ᠎ᠠ

  ᠠᠷᠠᠳ᠎ᠤᠨ ᠰᠦᠯᠵᠢᠶᠡᠨ᠎ᠡᠴᠡ ᠱᠢᠯᠵᠢᠭᠦᠯᠦᠨ ᠨᠡᠢᠳᠡᠯᠡᠪᠡ

(ᠬᠠᠷᠢᠭᠤᠴᠠᠭᠰᠠᠨ ᠨᠠᠢᠷᠠᠭᠤᠯᠤᠭᠴᠢ : ᠤᠷᠢᠬᠠᠨ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604