《ᠬᠦᠬᠡ ᠮᠤᠩᠭ᠋ᠤᠯ》 ᠷᠤᠮᠠᠨ ᠪᠤᠯ ᠬᠤᠪᠢ ᠵᠠᠶᠠᠭᠠᠨ᠎ᠤ ᠦᠬᠡᠷᠡᠴᠢᠯᠡᠯᠳᠡ᠎ᠶᠢᠨ ᠠᠶ᠎ᠠ ᠮᠥᠨ
2019.11.25

   《ᠲᠤᠰ ᠷᠤᠮᠠᠨ ᠪᠤᠯ ᠨᠢᠬᠡᠨ ᠤᠷᠳᠤ ᠮᠦᠷᠡᠨ᠂ ᠨᠢᠬᠡᠨ ᠬᠠᠭᠤᠳᠠᠰᠤ ᠵᠢᠷᠤᠭ᠂ ᠨᠢᠬᠡᠨ ᠬᠤᠪᠢ ᠵᠠᠶᠠᠭᠠᠨ᠎ᠤ ᠦᠬᠡᠷᠡᠴᠢᠯᠡᠯᠳᠡ᠎ᠶᠢᠨ ᠬᠥᠭ ᠠᠶ᠎ᠠ ᠮᠦᠨ ᠬᠡᠵᠤ ᠮᠤᠤ ᠳ᠋ᠦᠨ᠎ᠤ ᠤᠳᠬ᠎ᠠ ᠵᠤᠬᠢᠶᠠᠯ᠎ᠤᠨ ᠱᠠᠩᠨᠠᠯ᠎ᠤᠨ ᠬᠢᠨᠠᠭᠴᠢ ᠪᠤᠤ ᠰᠡᠴᠡᠨ ᠬᠠᠯᠢᠭᠤᠨ᠎ᠤ ᠬᠦᠬᠡ ᠮᠤᠩᠭ᠋ᠤᠯ ᠷᠤᠮᠠᠨ᠎ᠢ ᠦᠨᠡᠯᠡᠵᠡᠢ᠃

  ᠲᠤᠰ ᠷᠤᠮᠠᠨ᠎ᠳᠤ ᠤᠷᠴᠢᠨ ᠦᠶ᠎ᠡ᠎ᠶᠢᠨ ᠬᠤᠷᠴᠢᠨ ᠲᠠᠯ᠎ᠠ ᠨᠤᠳᠤᠭ ᠲᠡᠭᠡᠷ᠎ᠡ ᠤᠷᠤᠱᠢᠨ ᠠᠮᠢᠳᠤᠷᠵᠤ ᠪᠠᠢᠭ᠎ᠠ ᠮᠤᠷᠢᠨ ᠬᠤᠭᠤᠷᠴᠢᠨ ᠤᠳᠤᠮ᠎ᠤᠨ ᠬᠤᠶᠠᠷ ᠦᠶ᠎ᠡ᠎ᠶᠢᠨ ᠬᠦᠮᠦᠰ᠎ᠤᠨ ᠠᠮᠢᠳᠤᠷᠠᠯ᠎ᠢ ᠲᠦᠷᠰᠦᠯᠡᠨ ᠤᠶᠠᠩᠭ᠋ᠠᠯᠠᠬᠤ᠎ᠪᠡᠷ ᠲᠠᠮᠵᠢᠨ ᠬᠤᠷᠴᠢᠨ᠎ᠤ ᠲᠠᠯ᠎ᠠ ᠨᠤᠳᠤᠭ᠎ᠤᠨ ᠮᠤᠩᠭ᠋ᠤᠯ ᠦᠨᠳᠤᠰᠦᠳᠡᠨ᠎ᠤ ᠨᠡᠬᠦᠳᠡᠯ ᠠᠮᠢᠳᠤᠷᠠᠯ᠎ᠡᠴᠡ᠎ᠪᠡᠨ ᠰᠠᠯᠤᠩᠬᠢᠷᠠᠵᠤ ᠠᠭᠠᠵᠢᠮ᠎ᠢᠶᠡᠷ ᠬᠠᠭᠠᠰ ᠲᠠᠷᠢᠶᠠᠯᠠᠬᠤ ᠬᠠᠭᠠᠰ ᠮᠠᠯᠵᠢᠬᠤ ᠠᠮᠢᠳᠤᠷᠠᠯ᠎ᠳᠤ ᠤᠷᠤᠭᠰᠠᠨ ᠲᠡᠦᠬᠡᠨ ᠬᠤᠪᠢᠷᠠᠯ᠎ᠢ ᠲᠤᠰᠭᠠᠵᠤ᠂ ᠮᠤᠩᠭ᠋ᠤᠯᠴᠤᠳ᠎ᠤᠨ ᠡᠬᠡ ᠪᠠᠢᠭᠠᠯᠢ᠎ᠲᠠᠢ ᠵᠤᠬᠢᠴᠠᠨ ᠠᠮᠢᠳᠤᠷᠠᠬᠤ ᠦᠨᠳᠤᠰᠦᠳᠡᠨ᠎ᠤ ᠱᠢᠨᠵᠢ᠎ᠶᠢ ᠲᠠᠬᠢᠨᠳᠠ ᠬᠠᠷᠠᠭᠤᠯᠤᠭᠰᠠᠨ ᠪᠠᠢᠨ᠎ᠠ᠃

   《ᠬᠦᠬᠡ ᠮᠤᠩᠭ᠋ᠤᠯᠪᠤᠯ ᠬᠠᠯᠢᠭᠤᠨ᠎ᠤ ᠲᠦᠷᠪᠡᠳᠡᠬᠢ ᠷᠤᠮᠠᠨ ᠪᠤᠯᠤᠨ᠎ᠠ᠂ 2017᠎ᠤᠨ᠎ᠳᠤ ᠵᠤᠬᠢᠶᠠᠭᠴᠢ᠎ᠶᠢᠨ ᠬᠡᠪᠯᠡᠯ᠎ᠤᠨ ᠬᠤᠷᠢᠶᠠᠨ᠎ᠡᠴᠡ ᠬᠡᠪᠯᠡᠬᠦᠯᠵᠦ᠂ 2018᠎ᠤᠨ᠎ᠳᠤ ᠤᠩᠱᠢᠭᠴᠢᠳ᠎ᠲᠠᠢ ᠵᠤᠯᠭᠠᠪᠠ᠃

  ᠬᠠᠯᠢᠭᠤᠨ᠂ ᠤᠤᠯ᠎ᠨᠡᠷ᠎ᠡ᠎ᠨᠢ ᠬᠠᠢ ᠳ᠋ᠧ ᠼᠠᠢ᠂ ᠮᠤᠩᠭ᠋ᠤᠯ ᠦᠨᠳᠤᠰᠦᠳᠡᠨ᠂ ᠨᠢᠬᠡᠳᠤᠬᠡᠷ ᠵᠡᠷᠬᠡᠯᠡᠯ᠎ᠤᠨ ᠵᠤᠬᠢᠶᠠᠭᠴᠢ᠂ ᠬᠤᠷᠴᠢᠨ ᠵᠡᠬᠦᠨ ᠭᠠᠷᠤᠨ ᠲᠤᠮᠳᠠᠳᠤ ᠬᠤᠱᠢᠭᠤ ᠨᠤᠳᠤᠭ᠎ᠲᠠᠢ᠂ ᠤᠳᠤ ᠲᠤᠮᠳᠠᠳᠤ ᠤᠯᠤᠰ᠎ᠤᠨ ᠵᠣᠬᠢᠶᠠᠯᠴᠢᠳ᠎ᠤᠨ ᠨᠡᠢᠬᠡᠮᠯᠢᠭ᠎ᠤᠨ ᠬᠡᠱᠢᠬᠦᠨ᠂ ᠦᠪᠦᠷ ᠮᠤᠩᠭ᠋ᠤᠯ᠎ᠤᠨ ᠵᠣᠬᠢᠶᠠᠯᠴᠢᠳ᠎ᠤᠨ ᠨᠡᠢᠬᠡᠮᠯᠢᠭ᠎ᠤᠨ ᠲᠡᠳ ᠲᠡᠷᠢᠬᠦᠯᠡᠭᠴᠢ᠎ᠶᠢᠨ ᠲᠤᠱᠢᠶᠠᠯ᠎ᠲᠠᠢ᠃

 

        ᠨᠠᠢᠷᠠᠭᠤᠯᠤᠭᠴᠢ᠄ ᠪᠠᠢ ᠯᠢᠩ ᠳ᠋ᠢ

        ᠱᠢᠨᠬᠤᠸᠠ ᠮᠤᠩᠭ᠋ᠤᠯ ᠨᠧᠲ᠎ᠡᠴᠡ ᠱᠢᠯᠵᠢᠭᠦᠯᠦᠨ ᠨᠡᠢᠲᠡᠯᠡᠪᠡ

 
(ᠬᠠᠷᠢᠭᠤᠴᠠᠭᠰᠠᠨ ᠨᠠᠢᠷᠠᠭᠤᠯᠤᠭᠴᠢ : ᠰᠠᠭᠤᠷᠢᠪᠡᠬᠢ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604