《ᠮᠢᠨᠤ ᠬᠣᠷᠸ᠎ᠠ • ᠠᠩᠬ᠎ᠠ ᠳᠤᠮᠳᠠᠳᠦ᠎ᠶᠢᠨ ᠰᠤᠷᠤᠭᠴᠢ᠎ᠶᠢᠨ ᠨᠣᠮ᠎ᠤᠨ ᠥᠷᠦᠭᠡ》 ᠬᠡᠮᠡᠬᠦ ᠴᠤᠪᠤᠷᠠᠯ ᠨᠣᠮ ᠬᠡᠪᠯᠡᠭᠳᠡᠪᠡ
2019.08.09

       ᠡᠨᠡ ᠪᠣᠯ

       ᠬᠡᠤᠬᠡᠳ᠎ᠦᠨ ᠲᠥᠯᠦᠭᠡ ᠬᠡᠰᠡᠨ ᠬᠥᠮᠦᠨ ᠪᠦᠬᠦᠨ᠎ᠦ ᠰᠡᠳᠭᠢᠯ᠎ᠦᠨ ᠢᠯᠴᠢ᠎ᠪᠡᠷ ᠪᠦᠳᠦᠭᠰᠡᠨ ᠨᠣᠮ᠎ᠤ᠋ᠳ

       ᠡᠨᠡ ᠪᠣᠯ

       ᠬᠦᠰᠡᠯ᠎ᠦᠨ᠎ᠢᠶᠡᠨ ᠲᠥᠯᠦᠭᠡ ᠬᠡᠰᠡᠨ ᠬᠡᠤᠬᠡᠳ ᠪᠦᠬᠦᠨ᠎ᠦ ᠮᠥᠷᠦᠭᠡᠳᠦᠯ᠎ᠢᠶᠡᠷ ᠪᠦᠳᠦᠭᠰᠡᠨ ᠨᠣᠮ᠎ᠤ᠋ᠳ

 

      ᠥᠪᠦᠷ ᠮᠣᠩᠭᠤᠯ᠎ᠤᠨ ᠰᠤᠷᠭᠠᠨ ᠬᠥᠮᠦᠵᠢᠯ᠎ᠦᠨ ᠬᠡᠪᠯᠡᠯ᠎ᠦᠨ ᠬᠤᠷᠢᠶᠡᠨ᠎ᠡᠴᠡ ᠬᠡᠪᠯᠡᠭᠦᠯᠦᠭᠰᠡᠨᠮᠢᠨᠤ ᠬᠣᠷᠸ᠎ᠠ · ᠠᠩᠬ᠎ᠠ ᠳᠤᠮᠳᠠᠳᠤ᠎ᠶᠢᠨ ᠰᠤᠷᠤᠭᠴᠢ᠎ᠶᠢᠨ ᠨᠣᠮ᠎ᠤᠨ ᠥᠷᠦᠭᠡ ᠬᠡᠮᠡᠬᠦ ᠴᠤᠪᠤᠷᠠᠯ᠎ᠤᠨ ᠠᠷᠪᠠᠨ ᠳᠣᠯᠤᠭᠠᠨ ᠪᠣᠳᠢ ᠨᠣᠮ᠎ᠨᠢ ᠣᠷᠴᠢᠮᠬᠠᠨ ᠬᠡᠪᠯᠡᠭᠳᠡᠵᠤ ᠤᠩᠱᠢᠭᠴᠢᠳ᠎ᠲᠠᠢ ᠵᠣᠯᠭᠠᠯ᠎ᠠ᠃ ᠥᠪᠤᠷ ᠮᠣᠩᠭᠤᠯ᠎ᠤᠨ ᠰᠤᠷᠭᠠᠨ ᠬᠥᠮᠦᠵᠢᠯ᠎ᠦᠨ ᠬᠡᠪᠯᠡᠯ᠎ᠦᠨ ᠬᠣᠷᠢᠶ᠎ᠠ᠎ᠨᠢ ᠠᠩᠬ᠎ᠠ ᠳᠤᠮᠳᠠᠳᠦ᠎ᠶᠢᠨ ᠰᠤᠷᠤᠭᠴᠢᠳ᠎ᠤᠨ ᠵᠣᠬᠢᠶᠠᠨ ᠪᠢᠴᠢᠯᠭᠡ᠎ᠶᠢᠨ ᠤᠷ᠎ᠠ ᠴᠢᠳᠠᠪᠤᠷᠢ᠎ᠶᠢ ᠳᠡᠭᠡᠭᠱᠢᠯᠡᠭᠦᠯᠬᠦ ᠪᠠ ᠬᠢᠴᠢᠶᠠᠯ᠎ᠤᠨ ᠭᠠᠳᠠᠨᠠᠬᠢ ᠤᠩᠱᠢᠯᠭ᠎ᠠ᠎ᠶᠢ ᠪᠠᠶᠠᠯᠢᠭᠵᠢᠭᠤᠯᠬᠤ ᠵᠣᠷᠢᠯᠭ᠎ᠠ᠎ᠪᠠᠷᠮᠢᠨᠤ ᠬᠣᠷᠸ᠎ᠠ · ᠠᠩᠬ᠎ᠠ ᠳᠤᠮᠳᠠᠳᠦ᠎ᠶᠢᠨ ᠰᠤᠷᠤᠭᠴᠢ᠎ᠶᠢᠨ ᠨᠣᠮ᠎ᠤᠨ ᠥᠷᠦᠭᠡᠴᠤᠪᠤᠷᠠᠯ ᠨᠣᠮ᠎ᠢ ᠰᠡᠳᠦᠨ ᠨᠠᠢᠷᠠᠭᠤᠯᠵᠤ ᠬᠡᠪᠯᠡᠭᠦᠯᠦᠨ ᠲᠠᠷᠬᠠᠭᠠᠵᠤ ᠪᠠᠢᠭ᠎ᠠ᠎ᠶᠤᠮ᠃ ᠲᠤᠰ ᠱᠢᠷᠢᠰ ᠨᠣᠮ᠎ᠳᠤᠭᠠᠷᠠᠭ᠎ᠤᠨ ᠴᠢᠯᠦᠭᠡᠨ᠎ᠦ ᠤᠩᠱᠢᠯᠭ᠎ᠠ ᠪᠠᠰᠤᠷᠤᠭᠴᠢ᠎ᠶᠢᠨ ᠳᠦᠷᠢᠮᠴᠢ ᠵᠣᠬᠢᠶᠠᠯᠭᠡᠬᠦ ᠬᠤᠶᠠᠷ ᠴᠤᠪᠤᠷᠠᠯ᠎ᠢ ᠪᠠᠭᠳᠠᠭᠠᠵᠠᠢ᠃

    《ᠭᠠᠷᠠᠭ᠎ᠤᠨ ᠴᠢᠯᠦᠭᠡᠨ᠎ᠦ ᠤᠩᠱᠢᠯᠭ᠎ᠠᠬᠡᠮᠡᠬᠦ ᠴᠤᠪᠤᠷᠠᠯ᠎ᠳᠤ ᠨᠡᠢᠳᠠ 6 ᠳᠡᠪᠳᠡᠷ ᠨᠣᠮ ᠪᠤᠢ᠂ ᠲᠤᠰ ᠴᠤᠪᠤᠷᠠᠯ᠎ᠢ ᠨᠠᠢᠷᠠᠭᠤᠯᠬᠤ᠎ᠳᠤ᠎ᠪᠠᠨ ᠠᠩᠬ᠎ᠠ ᠨᠢᠭᠡ᠎ᠡᠴᠡ ᠠᠩᠬ᠎ᠠ ᠭᠤᠷᠪᠠ ᠬᠦᠷᠳᠡᠯᠡᠬᠢ ᠬᠤᠭᠤᠴᠠᠭ᠎ᠠ ᠪᠦᠷᠢ᠎ᠳᠦ ᠨᠢᠭᠡ ᠳᠡᠪᠲᠡᠷ ᠬᠠᠩᠭᠠᠬᠤ᠎ᠶᠢ ᠵᠣᠷᠢᠵᠠᠢ᠃ ᠰᠣᠩᠭᠤᠭᠰᠠᠨ ᠵᠣᠬᠢᠶᠠᠯ᠎ᠤᠨ ᠤᠷᠲᠦ ᠣᠬᠤᠷ᠎ᠢ᠎ᠨᠢ ᠦᠨᠳᠦᠰᠦᠯᠡᠵᠤ ᠬᠤᠭᠤᠴᠠᠭ᠎ᠠ ᠪᠦᠷᠢ᠎ᠶᠢᠨ ᠤᠩᠱᠢᠯᠭ᠎ᠠ᠎ᠶᠢ 11 ᠭᠠᠷᠠᠭ᠎ᠢᠶᠠᠷ ᠠᠩᠭᠢᠯᠠᠵᠤ ᠨᠢᠭᠡᠴᠢᠯᠡᠭᠰᠡᠨ ᠪᠥᠭᠡᠳ ᠭᠠᠷᠠᠭ ᠪᠦᠷᠢ᠎ᠶᠢᠨ ᠤᠩᠱᠢᠯᠭ᠎ᠠ᠎ᠳᠤ 2 ᠵᠣᠬᠢᠶᠠᠯ ᠲᠣᠬᠢᠷᠠᠭᠤᠯᠵᠠᠢ᠃ ᠡᠳᠡᠭᠡᠷ ᠵᠣᠬᠢᠶᠠᠯ᠎ᠢ ᠰᠤᠩᠭᠤᠬᠤ᠎ᠳᠤ᠎ᠪᠠᠨ ᠠᠩᠬ᠎ᠠ ᠳᠤᠮᠳᠠᠳᠦ᠎ᠶᠢᠨ ᠰᠤᠷᠤᠭᠴᠢᠳ᠎ᠤᠨ ᠨᠠᠰᠤᠨ᠎ᠤ ᠣᠨᠴᠠᠯᠢᠭ ᠪᠠ ᠰᠡᠳᠭᠢᠭᠦᠢ᠎ᠶᠢᠨ ᠪᠠᠢᠳᠠᠯ᠎ᠳᠤ ᠵᠣᠬᠢᠴᠠᠭᠤᠯᠵᠤ᠂ ᠳᠡᠳᠡᠨ᠎ᠦ ᠡᠬᠡ ᠬᠡᠯᠡᠨ᠎ᠦ ᠪᠣᠯᠪᠠᠰᠤᠷᠠᠯ᠎ᠢ᠎ᠨᠢ ᠳᠡᠭᠡᠭᠱᠢᠯᠡᠭᠦᠯᠬᠦ ᠪᠠ ᠨᠣᠮ ᠤᠩᠱᠢᠬᠤ ᠳᠠᠳᠭᠠᠯ᠎ᠢ᠎ᠨᠢ ᠲᠥᠯᠦᠪᠱᠢᠭᠦᠯᠬᠦ᠎ᠳᠦ ᠲᠤᠰᠠᠯᠠᠮᠵᠢ ᠪᠣᠯᠭᠠᠬᠤ᠎ᠶᠢ ᠠᠩᠬᠠᠷᠤᠭᠰᠠᠨ᠎ᠶᠤᠮ᠃

    《ᠰᠤᠷᠤᠭᠴᠢ᠎ᠶᠢᠨ ᠲᠦᠷᠢᠮᠴᠢ ᠵᠣᠬᠢᠶᠠᠯ ᠭᠡᠬᠦ ᠴᠤᠪᠤᠷᠠᠯ᠎ᠨᠢ ᠬᠥᠯᠦᠨ ᠪᠤᠢᠷ᠂ ᠬᠢᠩᠭᠠᠨ᠂ ᠲᠦᠩᠯᠢᠶᠤᠣ᠂ ᠤᠯᠠᠭᠠᠨᠬᠠᠳᠠ᠂ ᠱᠢᠯᠢ᠎ᠶᠢᠨ ᠭᠣᠤᠯ᠂ ᠤᠯᠠᠭᠠᠨᠴᠠᠪ᠂ ᠣᠷᠳᠤᠰ᠂ ᠠᠯᠠᠱᠠ᠂ ᠬᠥᠬᠡᠬᠤᠲᠠ᠂ ᠪᠤᠭᠤᠲᠦ᠂ ᠪᠠᠶᠠᠨᠨᠠᠭᠤᠷ ᠵᠡᠷᠭᠡ 11 ᠪᠣᠳᠢ᠎ᠪᠠᠷ ᠪᠦᠷᠢᠯᠳᠤᠵᠤ᠂ ᠪᠣᠳᠢ ᠪᠦᠷᠢ᠎ᠶᠢ ᠬᠥᠮᠦᠨ᠎ᠢ ᠲᠡᠮᠳᠡᠭᠯᠡᠭᠰᠡᠨ ᠵᠣᠬᠢᠶᠠᠯ᠂ ᠬᠡᠷᠡᠭ ᠤᠴᠢᠷ᠎ᠢ ᠲᠡᠮᠳᠡᠭᠯᠡᠭᠰᠡᠨ ᠵᠣᠬᠢᠶᠠᠯ᠂ ᠬᠡᠷᠡᠭ ᠪᠣᠳᠠᠰ᠎ᠢ ᠲᠠᠢᠯᠪᠤᠷᠢᠯᠠᠭᠰᠠᠨ ᠵᠣᠬᠢᠶᠠᠯ᠂ ᠬᠡᠷᠡᠭ ᠣᠴᠢᠷ᠎ᠢ ᠱᠢᠭᠦᠮᠵᠢᠯᠡᠭᠰᠡᠨ ᠵᠣᠬᠢᠶᠠᠯ᠂ ᠦᠵᠡᠮᠵᠢ᠎ᠶᠢ ᠲᠦᠷᠰᠦᠯᠡᠭᠰᠡᠨ ᠵᠣᠬᠢᠶᠠᠯ᠂ ᠠᠮᠢᠳᠠᠨ ᠪᠣᠳᠠᠰ᠎ᠢ ᠳᠦᠷᠰᠦᠯᠡᠭᠰᠡᠨ ᠵᠣᠬᠢᠶᠠᠯ᠂ ᠱᠢᠯᠦᠭ᠂ ᠶᠠᠷᠢᠶ᠎ᠠ ᠢᠯᠡᠳᠭᠡᠯ ᠵᠡᠷᠭᠡ᠎ᠪᠡᠷ ᠨᠢᠭᠡᠴᠢᠯᠡᠨ ᠨᠠᠢᠷᠠᠭᠤᠯᠤᠭᠰᠠᠨ ᠮᠦᠷᠳᠡᠭᠡᠨ ᠱᠢᠯᠢᠳᠡᠭ ᠪᠠᠭᠱᠢ᠎ᠨᠠᠷ᠎ᠢ ᠤᠷᠢᠵᠤ ᠰᠤᠷᠤᠭᠴᠢ᠎ᠶᠢᠨ ᠵᠣᠬᠢᠶᠠᠯ ᠪᠣᠯᠭᠠᠨ᠎ᠤ ᠬᠢᠨᠢ ᠠᠷᠦ᠎ᠳᠦ ᠲᠣᠪᠴᠢ ᠦᠨᠡᠯᠡᠯᠳᠠ ᠪᠢᠴᠢᠭᠦᠯᠦᠭᠰᠡᠨ᠎ᠢᠶᠡᠷ᠎ᠢᠶᠡᠨ ᠣᠨᠴᠠᠯᠠᠭᠳᠠᠵᠤ ᠪᠤᠢ᠃

       ᠡᠳᠡᠭᠡᠷ ᠨᠣᠮ᠎ᠨᠢ ᠰᠤᠷᠤᠭᠴᠢᠳ᠎ᠤᠨ ᠨᠣᠮ ᠤᠩᠱᠢᠬᠤ ᠳᠤᠷ᠎ᠠ ᠰᠣᠨᠢᠷᠬᠠᠯ᠎ᠢ ᠳᠡᠭᠡᠭᠱᠢᠯᠡᠭᠦᠯᠬᠦ᠎ᠳᠦ᠎ᠴᠦ ᠳᠤᠰᠠ ᠳᠡᠮ ᠪᠣᠯᠬᠤ᠎ᠨᠢ ᠭᠠᠷᠴᠠᠭ᠎ᠠ᠎ᠦᠭᠡᠢ᠎ᠶᠤᠮ᠃

       ᠡᠨᠡ᠎ᠬᠦ ᠴᠤᠪᠤᠷᠠᠯ ᠮᠠᠨᠢ ᠨᠣᠮ᠎ᠳᠤ ᠳᠤᠷᠠᠳᠠᠢ ᠬᠡᠤᠬᠡᠳ ᠪᠦᠬᠦᠨ᠎ᠦ ᠱᠢᠷᠡᠭᠡᠨ᠎ᠦ ᠨᠣᠮ ᠪᠣᠯᠬᠤ ᠪᠠᠢᠬ᠎ᠠ ᠭᠡᠳᠡᠭ᠎ᠲᠦ ᠢᠳᠡᠭᠡᠵᠤ ᠪᠤᠢ᠃ ᠨᠣᠮ᠎ᠤᠨ ᠴᠠᠭᠠᠨ ᠪᠤᠶᠠᠨ ᠳᠡᠯᠭᠡᠷᠡᠵᠤ ᠪᠠᠢᠬᠤ ᠪᠤᠯᠳᠤᠭᠠᠢ᠃

 

                                                                          ᠡᠬᠡ ᠪᠢᠴᠢᠭ᠄ ᠪᠤᠷᠮ᠎ᠠ᠂ ᠰᠤᠷᠤᠨ᠎ᠠ

                                                                          ᠡᠬᠡ ᠪᠢᠴᠢᠭ ᠬᠢᠨᠠᠭᠴᠢ᠄ ᠰᠠᠩᠵᠠᠢ

 

(ᠬᠠᠷᠢᠭᠤᠴᠠᠭᠰᠠᠨ ᠨᠠᠢᠷᠠᠭᠤᠯᠤᠭᠴᠢ : ᠰᠠᠭᠤᠷᠢᠪᠡᠬᠢ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604