ᠮᠣᠩᠭᠤᠯ ᠤᠯᠠᠮᠵᠢᠯᠠᠯᠲᠤ ᠡᠳ᠋ ᠥᠯᠦᠭ ᠢ᠋ ᠪᠠᠢᠭᠠᠯᠢ ᠶ᠋ᠢᠨ ᠰᠢᠨᠵᠢᠯᠡᠬᠦ ᠤᠬᠠᠭᠠᠨ ᠢ᠋ᠶ᠋ᠠᠷ ᠰᠤᠳᠤᠯᠤᠭᠰᠠᠨ ᠳᠣᠷᠪᠢᠯᠢᠭ ᠪᠦᠲᠦᠭᠡᠯ
2019.08.20

  ᠮᠣᠩᠭᠤᠯ ᠰᠣᠶᠤᠯ ᠤ᠋ᠨ ᠡᠳ᠋ ᠥᠯᠦᠭ ᠢ᠋ ᠥᠪᠯᠡᠨ ᠬᠠᠳᠠᠭᠠᠯᠠᠳᠠᠭ ᠬᠥᠮᠦᠨ ᠤᠯᠠᠨ᠂ ᠨᠡᠢᠭᠡᠮ ᠦ᠋ᠨ ᠰᠢᠨᠵᠢᠯᠡᠬᠦ ᠤᠬᠠᠭᠠᠨ ᠤ᠋ ᠲᠠᠯ᠎ᠠ ᠠ᠋ᠴᠠ ᠰᠢᠨᠵᠢᠯᠡᠳᠡᠭ ᠡᠷᠲᠡᠮᠲᠡᠨ ᠰᠤᠳᠤᠯᠭᠠᠲᠠᠨ ᠴᠤ᠌ ᠤᠯᠠᠨ ᠪᠤᠢ᠃ ᠬᠠᠷᠢᠨ ᠲᠡᠭᠦᠨ ᠳ᠋ᠤ᠌ ᠨᠢᠭᠤᠭᠳᠠᠵᠤ ᠪᠠᠢᠭ᠎ᠠ ᠡᠴᠢᠨ᠎ᠡ ᠳᠠᠯᠳᠠ ᠶ᠋ᠢᠨ ᠤᠬᠠᠭᠠᠨ ᠢ᠋ ᠪᠠᠢᠭᠠᠯᠢ ᠶ᠋ᠢᠨ ᠰᠢᠨᠵᠢᠯᠡᠬᠦ ᠤᠬᠠᠭᠠᠨ ᠤ᠋ ᠲᠠᠯ᠎ᠠ ᠠ᠋ᠴᠠ ᠰᠢᠨᠵᠢᠯᠡᠨ ᠰᠤᠳᠤᠯᠤᠭᠰᠠᠨ ᠪᠦᠲᠦᠭᠡᠯ ᠬᠠᠷᠠᠬᠠᠨ ᠣᠯᠳᠠᠭ᠎ᠠ ᠦᠭᠡᠢ ᠪᠠᠢᠭᠰᠠᠨ ᠪᠤᠯ ᠥᠨᠥᠳᠦᠷᠮᠣᠩᠭᠤᠯ ᠦᠨᠳᠦᠰᠦᠲᠡᠨ ᠤ᠋ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠤ᠋ ᠤᠬᠠᠭᠠᠨᠨᠣᠮ ᠨᠢ ᠤᠯᠠᠮᠵᠢᠯᠠᠯᠲᠤ ᠡᠳ᠋ᠯᠡᠯ ᠬᠡᠷᠡᠭᠰᠡᠯ ᠢ᠋ ᠪᠠᠢᠭᠠᠯᠢ ᠶ᠋ᠢᠨ ᠰᠢᠨᠵᠢᠯᠡᠬᠦ ᠤᠬᠠᠭᠠᠨ ᠤ᠋ ᠲᠠᠯ᠎ᠠ ᠠ᠋ᠴᠠ ᠰᠢᠨᠵᠢᠨ ᠰᠤᠳᠤᠯᠬᠤ ᠬᠦᠷᠢᠶ᠎ᠠ ᠴᠠᠷᠠᠭ᠎ᠠ ᠶ᠋ᠢᠨ ᠬᠣᠭᠤᠰᠤᠨ ᠢ᠋ ᠨᠦᠬᠦᠪᠦᠷᠢᠯᠡᠵᠤ᠂ ᠤᠩᠰᠢᠭᠴᠢ ᠶ᠋ᠢᠨ ᠠᠯᠠᠭᠠᠨ ᠳ᠋ᠤ᠌ ᠳᠡᠯᠭᠡᠭᠳᠡᠯ᠎ᠡ᠃

  ᠣᠷᠴᠢᠮᠬᠠᠨ ᠤᠷᠠᠨ ᠵᠣᠬᠢᠶᠠᠯᠴᠢ ᠪ᠊·· ᠬᠦᠭᠵᠢᠯᠲᠤ᠂ ᠵᠣᠷᠢᠭᠲᠤ ᠬᠤᠶᠠᠷ ᠤ᠋ᠨ ᠬᠤᠪᠢ ᠬᠥᠮᠦᠨ ᠤ᠋ ᠬᠠᠳᠠᠭᠠᠯᠠᠮᠵᠢ ᠳ᠋ᠤ᠌ ᠪᠠᠢᠭ᠎ᠠ ᠵᠠᠭᠤ ᠢᠯᠡᠭᠦᠤ ᠵᠦᠢᠯ᠂ ᠮᠢᠩᠭ᠎ᠠ ᠭᠠᠷᠤᠢ ᠰᠢᠷᠬᠡᠭ ᠡᠳ᠋ ᠥᠯᠦᠭ ᠢ᠋ᠶ᠋ᠡᠷ ᠢ᠋ᠶ᠋ᠡᠨ ᠵᠢᠱ᠌ᠢᠶ᠎ᠡ ᠪᠣᠯᠭᠠᠵᠤ᠂ ᠮᠣᠩᠭᠤᠯ ᠬᠢᠲᠠᠳ ᠲᠠᠢᠯᠤᠮᠵᠢ᠂ ᠵᠢᠷᠤᠭ ᠬᠠᠪᠰᠤᠷᠭᠠᠭᠰᠠᠨᠮᠣᠩᠭᠤᠯ ᠦᠨᠳᠦᠰᠦᠲᠡᠨ ᠤ᠋ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠤ᠋ ᠤᠬᠠᠭᠠᠨᠬᠡᠳᠡᠭ ᠨᠣᠮ ᠢ᠋ ᠥᠪᠦᠷ ᠮᠣᠩᠭᠤᠯ ᠤ᠋ᠨ ᠰᠤᠷᠭᠠᠨ ᠬᠥᠮᠦᠵᠢᠯ ᠦ᠋ᠨ ᠬᠣᠷᠢᠶ᠎ᠠ ᠠ᠋ᠴᠠ ᠬᠡᠪᠯᠡᠬᠦᠯᠵᠤ ᠲᠠᠷᠬᠠᠭᠠᠯ᠎ᠠ᠃

  ᠮᠣᠩᠭᠤᠯᠴᠤᠳ ᠤ᠋ᠨ ᠣᠳᠣᠬᠢ ᠠᠮᠢᠳᠤᠷᠠᠯ ᠠ᠋ᠴᠠ ᠠᠭᠠᠵᠢᠮ ᠢ᠋ᠶ᠋ᠠᠷ ᠵᠠᠢᠳᠠᠵᠤ ᠪᠠᠢᠭ᠎ᠠ ᠦᠨᠳᠦᠰᠦᠲᠡᠨ ᠤ᠋ ᠤᠯᠠᠮᠵᠢᠯᠠᠯᠲᠤ ᠡᠳ᠋ ᠥᠯᠦᠭ ᠲᠤ᠌ ᠨᠡᠭᠦᠳᠡᠯ ᠰᠣᠶᠤᠯ ᠤ᠋ᠨ ᠤᠷ᠎ᠠ ᠤᠬᠠᠭᠠᠨ ᠤ᠋ ᠣᠬᠢ ᠲᠠᠯᠠᠰᠲᠤ ᠬᠠᠳᠠᠭᠠᠯᠠᠭᠳᠠᠵᠤ ᠪᠤᠢ ᠭᠡᠳᠡᠭ ᠢ᠋ ᠪᠢᠳᠡ ᠲᠤᠰ ᠨᠣᠮ ᠠ᠋ᠴᠠ ᠬᠠᠷᠠᠵᠤ ᠪᠣᠯᠬᠤ ᠶᠤᠮ᠃ ᠵᠢᠱ᠌ᠢᠶᠡᠯᠡᠪᠡᠯ᠂ ᠡᠭᠡᠳᠡᠨ ᠭᠤᠲᠤᠯ ᠢ᠋ ᠲᠤᠰ ᠨᠣᠮ ᠳ᠋ᠤ᠌ ᠬᠥᠰᠢᠭᠦᠷᠭᠡ ᠶ᠋ᠢᠨ ᠤᠬᠠᠭᠠᠨ᠂ ᠮᠠᠲ᠋ᠧᠷᠢᠶᠠᠯ ᠤ᠋ᠨ ᠤᠬᠠᠭᠠᠨ᠂ ᠬᠥᠳᠡᠯᠭᠡᠭᠡᠨ ᠤ᠋ ᠤᠬᠠᠭᠠᠨ᠂ ᠬᠡᠷᠡᠭᠯᠡᠭᠡᠨ ᠤ᠋ ᠤᠬᠠᠭᠠᠨ ᠵᠡᠷᠭᠡ ᠬᠡᠳᠤᠨ ᠲᠠᠯ᠎ᠠ ᠠ᠋ᠴᠠ ᠣᠨᠤᠯᠵᠢᠭᠤᠯᠤᠨ ᠨᠤᠳᠠᠯᠠᠬᠤ ᠳ᠋ᠤ᠌ ᠮᠣᠩᠭᠤᠯ ᠭᠤᠲᠤᠯ ᠨᠢ ᠤᠩᠰᠢᠭᠴᠢ ᠶ᠋ᠢᠨ ᠲᠤᠩᠭᠠᠯᠠᠭ ᠮᠡᠯᠮᠡᠢ ᠳ᠋ᠤ᠌ᠤᠬᠠᠭᠠᠨ ᠲᠠᠢ ᠤᠴᠢᠷ ᠲᠠᠢᠲᠠᠩᠰᠤᠭ ᠡᠮᠦᠰᠭᠡᠯ ᠦ᠋ᠨ ᠳᠡᠭᠡᠲᠤ ᠪᠠᠢᠭ᠎ᠠ ᠪᠠᠨ ᠭᠠᠢᠬᠠᠭᠤᠯᠳᠠᠭ᠃ᠮᠣᠳᠤᠨ ᠰᠢᠨᠠᠭ᠎ᠠ ᠠᠮᠤᠰᠤ ᠳ᠋ᠤ᠌ ᠪᠠᠨ ᠮᠠᠭᠤᠭᠡᠵᠤ ᠭᠣᠯᠤᠭᠳᠠᠳᠠᠭ ᠶᠣᠵᠤ ᠦᠭᠡᠢ ᠮᠣᠳᠤᠨ ᠰᠢᠨᠠᠭ᠎ᠠ ᠴᠤ᠌ ᠤᠬᠠᠭᠠᠨ ᠪᠠ ᠬᠡᠷᠡᠭᠴᠡᠭᠡ ᠪᠠᠷ ᠢ᠋ᠶ᠋ᠠᠨ ᠬᠥᠮᠦᠰ ᠲᠤ᠌ ᠪᠠᠬᠠᠷᠬᠠᠭᠳᠠᠳᠠᠭ᠃ ᠮᠤᠷᠤᠢ ᠦᠵᠦᠭᠦᠷ ᠲᠠᠢ ᠲᠣᠬᠤᠢ ᠢᠯᠡᠬᠦᠤ ᠤᠷᠲᠤ ᠮᠣᠳᠤ ᠪᠠ ᠱᠠᠭᠠᠭᠲᠤ ᠴᠢᠨᠡᠭᠡ ᠲᠡᠮᠦᠷᠯᠢᠭ ᠳᠡᠭᠦᠵᠢᠩ ᠠ᠋ᠴᠠ ᠪᠦᠷᠢᠯᠳᠦᠭᠰᠡᠨ ᠪᠢᠯᠠᠭᠤ ᠨᠢ ᠮᠡᠰᠡ᠂ ᠲᠥᠪ ᠡᠴᠡ ᠵᠢᠭᠤᠳᠠᠬᠤ ᠬᠦᠴᠦᠨ᠂ ᠡᠭᠡᠷᠡᠭᠦᠯ ᠦ᠋ᠨ ᠤᠬᠠᠭᠠᠨ᠂ ᠭᠸᠣᠮᠧᠲ᠋ᠷᠢ ᠤ᠋ᠨ ᠤᠬᠠᠭᠠᠨ ᠵᠡᠷᠭᠡ ᠤᠯᠠᠨ ᠲᠠᠯ᠎ᠠ ᠠ᠋ᠴᠠ ᠲᠠᠢᠯᠤᠮᠵᠢ ᠠᠪᠳᠠᠭ ᠪᠥᠭᠡᠳ ᠠᠩ ᠠᠩᠨᠠᠯ᠂ ᠳᠠᠢᠨ ᠪᠠᠢᠯᠳᠤᠭᠠᠨ᠂ ᠵᠠᠩ ᠵᠠᠩᠰᠢᠯ ᠵᠡᠷᠭᠡ ᠰᠣᠶᠤᠯ ᠢᠷᠭᠡᠨᠰᠢᠯ ᠳ᠋ᠤ᠌ ᠴᠤ᠌ ᠠᠭᠤᠯᠤᠭᠳᠠᠬᠤᠨ ᠨᠡᠮᠡᠷᠢᠯᠡᠵᠤ ᠪᠠᠢᠳᠠᠭ᠃ ᠡᠳᠡᠭᠡᠷ ᠨᠢ ᠶᠠᠭ ᠯᠠ ᠠᠯᠳᠠᠷᠲᠤ ᠮᠣᠩᠭᠤᠯ ᠵᠠᠩ ᠦᠢᠯᠡ ᠲᠡᠦᠬᠡ ᠰᠣᠶᠤᠯ ᠤ᠋ᠨ ᠰᠤᠳᠤᠯᠭᠠᠲᠠᠨ ᠭᠦᠸᠸ ᠢᠦᠢ ᠴᠢᠶᠣᠣ ᠠᠪᠤᠭᠠᠢ ᠶ᠋ᠢᠨ ᠲᠤᠰ ᠨᠣᠮ ᠤ᠋ᠨ ᠣᠷᠤᠰᠢᠯ ᠳ᠋ᠤ᠌ᠵᠣᠬᠢᠶᠠᠭᠴᠢ ᠭᠢᠷᠠᠬᠠᠢ ᠨᠢᠳᠦ᠂ ᠰᠡᠷᠭᠡᠭ ᠤᠬᠠᠭᠠᠨ ᠢ᠋ᠶ᠋ᠠᠷ ᠪᠤᠰᠤᠳ ᠰᠤᠳᠤᠯᠭᠠᠨᠳᠠᠨ ᠤ᠋ ᠶᠡᠷᠦ ᠡᠴᠡ ᠲᠤᠷᠰᠢᠵᠤ ᠦᠵᠡᠭᠡ ᠦᠭᠡᠢ ᠬᠠᠷᠠᠭᠠᠰᠤ ᠪᠠ ᠰᠢᠨᠵᠢᠯᠡᠬᠦ ᠤᠬᠠᠭᠠᠨ ᠤ᠋ ᠦᠵᠡᠯᠲᠡ ᠡᠴᠡ ᠬᠠᠷᠠᠵᠤ ᠰᠤᠳᠤᠯᠤᠭᠰᠠᠨ ᠠ᠋ᠴᠠ ᠪᠣᠷᠤ ᠪᠦᠳᠦᠭᠦᠯᠢᠭ ᠡᠳ᠋ ᠥᠯᠦᠭ ᠲᠤ᠌ ᠬᠠᠳᠠᠭᠠᠯᠠᠭᠳᠠᠵᠤ ᠪᠠᠢᠭ᠎ᠠ ᠨᠡᠭᠦᠳᠡᠯ ᠰᠣᠶᠤᠯ ᠤ᠋ᠨ ᠡᠴᠢᠨ᠎ᠠ ᠳᠠᠯᠳᠠ ᠶ᠋ᠢᠨ ᠤᠬᠠᠭᠠᠨ ᠰᠠᠨᠠᠭ᠎ᠠ ᠶ᠋ᠢ ᠢᠯᠡᠷᠡᠬᠦᠯᠵᠤ ᠴᠢᠳᠠᠵᠠᠢᠬᠡᠵᠤ ᠥᠭᠦᠯᠡᠭᠰᠡᠨ ᠰᠢᠭ ᠨᠢᠭᠡ ᠪᠦᠯᠦᠭ ᠡᠳ᠋ ᠥᠯᠦᠭ ᠦ᠋ᠨᠤᠬᠠᠭᠠᠨ ᠪᠠ ᠰᠣᠶᠤᠯᠢ᠋ ᠴᠢᠳᠠᠬᠤ ᠴᠢᠨᠡᠭᠡᠨ ᠳ᠋ᠤ᠌ ᠪᠠᠨ ᠬᠥᠷᠦᠩᠭᠡᠵᠢᠭᠦᠯᠦᠨ ᠨᠤᠳᠠᠯᠠᠵᠠᠢ᠃

  ᠵᠣᠬᠢᠶᠠᠭᠴᠢ ᠶ᠋ᠢᠨ ᠬᠣᠷᠢᠨ ᠵᠢᠯ ᠬᠤᠷᠠᠮᠳᠤᠭᠤᠯᠵᠤ᠂ ᠠᠷᠪᠠᠨ ᠵᠢᠯ ᠰᠤᠳᠤᠯᠤᠨ ᠲᠤᠭᠤᠷᠪᠢᠭᠰᠠᠨ ᠬᠦᠨᠳᠦ ᠶ᠋ᠢᠨ ᠵᠢᠩ ᠲᠠᠢ ᠡᠨᠡ ᠬᠦ᠌ ᠪᠦᠲᠦᠭᠡᠯ ᠨᠢ ᠨᠡᠭᠦᠳᠡᠯ ᠰᠣᠶᠤᠯ ᠤ᠋ᠨ ᠡᠳ᠋ ᠥᠯᠦᠭ ᠦ᠋ᠨ ᠴᠤ ᠰᠢᠨ᠎ᠡ ᠰᠢᠨᠵᠢᠯᠡᠬᠦ ᠤᠬᠠᠭᠠᠨᠴᠢ ᠲᠠᠢᠯᠪᠦᠷᠢ ᠪᠣᠯᠬᠤ ᠤᠴᠢᠷ ᠠ᠋ᠴᠠᠲᠡᠷᠡ ᠨᠢ ᠣᠳᠣᠬᠠᠨ ᠤ᠋ ᠦᠨᠳᠦᠰᠦᠲᠡᠨ ᠤ᠋ ᠮᠦᠽᠧᠢ ᠶ᠋ᠢᠨ ᠬᠠᠳᠠᠭᠠᠯᠠᠮᠵᠢ ᠳ᠋ᠤ᠌ ᠪᠠᠢᠭ᠎ᠠ ᠡᠳ᠋ ᠥᠯᠦᠭ ᠦ᠋ᠨ ᠲᠠᠢᠯᠪᠦᠷᠢ ᠳ᠋ᠤ᠌ ᠨᠢᠭᠡ ᠶᠣᠰᠤᠨ ᠤ᠋ ᠰᠢᠨ᠎ᠡ ᠬᠤᠪᠢᠰᠤᠯᠠᠪᠴᠢᠷᠠᠬᠤ ᠶᠣᠰᠣᠲᠠᠢ ᠭᠡᠵᠤ ᠡᠷᠳᠡᠮᠳᠡᠨ ᠮᠡᠷᠭᠡᠳ ᠡᠷᠡᠬᠡᠢ ᠭᠠᠷᠭᠠᠨ ᠵᠦᠩᠨᠡᠵᠤ ᠪᠠᠢᠨ᠎ᠠ᠃

                        ᠥᠪᠦᠷ ᠮᠣᠩᠭᠤᠯ ᠤ᠋ᠨ ᠡᠳᠦᠷ ᠦ᠋ᠨ ᠰᠣᠨᠢᠨ ᠠ᠋ᠴᠠ ᠰᠢᠯᠵᠢᠭᠦᠯᠦᠨ ᠨᠡᠢᠳᠡᠯᠡᠪᠡ

                        ᠰᠤᠷᠪᠤᠯᠵᠢᠯᠠᠭᠴᠢ᠄ ᠴᠡᠯᠮᠡᠭ

 

 

(ᠬᠠᠷᠢᠭᠤᠴᠠᠭᠰᠠᠨ ᠨᠠᠢᠷᠠᠭᠤᠯᠤᠭᠴᠢ : ᠤᠷᠢᠬᠠᠨ)

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠦᠪᠦᠷ
ᠮᠤᠩᠭ᠋ᠤᠯ ᠤᠨ
ᠬᠡᠪᠯᠡᠯ ᠤ᠋ᠨ
ᠪᠦᠯᠦᠭᠯᠡᠯ
ᠬᠡᠪᠯᠡᠯ ᠤ᠋ᠨ
ᠡᠷᠬᠡ ᠲᠡᠢ
ᠦᠪᠦᠷ
ᠮᠤᠩᠭ᠋ᠤᠯ ᠤᠨ
ᠮᠤᠨᠢ
ᠨᠡᠷᠡᠮᠵᠢᠲᠦ
ᠰᠤᠶᠤᠯ ᠤᠨ
ᠵᠠᠭᠤᠴᠢ
ᠪᠦᠷᠢᠨ 
ᠪᠤᠰᠤ
ᠬᠠᠷᠢᠭᠤᠴᠠᠯᠭᠠᠳᠤ 
ᠺᠤᠮᠫᠠᠨᠢ
ᠲᠦᠰᠦᠪᠯᠡᠨ
ᠦᠢᠯᠡᠳᠪᠡ
ᠦᠪᠦᠷ
ᠮᠤᠩᠭ᠋ᠤᠯ ᠤᠨ
ᠳᠡᠯᠡᠬᠡᠢ
ᠮᠡᠳᠡᠭᠡ
ᠵᠠᠩᠬᠢ
ᠮᠡᠷᠭᠡᠵᠢᠯ ᠤᠨ
ᠬᠢᠵᠠᠭᠠᠷᠲᠤ
ᠺᠤᠮᠫᠠᠨᠢ
ᠮᠡᠷᠭᠡᠵᠢᠯ
ᠬᠠᠩᠭ᠋ᠠᠪᠠ
ᠬᠠᠶᠢ᠍ᠭ᠄
ᠦᠪᠦᠷ
ᠮᠤᠩᠭ᠋ᠤᠯ ᠤᠨ
ᠦᠪᠡᠷᠲᠡᠭᠡᠨ
ᠵᠠᠰᠠᠬᠤ
ᠤᠷᠤᠨ ᠤ
ᠬᠦᠬᠡᠬᠤᠳᠠ ᠵᠢᠨ ᠰᠢᠨ᠎ᠡ
ᠬᠤᠲᠠ
ᠲᠤᠭᠤᠷᠢᠭ ᠤᠨ
ᠰᠢᠩᠬᠤᠸᠠ
ᠵᠡᠬᠦᠨ
ᠵᠡᠭᠡᠯᠢ ᠵᠢᠨ
89ᠨᠤᠮᠧᠷ
ᠦᠪᠤᠷ
ᠮᠤᠩᠭ᠋ᠤᠯ ᠤᠨ
ᠬᠡᠪᠯᠡᠯ ᠤᠨ
ᠪᠦᠯᠦᠭᠯᠡᠯ
蒙ICP 备0500604