ᠠᠮᠢᠯᠠᠯ ᠢ᠋ᠶ᠋ᠠᠷ ᠪᠢᠯᠬᠠᠭᠰᠠᠨ ᠵᠤᠨ ᠤ᠋ ᠡᠬᠢᠨ ᠰᠠᠷ᠎ᠠ  ᠬᠥᠪᠴᠢ ᠣᠢ ᠬᠥᠬᠡᠮᠳᠦᠭ ᠠᠭᠤᠯᠠᠨ ᠳ᠋ᠤ᠌ ᠵᠣᠷᠢᠭᠰᠠᠨ ᠨᠢ
2019.06.13

     《ᠡᠷᠡᠭᠦᠯ ᠴᠢᠭᠢᠷᠠᠭ ᠳᠤᠮᠳᠠᠳᠦ ᠤᠯᠤᠰ》ᠢ᠋ᠶ᠋ᠠᠨ ᠪᠦᠲᠦᠭᠡᠨ ᠪᠠᠢᠭᠤᠯᠵᠤ᠂ 《 ᠪᠤᠬᠢᠷᠳᠤᠯ ᠦᠭᠡᠢ ᠬᠥᠭᠵᠢᠯᠲᠡ》 ᠶ᠋ᠢᠨ ᠦᠵᠡᠯᠲᠡ ᠶ᠋ᠢ ᠰᠠᠨᠠᠭᠠᠴᠢᠯᠠᠨ᠂ ᠠᠵᠢᠯᠲᠠᠨ ᠠᠵᠢᠯᠴᠢᠨ ᠤ᠋ ᠰᠣᠶᠤᠯ ᠤ᠋ᠨ ᠠᠮᠢᠳᠤᠷᠠᠯ ᠢ᠋ ᠪᠠᠶᠠᠯᠢᠭᠵᠢᠭᠤᠯᠵᠤ᠂ ᠠᠵᠢᠯ ᠤ᠋ᠨ ᠤᠷᠮᠠᠰᠢᠯ ᠢ᠋  ᠳᠠᠢᠴᠢᠯᠠᠨ᠂ ᠰᠢᠨ᠎ᠡ ᠴᠠᠭ ᠡᠷᠢᠨ ᠤ᠋ ᠰᠢᠨ᠎ᠡ ᠠᠵᠤ ᠠᠬᠤᠢᠯᠠᠯ ᠤ᠋ᠨ ᠰᠣᠶᠤᠯ ᠢ᠋ ᠰᠤᠷᠲᠠᠯᠴᠢᠯᠠᠨ᠂ ᠥᠪᠦᠷ ᠮᠣᠩᠭᠤᠯ ᠤ᠋ᠨ ᠭᠡᠪᠯᠡᠯ ᠦ᠋ᠨ ᠪᠦᠯᠦᠭᠯᠡᠯ ᠤ᠋ᠨ ᠴᠢᠨᠠᠷᠯᠢᠭ ᠬᠥᠭᠵᠢᠯᠲᠡ ᠶ᠋ᠢ ᠨᠡᠩ ᠰᠠᠢᠨ ᠠᠬᠢᠭᠤᠯᠬᠤ ᠶ᠋ᠢᠨ ᠲᠥᠯᠦᠭᠡ᠂ 5 ᠰᠠᠷ᠎ᠠ ᠶ᠋ᠢᠨ 31 ᠤ᠋ ᠡᠳᠦᠷ ᠪᠦᠯᠦᠭᠯᠡᠯ ᠦ᠋ᠨ ᠠᠵᠢᠯᠴᠢᠨ ᠤ᠋ ᠡᠪᠯᠡᠯ ᠡᠴᠡ ᠵᠢᠯ ᠤ᠋ᠨ ᠠᠵᠢᠯ ᠤ᠋ᠨ ᠲᠥᠯᠦᠪᠯᠡᠭᠡ ᠶᠣᠰᠣᠭᠠᠷ ᠪᠦᠬᠦ ᠺᠠᠲᠷ ᠠᠵᠢᠯᠲᠠᠨ ᠢ᠋ᠶ᠋ᠠᠨ ᠵᠣᠬᠢᠶᠠᠨ ᠪᠠᠢᠭᠤᠯᠵᠤ᠂ ᠤᠰᠤᠳᠦ ᠶ᠋ᠢᠨ ᠤᠯᠤᠰ ᠤ᠋ᠨ ᠤᠢᠲᠤ ᠴᠡᠴᠡᠷᠯᠢᠭ ᠲᠤ᠌ ᠬᠥᠳᠡᠭᠡ ᠭᠠᠳᠠᠨ᠎ᠠ ᠪᠡᠶ᠎ᠠ ᠮᠠᠬᠠᠪᠤᠳ ᠢ᠋ᠶ᠋ᠠᠨ ᠴᠢᠬᠢᠷᠠᠭᠵᠢᠭᠤᠯᠬᠤ ᠬᠥᠳᠡᠯᠭᠡᠭᠡᠨ ᠥᠷᠨᠢᠭᠦᠯᠦᠭᠰᠡᠨ ᠪᠠᠢᠨ᠎ᠠ᠃  ᠡᠨᠡ ᠤᠳᠠᠭᠠᠨ ᠤ᠋ ᠬᠥᠳᠡᠯᠭᠡᠭᠡᠨ ᠤ᠋ ᠠᠮᠵᠢᠯᠲᠠ ᠳᠠᠢ ᠶᠠᠪᠤᠭᠳ᠋ᠠᠬᠤ ᠶ᠋ᠢ ᠪᠠᠲᠤᠯᠠᠬᠤ ᠶ᠋ᠢᠨ ᠲᠥᠯᠦᠭᠡ ᠠᠵᠢᠯᠴᠢᠨ ᠤ᠋ ᠡᠪᠯᠡᠯ ᠤ᠋ᠨ ᠬᠢᠨ ᠬᠥᠳᠡᠯᠭᠡᠭᠡᠨ ᠤ᠋ ᠨᠠᠷᠢᠨ ᠨᠢᠭᠲᠠ ᠲᠥᠰᠦᠯ  ᠪᠠ ᠠᠮᠤᠷ ᠲᠦᠪᠰᠢᠨ ᠢ᠋ ᠪᠠᠲᠤᠯᠠᠬᠤ ᠲᠥᠯᠦᠪᠯᠡᠭᠡ ᠲᠤᠭᠳᠠᠭᠠᠪᠠ᠃

       ᠳᠤᠰ ᠤᠳᠠᠭᠠᠨ ᠤ᠋ ᠬᠥᠳᠡᠯᠭᠡᠭᠡᠨ ᠨᠢ ᠥᠪᠦᠷ ᠮᠣᠩᠭᠤᠯ ᠤ᠋ᠨ ᠭᠡᠪᠯᠡᠯ ᠦ᠋ᠨ ᠪᠦᠯᠦᠭᠯᠡᠯ ᠦ᠋ᠨ ᠺᠠᠲᠷ ᠠᠵᠢᠯᠲᠠᠨ ᠤ᠋ ᠠᠪᠢᠶᠠᠰ ᠢ᠋ ᠪᠠᠳᠠᠷᠠᠭᠤᠯᠵᠤ᠂ ᠬᠠᠷᠢᠴᠠᠭ᠎ᠠ ᠶ᠋ᠢ ᠨᠢᠭᠲᠠᠷᠠᠭᠤᠯᠤᠨ᠂ ᠨᠥᠬᠦᠷᠯᠡᠯ ᠢ᠋ ᠵᠤᠵᠠᠭᠠᠳᠭᠠᠭᠰᠠᠨ ᠪᠥᠭᠡᠳ ᠡᠷᠡᠮᠡᠭᠡᠢᠯᠡᠨ ᠤᠷᠤᠭᠰᠢᠯᠠᠵᠤ᠂ ᠪᠦᠯᠬᠦᠮᠳᠡᠨ ᠨᠢᠭᠲᠠᠷᠠᠨ᠂ ᠨᠠᠢᠷᠠᠮᠲᠠᠨ ᠲᠡᠮᠡᠴᠡᠬᠦ ᠵᠣᠷᠢᠭ ᠰᠠᠨᠠᠭ᠎ᠠ ᠶ᠋ᠢ ᠬᠠᠷᠠᠭᠤᠯᠵᠤ ᠴᠢᠳᠠᠭᠰᠠᠨ ᠪᠠᠢᠨ᠎ᠠ᠃ ᠡᠯᠪᠡᠭ ᠪᠠᠶᠠᠯᠢᠭ ᠰᠣᠨᠢᠷᠬᠠᠯᠲᠠᠢ ᠲᠣᠭᠯᠠᠭᠠᠮ ᠨᠢ ᠬᠥᠳᠡᠯᠭᠡᠭᠡᠨ ᠳ᠋ᠦ᠍ ᠣᠷᠤᠯᠴᠠᠭᠰᠠᠳ ᠤ᠋ᠨ ᠶᠠᠳᠠᠷᠠᠭ᠎ᠠ ᠶ᠋ᠢ ᠤᠮᠠᠷᠳᠠᠭᠤᠯᠵᠤ᠂ ᠳᠠᠷᠤᠭᠠᠰᠤ ᠶ᠋ᠢ ᠬᠥᠩᠭᠡᠯᠡᠨ᠂ ᠰᠡᠳᠭᠢᠯ ᠢ᠋ ᠰᠡᠷᠭᠦᠭᠡᠨ᠂ ᠥᠪᠦᠷ ᠮᠣᠩᠭᠤᠯ ᠤ᠋ᠨ ᠭᠡᠪᠯᠡᠯ ᠦ᠋ᠨ ᠪᠦᠯᠦᠭᠯᠡᠯ ᠦ᠋ᠨ ᠨᠢᠭᠳᠠᠷᠠᠯ ᠪᠦᠯᠬᠦᠮᠳᠡᠯ ᠢ᠋ ᠤᠯᠠᠮ ᠨᠢᠭᠡ ᠠᠯᠬᠤᠮ ᠠᠬᠢᠭᠤᠯᠤᠭᠰᠠᠨ ᠪᠠᠢᠨ᠎ᠠ᠃

 

(ᠬᠠᠷᠢᠭᠤᠴᠠᠭᠰᠠᠨ ᠨᠠᠢᠷᠠᠭᠤᠯᠤᠭᠴᠢ : ᠰᠠᠭᠤᠷᠢᠪᠡᠬᠢ)

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠦᠪᠦᠷ
ᠮᠤᠩᠭ᠋ᠤᠯ ᠤᠨ
ᠬᠡᠪᠯᠡᠯ ᠤ᠋ᠨ
ᠪᠦᠯᠦᠭᠯᠡᠯ
ᠬᠡᠪᠯᠡᠯ ᠤ᠋ᠨ
ᠡᠷᠬᠡ ᠲᠡᠢ
ᠦᠪᠦᠷ
ᠮᠤᠩᠭ᠋ᠤᠯ ᠤᠨ
ᠮᠤᠨᠢ
ᠨᠡᠷᠡᠮᠵᠢᠲᠦ
ᠰᠤᠶᠤᠯ ᠤᠨ
ᠵᠠᠭᠤᠴᠢ
ᠪᠦᠷᠢᠨ 
ᠪᠤᠰᠤ
ᠬᠠᠷᠢᠭᠤᠴᠠᠯᠭᠠᠳᠤ 
ᠺᠤᠮᠫᠠᠨᠢ
ᠲᠦᠰᠦᠪᠯᠡᠨ
ᠦᠢᠯᠡᠳᠪᠡ
ᠦᠪᠦᠷ
ᠮᠤᠩᠭ᠋ᠤᠯ ᠤᠨ
ᠳᠡᠯᠡᠬᠡᠢ
ᠮᠡᠳᠡᠭᠡ
ᠵᠠᠩᠬᠢ
ᠮᠡᠷᠭᠡᠵᠢᠯ ᠤᠨ
ᠬᠢᠵᠠᠭᠠᠷᠲᠤ
ᠺᠤᠮᠫᠠᠨᠢ
ᠮᠡᠷᠭᠡᠵᠢᠯ
ᠬᠠᠩᠭ᠋ᠠᠪᠠ
ᠬᠠᠶᠢ᠍ᠭ᠄
ᠦᠪᠦᠷ
ᠮᠤᠩᠭ᠋ᠤᠯ ᠤᠨ
ᠦᠪᠡᠷᠲᠡᠭᠡᠨ
ᠵᠠᠰᠠᠬᠤ
ᠤᠷᠤᠨ ᠤ
ᠬᠦᠬᠡᠬᠤᠳᠠ ᠵᠢᠨ ᠰᠢᠨ᠎ᠡ
ᠬᠤᠲᠠ
ᠲᠤᠭᠤᠷᠢᠭ ᠤᠨ
ᠰᠢᠩᠬᠤᠸᠠ
ᠵᠡᠬᠦᠨ
ᠵᠡᠭᠡᠯᠢ ᠵᠢᠨ
89ᠨᠤᠮᠧᠷ
ᠦᠪᠤᠷ
ᠮᠤᠩᠭ᠋ᠤᠯ ᠤᠨ
ᠬᠡᠪᠯᠡᠯ ᠤᠨ
ᠪᠦᠯᠦᠭᠯᠡᠯ
蒙ICP 备0500604