ᠨᠡᠷᠡᠳᠦ ᠵᠤᠬᠢᠶᠠᠯᠴᠢ ᠪᠦᠷᠢᠨᠪᠠᠶᠠᠷ ᠤᠨ ᠵᠤᠬᠢᠶᠠᠯ ᠪᠦᠳᠦᠬᠡᠯ ᠤᠨ ᠳᠡᠬᠦᠪᠦᠷᠢ ᠶᠢ ᠳᠠᠷᠬᠠᠭᠠᠪᠠ
2019.09.23

  9 ᠰᠠᠷ᠎ᠠ ᠶᠢᠨ 22 ᠤᠨ ᠡᠳᠦᠷ᠂ ᠦᠪᠦᠷ ᠮᠤᠩᠭᠤᠯ ᠤᠨ ᠪᠠᠭᠠᠴᠤᠳ ᠬᠡᠤᠬᠡᠳ ᠤᠨ ᠬᠡᠪᠯᠡᠯ ᠬᠤᠷᠢᠶ᠎ᠠ ᠪᠤᠯᠤᠨ ᠰᠢᠨᠬᠤᠧᠠ ᠮᠤᠩᠭᠤᠯ ᠨᠧᠲ ᠡᠴᠡ ᠬᠠᠮᠳᠤᠷᠠᠨ ᠵᠤᠬᠢᠶᠠᠨ ᠪᠠᠢᠭᠤᠯᠤᠭᠰᠠᠨᠪᠦᠷᠢᠨᠪᠠᠶᠠᠷ ᠤᠨ ᠵᠤᠬᠢᠶᠠᠯ ᠪᠦᠳᠦᠬᠡᠯ ᠤᠨ ᠬᠤᠷᠢᠶᠠᠩᠭᠤᠢᠬᠡᠮᠡᠬᠦ ᠠᠷᠪᠠᠨ ᠪᠤᠳᠢ ᠨᠤᠮ ᠤᠨ ᠶᠠᠷᠢᠯᠴᠠᠯᠭ᠎ᠠ ᠵᠢᠴᠢ ᠭᠠᠷ ᠤᠨ ᠦᠰᠦᠭ ᠵᠢᠷᠤᠵᠤ ᠳᠠᠷᠬᠠᠭᠠᠬᠤ ᠶᠤᠰᠤᠯᠠᠯ ᠦᠪᠦᠷ ᠮᠤᠩᠭᠤᠯ ᠤᠨ ᠤᠯᠠᠨ ᠤᠯᠤᠰ ᠤᠨ ᠦᠵᠡᠰᠬᠦᠯᠡᠩ ᠤᠨ ᠳᠦᠪ ᠲᠤ ᠪᠤᠯᠪᠠ᠃

  ᠶᠤᠰᠤᠯᠠᠯ ᠤᠨ ᠦᠶ᠎ᠡ ᠪᠡᠷ᠂ ᠨᠡᠷᠡᠳᠦ ᠮᠡᠳᠡᠬᠡᠯᠡᠯ ᠤᠨ ᠤᠷᠠᠨ ᠵᠤᠬᠢᠶᠠᠯᠴᠢ ᠪᠦᠷᠢᠨᠪᠠᠶᠠᠷ ᠡᠴᠡ ᠡᠨᠡ ᠬᠦ᠌ ᠨᠤᠮ ᠤᠨ ᠢᠶᠡᠨ ᠦᠨᠳᠦᠰᠦᠨ ᠪᠠᠢᠳᠠᠯ ᠪᠤᠯᠤᠨ ᠵᠤᠬᠢᠶᠠᠨ ᠪᠦᠳᠦᠬᠡᠯᠬᠡ ᠶᠢᠨ ᠵᠠᠮ ᠮᠦᠷ᠂ ᠦᠯᠢᠬᠡᠷ ᠤᠴᠠᠷᠠᠯ᠂ ᠤᠯᠤᠯᠳᠠ ᠠᠮᠵᠢᠯᠳᠠ ᠪᠡᠨ ᠤᠩᠰᠢᠭᠴᠢᠳ ᠲᠠᠢ ᠬᠤᠪᠢᠶᠠᠯᠴᠠᠪᠠ᠃ ᠦᠪᠦᠷ ᠮᠤᠩᠭ᠋ᠤᠯ ᠤᠨ ᠤᠳᠬ᠎ᠠ ᠤᠷᠠᠯᠢᠭ ᠤᠨ ᠬᠢᠨ ᠤ ᠬᠤᠯᠪᠤᠭ᠎ᠠ ᠶᠢᠨ ᠳᠡᠳ᠋ ᠳᠡᠷᠢᠬᠦᠯᠡᠭᠴᠢ᠂ ᠦᠪᠦᠷ ᠮᠤᠩᠭᠤᠯ ᠤᠨ ᠵᠤᠬᠢᠶᠠᠯᠴᠢᠳ ᠤᠨ ᠨᠡᠢᠬᠡᠮᠯᠢᠭ ᠤᠨ ᠳᠡᠷᠢᠬᠦᠯᠡᠭᠴᠢ᠂ ᠦᠪᠦᠷ ᠮᠤᠩᠭᠤᠯ ᠤᠨ ᠪᠠᠭᠰᠢ ᠶᠢᠨ ᠶᠡᠬᠡ ᠰᠤᠷᠭᠠᠭᠤᠯᠢ ᠶᠢᠨ ᠮᠤᠩᠭᠤᠯ ᠰᠤᠳᠤᠯᠤᠯ ᠤᠨ ᠳᠡᠬᠡᠳᠦ ᠰᠤᠷᠭᠠᠭᠤᠯᠢ ᠶᠢᠨ ᠵᠠᠬᠢᠷᠤᠯ ᠳᠤᠷᠤᠨᠠᠲ᠋ᠡᠭᠷᠢ ᠡᠴᠡ ᠪᠦᠷᠢᠨᠪᠠᠶᠠᠷ ᠤᠨ ᠵᠤᠬᠢᠶᠠᠯ ᠪᠦᠳᠦᠬᠡᠯ ᠤᠨ ᠠᠴᠢ ᠬᠤᠯᠪᠤᠭᠳᠠᠯ᠂ ᠮᠤᠩᠭᠤᠯ ᠤᠷᠠᠨ ᠵᠤᠬᠢᠶᠠᠯ ᠤᠨ ᠳᠡᠤᠬᠡᠨ ᠳᠤ ᠦᠵᠡᠬᠦᠯᠦᠭᠰᠡᠨ ᠭᠠᠪᠢᠶ᠎ᠠ ᠵᠢᠳᠬᠦᠯ ᠤᠨ ᠳᠠᠯ᠎ᠠ ᠪᠡᠷ ᠦᠨᠡᠯᠡᠵᠤ᠂ ᠦᠪᠦᠷ ᠮᠤᠩᠭᠤᠯ ᠤᠨ ᠶᠡᠬᠡ ᠰᠤᠷᠭᠠᠭᠤᠯᠢ ᠶᠢᠨ ᠮᠤᠩᠭᠤᠯ ᠰᠤᠳᠤᠯᠤᠯ ᠤᠨ ᠳᠡᠬᠡᠳᠦ ᠰᠤᠷᠭᠠᠭᠤᠯᠢ ᠶᠢᠨ ᠳᠡᠳ᠋ ᠵᠠᠬᠢᠷᠤᠯ ᠡᠷᠳᠡᠨᠢᠬᠠᠳᠠ ᠡᠴᠡ ᠨᠤᠮ ᠳᠤ ᠰᠤᠩᠭᠤᠭᠳᠠᠭᠰᠠᠨ ᠴᠢᠬᠤᠯᠠ ᠪᠦᠳᠦᠬᠡᠯ ᠤᠳ ᠤᠨ ᠨᠦᠯᠦᠬᠡ ᠳᠤᠰᠬᠠᠯ᠂ ᠮᠦᠨ ᠪᠦᠷᠢᠨᠪᠠᠶᠠᠷ ᠭᠤᠧᠠᠢ ᠶᠢᠨ ᠮᠤᠩᠭᠤᠯ ᠦᠨᠳᠦᠰᠦᠳᠡᠨ ᠤ ᠮᠡᠳᠡᠬᠡᠯᠡᠯ ᠤᠨ ᠤᠷᠠᠨ ᠵᠤᠬᠢᠶᠠᠯ ᠤᠨ ᠨᠢᠬᠡᠨ ᠦᠶ᠎ᠡ ᠶᠢᠨ ᠭᠠᠢᠬᠠᠮᠰᠢᠭ ᠢ ᠡᠬᠦᠳᠦᠭᠰᠡᠨ ᠵᠢᠴᠢ ᠵᠠᠯᠠᠭᠤ ᠨᠢᠬᠡ ᠦᠶ᠎ᠡ ᠶᠢᠨ ᠮᠡᠳᠡᠬᠡᠯᠡᠯ ᠤᠨ ᠤᠷᠠᠨ ᠵᠤᠬᠢᠶᠠᠯᠴᠢᠳ ᠤᠨ ᠡᠩᠨᠡᠬᠡ ᠶᠢ ᠪᠠᠢᠭᠤᠯᠤᠭᠰᠠᠨ ᠳᠤᠬᠠᠢ ᠨᠠᠷᠢᠨ ᠳᠠᠨᠢᠯᠴᠠᠭᠤᠯᠵᠠᠢ᠃

 《ᠪᠦᠷᠢᠨᠪᠠᠶᠠᠷ ᠤᠨ ᠵᠤᠬᠢᠶᠠᠯ ᠪᠦᠳᠦᠬᠡᠯ ᠤᠨ ᠬᠤᠷᠢᠶᠠᠩᠭᠤᠢ ᠨᠤᠮ ᠨᠢ ᠨᠢᠩᠵᠢᠨ ᠰᠡᠳᠬᠢᠯᠦᠢᠯᠡᠰ ᠤᠨ ᠳᠤᠤᠯᠢᠦᠵᠦᠬᠦᠷ ᠰᠡᠳᠬᠢᠯ ᠤᠨ ᠳᠡᠮᠡᠤᠯᠡᠯᠬᠤᠷᠴᠢᠨ ᠤ ᠠᠯᠳᠠᠷᠳᠤ ᠬᠦᠮᠦᠰᠨᠠᠷᠠ ᠡᠷᠬᠦᠭᠰᠡᠨ ᠨᠤᠳᠤᠭᠴᠢᠨᠳᠠᠮᠤᠨᠢ ᠬᠡᠯᠬᠢᠶ᠎ᠡ (ᠳᠡᠬᠡᠳᠦ᠂ ᠳᠤᠤᠷᠠᠳᠤ)᠂ ᠪᠢᠯᠢᠭ᠌ ᠬᠤᠷᠠᠬᠤᠢᠮᠤᠤᠠᠤᠰᠤ ᠶᠢᠨ ᠨᠤᠮᠢᠨ ᠨᠤᠭᠤᠭᠠᠨ ᠳᠤᠤᠯᠢᠰᠡᠷᠳᠡᠨᠢ ᠶᠢᠨ ᠤᠯᠠ ᠮᠦᠷ ᠵᠡᠷᠬᠡ ᠠᠷᠪᠠᠨ ᠪᠤᠳᠢ ᠪᠡᠷ ᠪᠦᠷᠢᠯᠳᠦᠵᠤ᠂ ᠠᠯᠳᠠᠷᠳᠤ ᠵᠤᠬᠢᠶᠠᠯᠴᠢ ᠪᠦᠷᠢᠨᠪᠠᠶᠠᠷ ᠤᠨ ᠶᠡᠷᠦ ᠶᠢᠨ ᠬᠦᠮᠦᠨ ᠤ ᠶᠡᠷᠦ ᠪᠤᠰᠤ ᠶᠢᠨ ᠦᠢᠯᠡ ᠶᠠᠪᠤᠳᠠᠯ ᠢ ᠬᠦᠤᠷᠨᠢᠨ ᠳᠡᠮᠳᠡᠭᠯᠡᠭᠰᠡᠨ᠂ ᠨᠠᠷᠢᠨ ᠦᠢᠯᠡᠰ ᠨᠢᠳᠦᠨ ᠳᠤ ᠦᠵᠡᠭᠳᠡᠵᠤ ᠭᠠᠷ ᠲᠤ ᠪᠠᠷᠢᠭᠳᠠᠮ᠎ᠠ᠂ ᠵᠠᠩ ᠠᠭᠠᠯᠢ ᠶᠢ ᠦᠩᠬᠡ ᠭᠠᠯᠪᠢᠷ ᠲᠠᠢ ᠳᠤᠳᠤᠷᠠᠭᠤᠯᠤᠨ ᠦᠯᠢᠬᠡᠷ ᠤᠴᠢᠷ ᠢ ᠰᠡᠳᠬᠢᠯ ᠳᠤ ᠬᠠᠳᠠᠩᠰᠢᠭᠤᠯᠤᠮ᠎ᠠ ᠳᠤᠭᠤᠷᠪᠢᠭᠰᠠᠨ ᠤᠯᠠᠨ ᠰᠠᠢᠬᠠᠨ ᠪᠦᠳᠦᠬᠡᠯ ᠤᠳ ᠢ ᠬᠠᠮᠤᠷᠴᠠᠢ᠃

  ᠨᠡᠷᠡᠳᠦ ᠵᠤᠬᠢᠶᠠᠯᠴᠢ ᠪᠦᠷᠢᠨᠪᠠᠶᠠᠷ ᠭᠤᠧᠠᠢ ᠪᠤᠯ ᠦᠪᠦᠷ ᠮᠤᠩᠭᠤᠯ ᠤᠨ ᠵᠠᠷᠤᠳ ᠬᠤᠰᠢᠭᠤᠨ ᠤ ᠤᠤᠭᠠᠯ᠂ ᠤᠯᠤᠰ ᠤᠨ ᠨᠢᠬᠡᠳᠦᠬᠡᠷ ᠳᠡᠰ ᠤᠨ ᠵᠤᠬᠢᠶᠠᠯᠴᠢ᠂ ᠪᠦᠬᠦ ᠤᠯᠤᠰ ᠤᠨ ᠴᠦᠬᠡᠨ ᠳᠤᠭᠠᠳᠤ ᠦᠨᠳᠦᠰᠦᠳᠡᠨ ᠤ ᠤᠳᠬ᠎ᠠ ᠵᠤᠬᠢᠶᠠᠯ ᠤᠨ ᠠᠵᠢᠨᠠᠢ ᠬᠦᠯᠦᠭ ᠱᠠᠩᠨᠠᠯ ᠰᠢᠯᠭᠠᠷᠠᠭᠤᠯᠬᠤ ᠺᠤᠮᠢᠰ ᠤᠨ ᠬᠡᠰᠢᠬᠦᠨ᠂ ᠪᠦᠬᠦ ᠤᠯᠤᠰ ᠤᠨ ᠯᠦ᠍ ᠰᠢᠶᠦ᠋ᠨ ᠤᠳᠬ᠎ᠠ ᠵᠤᠬᠢᠶᠠᠯ ᠤᠨ ᠱᠠᠩᠨᠠᠯ ᠰᠢᠯᠭᠠᠷᠠᠭᠤᠯᠬᠤ ᠺᠤᠮᠢᠰ ᠤᠨ ᠬᠡᠰᠢᠬᠦᠨ᠂ ᠪᠦᠬᠦ ᠤᠯᠤᠰ ᠤᠨ ᠳᠤᠷᠤᠨ᠎ᠠ ᠤᠳᠬ᠎ᠠ ᠵᠤᠬᠢᠶᠠᠯ ᠤᠨ ᠱᠠᠩᠨᠠᠯ ᠰᠢᠯᠭᠠᠷᠠᠭᠤᠯᠬᠤ ᠺᠤᠮᠢᠰ ᠤᠨ ᠬᠡᠰᠢᠬᠦᠨ ᠪᠦᠬᠡᠳ ᠠᠯᠪᠠᠨ ᠬᠡᠷ ᠤᠨ ᠳᠡᠳ᠋ ᠡᠷᠬᠢᠯᠡᠭᠴᠢ᠂ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠰᠤᠯᠤᠩᠭ᠎ᠠ ᠤᠳᠬ᠎ᠠ ᠵᠤᠬᠢᠶᠠᠯ ᠤᠨ ᠱᠠᠩᠨᠠᠯ ᠰᠢᠯᠭᠠᠷᠠᠭᠤᠯᠬᠤ ᠺᠤᠮᠢᠰ ᠤᠨ ᠬᠡᠰᠢᠬᠦᠨ᠃ ᠳᠡᠷᠡ ᠪᠡᠷ ᠦᠪᠦᠷ ᠮᠤᠩᠭᠤᠯ ᠤᠨ ᠵᠤᠬᠢᠶᠠᠯᠴᠢᠳ ᠤᠨ ᠨᠡᠢᠬᠡᠮᠯᠢᠭ ᠤᠨ ᠪᠠᠢᠩᠭᠤ ᠶᠢᠨ ᠳᠡᠳ᠋ ᠳᠡᠷᠢᠬᠦᠯᠡᠭᠴᠢ᠂ ᠵᠢᠷᠢᠮ ᠤᠨ ᠤᠷᠠᠨ ᠵᠤᠬᠢᠶᠠᠯ ᠰᠡᠳᠬᠦᠯ ᠤᠨ ᠶᠡᠷᠦᠩᠬᠡᠢ ᠨᠠᠢᠷᠠᠭᠤᠯᠤᠭᠴᠢ᠂ ᠳᠤᠮᠳᠠᠳᠤ ᠤᠯᠤᠰ ᠤᠨ ᠮᠡᠳᠡᠬᠡᠯᠡᠯ ᠤᠨ ᠤᠷᠠᠨ ᠵᠤᠬᠢᠶᠠᠯ ᠤᠨ ᠨᠡᠢᠬᠡᠮᠯᠢᠭ ᠤᠨ ᠬᠡᠷᠡᠭ ᠡᠷᠬᠢᠯᠡᠭᠴᠢ ᠵᠡᠷᠬᠡ ᠤᠯᠠᠨ ᠡᠬᠦᠷᠬᠡ ᠳᠤᠰᠢᠶᠠᠯ ᠬᠠᠷᠢᠭᠤᠴᠠᠵᠤ ᠶᠠᠪᠤᠵᠠᠢ᠃ 1972 ᠤᠨ ᠳᠤ ᠤᠤᠭᠠᠨ ᠪᠦᠳᠦᠬᠡᠯᠳᠡᠤᠬᠡ ᠶᠢ ᠡᠬᠦᠳᠦᠨ ᠪᠦᠳᠦᠬᠡᠭᠴᠢ ᠬᠦᠳᠡᠯᠮᠦᠷᠢᠴᠢᠳ ᠢᠶᠡᠨ ᠵᠢᠷᠢᠮ ᠤᠨ ᠰᠤᠨᠢᠨ ᠳᠤ ᠨᠡᠢᠳᠡᠯᠡᠬᠦᠯᠦᠭᠰᠡᠨ ᠡᠴᠡ ᠨᠠᠭᠠᠰᠢ ᠳᠤᠭ᠎ᠠ ᠳᠤᠮᠰᠢ ᠦᠬᠡᠢ ᠤᠯᠠᠨ ᠪᠦᠳᠦᠬᠡᠯ ᠳᠤᠭᠤᠷᠪᠢᠨ ᠤᠯᠤᠰ ᠤᠨ ᠳᠤᠳᠤᠭᠠᠳᠤ ᠭᠠᠳᠠᠭᠠᠳᠤ ᠶᠢᠨ ᠰᠤᠨᠢᠨ ᠰᠡᠳᠬᠦᠯ ᠤᠳ ᠢᠶᠡᠷ ᠨᠡᠢᠳᠡᠯᠡᠬᠦᠯᠵᠤ᠂ ᠪᠦᠬᠦ ᠤᠯᠤᠰ ᠤᠨ ᠴᠦᠬᠡᠨ ᠳᠤᠭᠠᠳᠤ ᠦᠨᠳᠦᠰᠦᠳᠡᠨ ᠤ ᠤᠳᠬ᠎ᠠ ᠵᠤᠬᠢᠶᠠᠯ ᠤᠨ ᠠᠵᠢᠨᠠᠢ ᠬᠦᠯᠦᠭ ᠱᠠᠩᠨᠠᠯ᠂ ᠪᠦᠬᠦ ᠤᠯᠤᠰ ᠤᠨ ᠳᠠᠪᠤ ᠨᠢᠬᠡ ᠶᠢᠨ ᠢᠨᠵᠧᠨᠧᠷᠢᠩ ᠤᠨ ᠱᠠᠩᠨᠠᠯ᠂ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠰᠤᠯᠤᠩᠭ᠎ᠠ ᠱᠠᠩᠨᠠᠯ ᠵᠡᠷᠬᠡ ᠪᠡᠷ ᠤᠯᠠᠨᠳᠠ ᠮᠢᠯᠢᠶᠠᠯᠭᠠᠵᠤ ᠶᠠᠪᠤᠵᠠᠢ᠃

                                                                                            

 

                ᠰᠢᠨᠬᠤᠧᠠ ᠮᠤᠩᠭᠤᠯ ᠨᠧᠲ ᠡᠴᠡ ᠰᠢᠯᠵᠢᠭᠦᠯᠦᠨ ᠨᠡᠢᠲᠡᠯᠡᠪᠡ

(ᠬᠠᠷᠢᠭᠤᠴᠠᠭᠰᠠᠨ ᠨᠠᠢᠷᠠᠭᠤᠯᠤᠭᠴᠢ : ᠰᠠᠭᠤᠷᠢᠪᠡᠬᠢ)

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠦᠪᠦᠷ
ᠮᠤᠩᠭ᠋ᠤᠯ ᠤᠨ
ᠬᠡᠪᠯᠡᠯ ᠤ᠋ᠨ
ᠪᠦᠯᠦᠭᠯᠡᠯ
ᠬᠡᠪᠯᠡᠯ ᠤ᠋ᠨ
ᠡᠷᠬᠡ ᠲᠡᠢ
ᠦᠪᠦᠷ
ᠮᠤᠩᠭ᠋ᠤᠯ ᠤᠨ
ᠮᠤᠨᠢ
ᠨᠡᠷᠡᠮᠵᠢᠲᠦ
ᠰᠤᠶᠤᠯ ᠤᠨ
ᠵᠠᠭᠤᠴᠢ
ᠪᠦᠷᠢᠨ 
ᠪᠤᠰᠤ
ᠬᠠᠷᠢᠭᠤᠴᠠᠯᠭᠠᠳᠤ 
ᠺᠤᠮᠫᠠᠨᠢ
ᠲᠦᠰᠦᠪᠯᠡᠨ
ᠦᠢᠯᠡᠳᠪᠡ
ᠦᠪᠦᠷ
ᠮᠤᠩᠭ᠋ᠤᠯ ᠤᠨ
ᠳᠡᠯᠡᠬᠡᠢ
ᠮᠡᠳᠡᠭᠡ
ᠵᠠᠩᠬᠢ
ᠮᠡᠷᠭᠡᠵᠢᠯ ᠤᠨ
ᠬᠢᠵᠠᠭᠠᠷᠲᠤ
ᠺᠤᠮᠫᠠᠨᠢ
ᠮᠡᠷᠭᠡᠵᠢᠯ
ᠬᠠᠩᠭ᠋ᠠᠪᠠ
ᠬᠠᠶᠢ᠍ᠭ᠄
ᠦᠪᠦᠷ
ᠮᠤᠩᠭ᠋ᠤᠯ ᠤᠨ
ᠦᠪᠡᠷᠲᠡᠭᠡᠨ
ᠵᠠᠰᠠᠬᠤ
ᠤᠷᠤᠨ ᠤ
ᠬᠦᠬᠡᠬᠤᠳᠠ ᠵᠢᠨ ᠰᠢᠨ᠎ᠡ
ᠬᠤᠲᠠ
ᠲᠤᠭᠤᠷᠢᠭ ᠤᠨ
ᠰᠢᠩᠬᠤᠸᠠ
ᠵᠡᠬᠦᠨ
ᠵᠡᠭᠡᠯᠢ ᠵᠢᠨ
89ᠨᠤᠮᠧᠷ
ᠦᠪᠤᠷ
ᠮᠤᠩᠭ᠋ᠤᠯ ᠤᠨ
ᠬᠡᠪᠯᠡᠯ ᠤᠨ
ᠪᠦᠯᠦᠭᠯᠡᠯ
蒙ICP 备0500604