ᠠᠯᠤᠰ ᠤᠨ ᠪᠠᠷ᠎ᠠ ᠬᠡᠪᠯᠡᠯ ᠤᠨ ᠬᠤᠷᠢᠶᠠᠨ ᠤ《ᠠᠯᠤᠰ ᠤᠨ ᠵᠤᠷᠢᠯ ᠨᠤᠮ ᠤᠨ ᠬᠤᠷᠠᠯ》᠂ ᠬᠦᠬᠡᠬᠤᠳᠠ ᠵᠢᠨ ᠰᠤᠶᠤᠯ ᠤᠨ ᠨᠡᠷ ᠡ ᠵᠢᠨ ᠬᠠᠭᠤᠳᠠᠰᠤ - ᠳ᠋ᠧᠩ ᠵᠢᠥ ᠭᠠᠩ ᠤᠨ ᠪᠥᠲᠥᠭᠡᠯ ᠤᠨ ᠡᠳ᠋ᠯᠡᠯᠴᠡᠬᠦ ᠬᠤᠷᠠᠯ
2019.09.30

  9 ᠰᠠᠷ᠎ᠠ ᠵᠢᠨ 20 ᠤ ᠡᠳᠦᠷ ᠤᠨ ᠦᠳᠡ ᠵᠢᠨ ᠡᠮᠦᠨ᠎ᠡ᠂ ᠠᠯᠤᠰ ᠤᠨ ᠪᠠᠷ᠎ᠠ ᠬᠡᠪᠯᠡᠯ ᠤᠨ ᠬᠣᠷᠢᠶᠠᠨ ᠤ ᠮᠡᠷᠡᠢᠨ ᠴᠣᠭᠴᠠᠯᠠᠭᠰᠠᠨ 《ᠠᠯᠤᠰ ᠤᠨ ᠵᠤᠷᠢᠯ ᠨᠤᠮ ᠤᠨ ᠬᠤᠷᠠᠯ》᠂ ᠠᠯᠳᠠᠷᠲᠣ ᠵᠣᠬᠢᠶᠠᠯᠴᠢ ᠳ᠋ᠧᠩ ᠵᠢᠥ ᠭᠠᠩ ᠤᠨ ᠪᠥᠲᠥᠭᠡᠯ ᠤᠨ ᠡᠳ᠋ᠯᠡᠯᠴᠡᠬᠦ ᠬᠤᠷᠠᠯ ᠨᠢ ᠳᠦᠷᠪᠡᠳᠦᠭᠡᠷ ᠬᠤᠭᠤᠴᠠᠭᠠᠨ ᠤ ᠥᠪᠥᠷ ᠮᠣᠨᠭᠭᠣᠯ ᠤᠨ ᠰᠣᠶᠣᠯ ᠤᠨ ᠪᠥᠲᠥᠭᠡᠭᠳᠡᠬᠦᠨ ᠤ ᠳᠡᠯᠭᠡᠨ ᠦᠵᠡᠭᠦᠯᠬᠦ ᠰᠣᠯᠢᠯᠴᠠᠭᠠᠨ ᠤ ᠠᠬᠣᠢ ᠲᠠᠯᠠᠪᠤᠷ ᠲᠤ᠌ ᠶᠠᠪᠤᠭᠳᠠᠭᠰᠠᠨ ᠪᠠᠢᠨ᠎ᠠ᠃

  ᠬᠥᠳᠡᠯᠭᠡᠭᠡᠨ ᠢ᠋ ᠠᠯᠤᠰ ᠤᠨ ᠪᠠᠷ᠎ᠠ ᠬᠡᠪᠯᠡᠯ ᠤᠨ ᠬᠣᠷᠢᠶᠠᠨ ᠤ ᠳᠡᠳ᠋ ᠬᠣᠷᠢᠶᠠᠨ ᠳᠠᠷᠤᠭ᠎ᠠ ᠶᠠᠩ ᠮᠢᠨ ᠡᠷᠬᠢᠯᠡᠪᠡ᠃ ᠤᠷᠢᠭᠳᠠᠭᠰᠠᠨ ᠬᠦᠨᠲᠦᠲᠦ ᠵᠣᠴᠢᠳ ᠲᠤ᠌ ᠠᠯᠳᠠᠷᠲᠣ ᠡᠷᠳᠡᠮᠳᠡᠨ ᠳ᠋ᠧᠩ ᠵᠢᠥ ᠭᠠᠩ ᠵᠢᠴᠢ ᠥᠪᠥᠷ ᠮᠣᠨᠭᠭᠣᠯ ᠤᠨ ᠵᠣᠬᠢᠶᠠᠯᠴᠢᠳ ᠤᠨ ᠨᠡᠢᠭᠡᠮᠯᠢᠭ ᠦ᠋ᠨ ᠳᠡᠳ᠋ ᠲᠡᠷᠢᠭᠦᠯᠡᠭᠴᠢ ᠬᠠᠯᠢᠭᠤᠨ᠎ᠠ᠂ ᠥᠪᠥᠷ ᠮᠣᠨᠭᠭᠣᠯ ᠤᠨ ᠵᠣᠬᠢᠶᠠᠯᠴᠢᠳ ᠤᠨ ᠨᠡᠢᠭᠡᠮᠯᠢᠭ ᠤᠨ ᠤᠷᠢᠳᠤ ᠵᠢᠨ ᠪᠠᠢᠨᠭᠭᠤ ᠵᠢᠨ ᠳᠡᠳ᠋ ᠨᠡᠢᠭᠡᠮᠯᠢᠭ ᠤᠨ ᠳᠠᠷᠤᠭ᠎ᠠ ᠬᠠᠰᠠᠠᠭᠤᠯᠠ᠂ ᠠᠯᠳᠠᠷᠲᠤ ᠤᠳᠤᠷᠢᠳᠤᠭᠠᠴᠢ ᠸᠠᠩ ᠰᠢᠨ ᠮᠢᠨ᠂ ᠠᠯᠳᠠᠷᠲᠤ ᠰᠢᠭᠦᠮᠵᠢᠯᠡᠭᠴᠢ ᠯᠢ ᠶᠦᠸᠸ᠂ ᠴᠠᠢ ᠵᠢᠨ ᠰᠣᠶᠣᠯ ᠤᠨ ᠳᠡᠯᠭᠡᠷᠡᠭᠦᠯᠥᠭᠴᠢ ᠵᠤᠸᠠᠩ ᠯᠠᠨ ᠶᠢᠩ ᠨᠠᠷ ᠪᠤᠢ᠃

  ᠬᠦᠨᠳᠦᠲᠦ ᠵᠣᠴᠢᠳ ᠳ᠋ᠧᠩ ᠵᠢᠥ ᠭᠠᠩ ᠪᠠᠭᠰᠢ ᠶ᠋ᠢᠨ ᠲᠠᠪᠤᠨ ᠪᠥᠲᠥᠭᠡᠯ 《ᠲᠥᠮᠡᠨ ᠭᠠᠵᠠᠷ ᠤ᠋ᠨ ᠴᠠᠢ ᠶ᠋ᠢᠨ ᠵᠠᠮ》᠂《ᠲᠡᠮᠡᠭᠡᠨ ᠬᠣᠲᠠ ᠶ᠋ᠢ ᠪᠤᠴᠠᠨ ᠪᠠᠷᠠᠯᠠᠬᠤᠶ᠎ᠠ》᠂《ᠬᠦᠬᠡᠬᠣᠲᠠ ᠪᠠ 〈ᠨᠢᠭᠡ  ᠪᠦᠰᠡ ᠨᠢᠭᠡ ᠵᠠᠮ〉》᠂《ᠲᠡᠮᠡᠭᠡᠴᠢᠨ ᠠᠢᠯ  ᠤ᠋ᠨ ᠪᠡᠯᠪᠡᠰᠦᠨ ᠪᠦᠰᠡᠭᠦᠢ》᠂《ᠣᠩᠭᠣᠨ ᠰᠠᠭᠠᠷᠠᠯ》 ᠤ᠋ᠨ ᠲᠤᠬᠠᠢ ᠰᠢᠭᠦᠮᠵᠢᠯᠡᠨ ᠶᠠᠷᠢᠯᠴᠠᠵᠦ᠂ ᠮᠠᠰᠢ ᠶᠡᠬᠡ ᠪᠡᠷ ᠮᠠᠭᠲᠠᠨ ᠰᠠᠢᠰᠢᠶᠠᠵᠤ᠂ ᠳ᠋ᠧᠩ ᠵᠢᠥ ᠭᠠᠩ ᠪᠠᠭᠰᠢ ᠪᠣᠯ ᠬᠦᠬᠡᠬᠣᠲᠠ ᠵᠢᠨ ᠰᠣᠶᠣᠯ  ᠤ᠋ᠨ ᠨᠡᠷ᠎ᠡ ᠶ᠋ᠢᠨ ᠬᠠᠭᠤᠳᠠᠰᠤ ᠮᠥᠨ ᠭᠡᠵᠦ ᠦᠵᠡᠭᠰᠡᠨ ᠪᠠᠢᠨ᠎ᠠ᠃ ᠠᠬᠤᠢ ᠲᠠᠯᠠᠪᠠᠢ ᠬᠦᠷ ᠨᠠᠷᠭᠢᠶᠠᠨ ᠵᠢᠨᠷ ᠪᠢᠯᠬᠠᠨ᠂ ᠤᠩᠰᠢᠭᠴᠢᠳ ᠴᠢᠬᠢ ᠲᠠᠯᠪᠢᠨ ᠰᠣᠨᠣᠰᠴᠦ᠂ ᠵᠣᠬᠢᠶᠠᠭᠴᠢ ᠵᠢᠨ ᠭᠠᠷ ᠤ᠋ᠨ ᠦᠰᠦᠭ ᠢ᠋ ᠬᠦᠰᠡᠭᠡ ᠬᠦᠮᠦᠰ  ᠬᠣᠢᠨ᠎ᠠ ᠬᠣᠢᠨ᠎ᠠ ᠡᠴᠡ ᠪᠡᠨ ᠴᠤᠪᠤᠷᠠᠯᠳᠤᠵᠤ ᠪᠠᠢᠯ᠎ᠠ᠃ ᠥᠪᠥᠷ ᠮᠣᠩᠭᠣᠯ ᠤ᠋ᠨ ᠲᠢᠶᠠᠨ ᠼᠢ ᠴᠠᠢ ᠵᠢᠨ ᠰᠣᠶᠣᠯ ᠳᠡᠯᠭᠡᠷᠡᠭᠦᠯᠬᠦ ᠬᠢᠵᠠᠭᠠᠷᠲᠤ ᠺᠣᠮᠫᠠᠨᠢ ᠨᠢ ᠳ᠋ᠧᠩ ᠵᠢᠥ ᠭᠠᠩ ᠪᠠᠭᠰᠢ ᠵᠢᠨ ᠪᠥᠲᠦᠭᠡᠯ ᠡᠴᠡ 2000 ᠭᠠᠷᠤᠢ ᠳᠡᠪᠲᠡᠷ ᠬᠤᠳᠠᠯᠳᠤᠨ ᠠᠪᠤᠭᠰᠠᠨ ᠪᠠᠢᠨ᠎ᠠ᠃

  ᠳ᠋ᠧᠩ ᠵᠢᠥ ᠭᠠᠩ ᠪᠠᠭᠰᠢ《2013 ᠣᠨ ᠤ᠋ ᠳᠤᠮᠳᠠᠳᠤ ᠶ᠋ᠢᠨ ᠰᠣᠶᠣᠯ ᠤ᠋ᠨ ᠵᠢᠳᠭᠦᠯᠲᠡᠨ》 ᠦ᠌ ᠢᠷᠠᠭᠤ ᠠᠯᠳᠠᠷᠲᠤ ᠴᠣᠯᠠ ᠶ᠋ᠢ ᠬᠦᠷᠲᠡᠵᠦ ᠥᠩᠭᠡᠷᠡᠭᠰᠡᠨ ᠪᠥᠭᠡᠳ《ᠲᠥᠮᠡᠨ ᠭᠠᠵᠠᠷ  ᠤ᠋ᠨ ᠴᠠᠢ ᠵᠢᠨ ᠵᠠᠮ ᠢ᠋ ᠠᠯᠬᠤᠭ᠎ᠠ ᠪᠡᠷ ᠵᠢᠨᠨ ᠬᠡᠮᠵᠢᠭᠰᠡᠨ ᠵᠣᠬᠢᠶᠠᠯᠴᠢ》 ᠬᠡᠮᠡᠨ ᠠᠯᠳᠠᠷᠰᠢᠵᠤ᠂ 30 ᠵᠢᠯ ᠦ᠋ᠨ ᠳᠤᠷᠰᠢ《ᠲᠥᠮᠡᠨ ᠭᠠᠵᠠᠷ  ᠤ᠋ᠨ ᠴᠠᠢ ᠶ᠋ᠢᠨ ᠵᠠᠮ》 ᠢ᠋ ᠤᠬᠠᠭᠤᠯᠬᠤ ᠳ᠋ᠤ᠌ ᠭᠠᠷᠮᠠᠭᠠᠢ ᠵᠢᠳᠭᠦᠯ  ᠭᠠᠷᠭᠠᠭᠰᠠᠨ ᠪᠠᠢᠨ᠎ᠠ᠃ ᠲᠡᠭᠦᠨ ᠦ᠌ ᠪᠦᠲᠦᠭᠡᠯ ᠨᠢ ᠤᠮᠠᠷᠠᠲᠤ ᠬᠢᠵᠠᠭᠠᠷ ᠤ᠋ᠨ ᠲᠡᠮᠡᠭᠡᠨ ᠦ᠌ ᠠᠷᠠᠯᠵᠢᠶᠠᠴᠢᠨ᠂ ᠲᠡᠮᠡᠭᠡᠨ ᠵᠠᠮ ᠵᠡᠷᠭᠡ ᠦᠪᠡᠷᠮᠢᠴᠡ ᠣᠨᠴᠠᠯᠢᠭ ᠲᠠᠢ ᠭᠠᠵᠠᠷ ᠨᠤᠲᠤᠭ ᠤ᠋ᠨ ᠰᠣᠶᠣᠯ ᠢ᠋ ᠬᠠᠷᠠᠭᠤᠯᠤᠭᠰᠠᠨ ᠵᠢᠨᠷ ᠪᠠᠷᠠᠬᠤ ᠦᠭᠡᠢ ᠳᠤᠮᠳᠠᠳᠤ ᠤᠯᠤᠰ ᠤ᠋ᠨ ᠤᠮᠠᠷᠠᠲᠤ ᠶ᠋ᠢᠨ ᠦᠪᠡᠷᠮᠢᠴᠡ ᠤᠯᠠᠮᠵᠢᠯᠠᠯᠲᠤ ᠰᠣᠶᠣᠯ᠂ ᠠᠷᠠᠯᠵᠢᠶᠠᠨ ᠤ᠋ ᠪᠠᠢᠳᠠᠯ ᠲᠥᠯᠥᠪ᠂ ᠢᠷᠭᠡᠳ ᠦ᠋ᠨ ᠵᠠᠩ ᠠᠭᠠᠯᠢ᠂ ᠲᠡᠮᠡᠭᠡᠨ ᠬᠤᠳᠠᠯᠳᠤᠭᠠᠴᠢᠳ ᠤ᠋ᠨ ᠵᠣᠷᠢᠭ ᠰᠠᠨᠠᠭ᠎ᠠ ᠵᠡᠷᠭᠡ ᠭᠤᠴᠤ ᠭᠤᠢᠳᠠ ᠰᠣᠶᠣᠯ ᠤ᠋ᠨ ᠦᠵᠡᠮᠵᠢ ᠶ᠋ᠢ ᠳᠤᠷᠠᠢᠮ᠎ᠠ ᠰᠠᠢᠬᠠᠨ ᠵᠢᠷᠤᠭᠯᠠᠨ ᠭᠠᠷᠭᠠᠭᠰᠠᠨ ᠪᠠᠢᠨ᠎ᠠ᠃

  ᠡᠳᠡᠭᠡᠷ ᠪᠥᠲᠥᠭᠡᠯ ᠦ᠋ᠳ ᠦ᠋ᠨ ᠦᠭᠦᠯᠡᠭᠰᠡᠨ ᠨᠢ ᠲᠡᠤᠬᠡᠨ ᠠᠮᠢᠳᠤᠷᠠᠯ᠂ ᠱᠤᠭᠤᠨ ᠭᠠᠷᠭᠠᠭᠰᠠᠨ ᠨᠢ ᠲᠡᠤᠬᠡᠨ ᠬᠦᠮᠦᠰ ᠲᠡᠳᠦᠢ ᠪᠣᠯᠪᠠᠴᠤ᠂ ᠪᠥᠲᠥᠭᠡᠯ ᠦ᠋ᠨ ᠢᠯᠡᠳᠭᠡᠵᠦ ᠭᠠᠷᠭᠠᠭᠰᠠᠨ ᠦᠵᠡᠯ ᠵᠣᠷᠢᠭ ᠨᠢ ᠬᠠᠷᠢᠨ ᠴᠠᠭ ᠦᠶ᠎ᠡ ᠶ᠋ᠢᠨ ᠵᠣᠷᠢᠭ ᠰᠠᠨᠠᠭ᠎ᠠ ᠲᠠᠢ ᠰᠢᠭᠤᠳ ᠬᠣᠯᠪᠣᠯᠳᠣᠵᠣ ᠪᠠᠢᠭ᠎ᠠ ᠶᠤᠮ᠃ ᠡᠳᠡᠭᠡᠷ ᠪᠥᠲᠥᠭᠡᠯ ᠡᠴᠡ ᠪᠢᠳᠡ ᠳ᠋ᠧᠩ ᠵᠢᠥ ᠭᠠᠩ ᠪᠠᠭᠰᠢ ᠵᠢᠨ ᠨᠡᠢᠭᠡᠮ ᠦ᠋ᠨ ᠬᠠᠷᠢᠭᠤᠴᠠᠯᠭᠠᠲᠤ ᠰᠡᠳᠭᠢᠯᠭᠡ ᠶ᠋ᠢ ᠣᠯᠵᠣ ᠬᠠᠷᠠᠵᠤ ᠪᠣᠯᠣᠨ᠎ᠠ᠃

  ᠲᠡᠷᠡ ᠪᠡᠷ ᠨᠢᠭᠡᠨ ᠥᠷᠥ ᠵᠥᠭᠡᠯᠡᠨ ᠰᠡᠳᠭᠢᠯ ᠵᠢᠨᠷ ᠠᠮᠢᠳᠤ ᠪᠣᠰᠣᠭ᠎ᠠ ᠪᠤᠳᠠᠲᠠᠢᠵᠢᠭᠤᠯᠤᠭᠰᠠᠨ ᠤᠷᠠᠯᠢᠭ ᠤ᠋ᠨ ᠲᠦᠷᠢ ᠶ᠋ᠢ  ᠬᠦᠨᠳᠡᠨ᠂ ᠳᠡᠪᠵᠢᠶᠡᠨ ᠪᠤᠳᠤᠯᠢᠶᠠᠨᠲᠠᠢ ᠠᠮᠢᠳᠤᠷᠠᠯ ᠤ᠋ᠨ ᠠᠬᠤᠢ  ᠶ᠋ᠢ ᠰᠡᠷᠡᠵᠤ᠂ ᠳᠤᠮᠳᠠᠳᠤ ᠤᠯᠤᠰ ᠤ᠋ᠨ ᠤᠮᠠᠷᠠᠲᠤ  ᠶ᠋ᠢᠨ ᠬᠡᠳᠦᠨ ᠦᠶ᠎ᠡ ᠵᠢᠨ ᠬᠦᠮᠦᠨ ᠦ᠌ ᠴᠢᠰᠦ ᠨᠢᠯᠪᠤᠰᠤᠨ ᠲᠡᠮᠡᠴᠡᠯ ᠦ᠋ᠨ ᠲᠡᠦᠬᠡ ᠶ᠋ᠢ ᠵᠢᠷᠤᠭᠯᠠᠨ ᠭᠠᠷᠭᠠᠭᠰᠠᠨ ᠪᠠᠢᠨ᠎ᠠ᠃ ᠦᠭᠡᠷ᠎ᠠ ᠪᠠᠷ ᠬᠡᠯᠡᠪᠡᠯ᠂ ᠲᠡᠷᠡ ᠪᠡᠷ ᠬᠠᠭᠠᠰ ᠨᠠᠰᠤᠨ ᠤ᠋ ᠪᠠᠨ ᠦᠩᠭᠡᠷᠡᠯᠲᠡ ᠪᠡᠷ ᠵᠢᠨᠨ ᠡᠭᠡᠯ ᠵᠢᠷ ᠦ᠋ᠨ ᠬᠦᠮᠦᠰ ᠦ᠋ᠨ ᠠᠮᠢᠳᠤᠷᠠᠨ ᠣᠷᠣᠰᠢᠬᠤ ᠵᠢᠨ ᠲᠥᠯᠥᠭᠡ ᠂ ᠬᠦᠰᠡᠯ ᠵᠣᠷᠢᠯᠲᠠ ᠵᠢᠨᠨ  ᠪᠡᠶᠡᠯᠡᠭᠦᠯᠬᠦ ᠶ᠋ᠢᠨ ᠲᠥᠯᠥᠭᠡ ᠴᠥᠬᠥᠷᠡᠰᠢ ᠦᠭᠡᠢ ᠲᠡᠮᠡᠴᠡᠭᠰᠡᠨ ᠪᠠᠳᠠᠭ ᠪᠠᠳᠠᠭ ᠠᠮᠢᠵᠢᠷᠠᠯ ᠤ᠋ᠨ ᠳᠠᠭᠤᠯᠠᠯ ᠢ᠋ ᠪᠢᠴᠢᠭᠯᠡᠭᠰᠡᠨ ᠪᠠᠢᠨ᠎ᠠ᠃ ᠪᠢᠳᠡ ᠳ᠋ᠧᠩ ᠵᠢᠥ ᠭᠠᠩ ᠪᠠᠭᠰᠢ ᠵᠢᠨ ᠪᠡᠶ᠎ᠡ ᠳᠡᠭᠡᠷ᠎ᠡ ᠡᠴᠡ ᠨᠢᠭᠡᠨ ᠪᠠᠶᠠᠰᠤᠩᠭᠤᠢ᠂ ᠲᠠᠢᠪᠤᠭᠤ ᠮᠡᠷᠭᠡᠳ ᠦ᠋ᠨ  ᠳᠥᠷᠢ ᠶ᠋ᠢ ᠣᠯᠵᠣ ᠬᠠᠷᠠᠵᠤ ᠪᠣᠯᠣᠨ᠎ᠠ᠃

(ᠬᠠᠷᠢᠭᠤᠴᠠᠭᠰᠠᠨ ᠨᠠᠢᠷᠠᠭᠤᠯᠤᠭᠴᠢ : ᠰᠠᠭᠤᠷᠢᠪᠡᠬᠢ)

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠦᠪᠦᠷ
ᠮᠤᠩᠭ᠋ᠤᠯ ᠤᠨ
ᠬᠡᠪᠯᠡᠯ ᠤ᠋ᠨ
ᠪᠦᠯᠦᠭᠯᠡᠯ
ᠬᠡᠪᠯᠡᠯ ᠤ᠋ᠨ
ᠡᠷᠬᠡ ᠲᠡᠢ
ᠦᠪᠦᠷ
ᠮᠤᠩᠭ᠋ᠤᠯ ᠤᠨ
ᠮᠤᠨᠢ
ᠨᠡᠷᠡᠮᠵᠢᠲᠦ
ᠰᠤᠶᠤᠯ ᠤᠨ
ᠵᠠᠭᠤᠴᠢ
ᠪᠦᠷᠢᠨ 
ᠪᠤᠰᠤ
ᠬᠠᠷᠢᠭᠤᠴᠠᠯᠭᠠᠳᠤ 
ᠺᠤᠮᠫᠠᠨᠢ
ᠲᠦᠰᠦᠪᠯᠡᠨ
ᠦᠢᠯᠡᠳᠪᠡ
ᠦᠪᠦᠷ
ᠮᠤᠩᠭ᠋ᠤᠯ ᠤᠨ
ᠳᠡᠯᠡᠬᠡᠢ
ᠮᠡᠳᠡᠭᠡ
ᠵᠠᠩᠬᠢ
ᠮᠡᠷᠭᠡᠵᠢᠯ ᠤᠨ
ᠬᠢᠵᠠᠭᠠᠷᠲᠤ
ᠺᠤᠮᠫᠠᠨᠢ
ᠮᠡᠷᠭᠡᠵᠢᠯ
ᠬᠠᠩᠭ᠋ᠠᠪᠠ
ᠬᠠᠶᠢ᠍ᠭ᠄
ᠦᠪᠦᠷ
ᠮᠤᠩᠭ᠋ᠤᠯ ᠤᠨ
ᠦᠪᠡᠷᠲᠡᠭᠡᠨ
ᠵᠠᠰᠠᠬᠤ
ᠤᠷᠤᠨ ᠤ
ᠬᠦᠬᠡᠬᠤᠳᠠ ᠵᠢᠨ ᠰᠢᠨ᠎ᠡ
ᠬᠤᠲᠠ
ᠲᠤᠭᠤᠷᠢᠭ ᠤᠨ
ᠰᠢᠩᠬᠤᠸᠠ
ᠵᠡᠬᠦᠨ
ᠵᠡᠭᠡᠯᠢ ᠵᠢᠨ
89ᠨᠤᠮᠧᠷ
ᠦᠪᠤᠷ
ᠮᠤᠩᠭ᠋ᠤᠯ ᠤᠨ
ᠬᠡᠪᠯᠡᠯ ᠤᠨ
ᠪᠦᠯᠦᠭᠯᠡᠯ
蒙ICP 备0500604