《ᠬᠡᠤᠬᠡᠳ᠎ᠦᠨ ᠨᠢᠭᠡ ᠨᠠᠰᠤᠨ᠎ᠤ ᠬᠤᠪᠢ ᠬᠥᠮᠦᠨ᠎ᠦ ᠦᠵᠡᠯᠳᠠ ᠲᠠᠨᠢᠯᠳᠠ᠎ᠶᠢᠨ ᠪᠤᠢᠵᠢᠯᠳᠠ᠎ᠶᠢ ᠨᠥᠯᠦᠭᠡᠯᠡᠬᠦ ᠵᠢᠷᠤᠭᠲᠦ ᠳᠡᠪᠲᠡᠷ》᠎ᠢ ᠪᠡᠯᠡᠭᠯᠡᠨ ᠬᠦᠷᠭᠡᠬᠦ ᠠᠵᠢᠯᠯᠠᠭ᠎ᠠ ᠶᠠᠪᠤᠭᠳᠠᠵᠠᠢ
2019.10.15

  ᠣᠢᠷ᠎ᠠ᠎ᠳᠤ᠂ ᠠᠯᠤᠰ᠎ᠤᠨ᠎ᠪᠠᠷ᠎ᠠ ᠬᠡᠪᠯᠡᠯ᠎ᠦᠨ ᠬᠣᠷᠢᠶ᠎ᠠ᠎ᠶᠢᠨ 《ᠬᠡᠤᠬᠡᠳ᠎ᠦᠨ ᠨᠢᠭᠡ ᠨᠠᠰᠤᠨ᠎ᠤ ᠬᠤᠪᠢ ᠬᠥᠮᠦᠨ᠎ᠦ ᠦᠵᠡᠯᠳᠠ ᠲᠠᠨᠢᠯᠳᠠ᠎ᠶᠢᠨ ᠪᠤᠢᠵᠢᠯᠳᠠ᠎ᠶᠢ ᠨᠥᠯᠦᠭᠡᠯᠡᠬᠦ ᠵᠢᠷᠤᠭᠲᠦ ᠲᠡᠪᠲᠡᠷ》᠎ᠢ ᠪᠡᠯᠡᠭᠯᠡᠨ ᠬᠦᠷᠭᠡᠬᠦ ᠠᠵᠢᠯᠯᠠᠭ᠎ᠠ ᠬᠥᠬᠡᠬᠤᠲᠠ᠎ᠶᠢᠨ ᠮᠣᠩᠭᠤᠯ ᠬᠡᠤᠬᠡᠳ᠎ᠦᠨ ᠴᠡᠴᠡᠷᠯᠢᠭ᠎ᠦᠨ ᠡᠮᠦᠨ᠎ᠡ ᠳᠤᠭᠤᠷᠢᠭ᠎ᠲᠤ ᠶᠠᠪᠤᠭᠳᠠᠵᠠᠢ᠃

  ᠪᠡᠯᠡᠭᠯᠡᠨ ᠬᠦᠷᠭᠡᠬᠦ ᠶᠣᠰᠤᠯᠠᠯ᠎ᠳᠤ ᠠᠯᠤᠰ᠎ᠤᠨ᠎ᠪᠠᠷ᠎ᠠ ᠬᠡᠪᠯᠡᠯ᠎ᠦᠨ ᠬᠣᠷᠢᠶ᠎ᠠ ᠪᠠ ᠮᠣᠩᠭᠤᠯ ᠦᠨᠳᠦᠰᠦᠳᠡᠨ᠎ᠦ ᠬᠡᠤᠬᠡᠳ᠎ᠦᠨ ᠴᠡᠴᠡᠷᠯᠢᠭ ᠵᠡᠷᠭᠡ ᠬᠣᠯᠪᠤᠭᠳᠠᠯ ᠪᠦᠬᠦᠢ ᠰᠠᠯᠠᠭ᠎ᠠ ᠮᠥᠴᠢᠷ᠎ᠦᠨ ᠬᠠᠷᠢᠭᠤᠴᠠᠯᠭᠠᠳᠠᠳ᠎ᠡᠴᠡ ᠭᠠᠳᠠᠨ᠎ᠠ ᠴᠡᠴᠡᠷᠯᠢᠭ᠎ᠦᠨ ᠬᠡᠤᠬᠡᠳ᠎ᠦᠨ ᠭᠡᠷ᠎ᠦᠨ ᠠᠬᠠᠮᠠᠳ ᠣᠷᠤᠯᠴᠠᠵᠤ᠂ ᠶᠣᠰᠤᠯᠠᠯ ᠳᠡᠭᠡᠷ᠎ᠠ ᠬᠡᠤᠬᠡᠳ᠎ᠦᠨ ᠦᠵᠡᠯᠳᠠ ᠲᠠᠨᠢᠯᠳᠠ᠎ᠶᠢᠨ ᠦᠰᠤᠯᠳᠠ ᠪᠣᠢᠵᠢᠯᠲᠠ᠎ᠳᠤ ᠠᠱᠢᠭᠳᠠᠢ 《ᠭᠡᠰᠡᠷ᠎ᠦᠨ ᠳᠣᠮᠤᠭ》᠂ 《ᠮᠠᠱᠢᠨ ᠬᠥᠮᠦᠨ ᠬᠠ ᠰᠢ》᠂ 《ᠡᠸᠡᠩᠭᠢ᠎ᠶᠢᠨ ᠬᠠᠨᠳᠠᠭᠠᠢ》 ᠵᠡᠷᠭᠡ ᠮᠣᠩᠭᠤᠯ᠎ᠢᠶᠠᠷ ᠪᠢᠴᠢᠭᠰᠡᠨ ᠵᠢᠷᠤᠭᠲᠦ ᠲᠡᠪᠲᠡᠷ᠎ᠢ ᠪᠡᠯᠡᠭᠯᠡᠭᠰᠡᠨ ᠪᠠᠢᠨ᠎ᠠ᠃ ᠠᠯᠲᠠᠨᠪᠠᠭᠠᠨ᠎ᠠ ᠪᠣᠯ ᠴᠡᠴᠡᠷᠯᠢᠭ᠎ᠦᠨ ᠰᠤᠷᠤᠭᠴᠢ ᠪᠣᠳᠢ᠎ᠶᠢᠨ ᠭᠡᠷ᠎ᠦᠨ ᠠᠬᠠᠮᠠᠳ ᠪᠣᠯᠤᠨ᠎ᠠ᠃ ᠲᠡᠷᠡ ᠪᠡᠯᠡᠭᠯᠡᠬᠦ ᠶᠣᠰᠤᠯᠠᠯ᠎ᠳᠤ ᠣᠷᠤᠯᠴᠠᠭᠠᠳ᠄ 《ᠡᠨᠡ ᠤᠳᠠᠭ᠎ᠠ〈ᠡᠸᠡᠩᠭᠢ᠎ᠶᠢᠨ ᠬᠠᠨᠳᠠᠭᠠᠢ〉 ᠭᠡᠬᠦ ᠵᠢᠷᠤᠭᠲᠦ ᠲᠡᠪᠲᠡᠷ᠎ᠦᠨ ᠦᠯᠢᠭᠡᠷ ᠲᠡᠤᠬᠡ᠎ᠶᠢ ᠬᠡᠤᠬᠡᠳ᠎ᠲᠤ᠎ᠪᠠᠨ ᠰᠠᠢᠬᠠᠨ ᠶᠠᠷᠢᠵᠤ ᠥᠭᠬᠦ᠎ᠪᠠᠷ ᠪᠣᠳᠤᠵᠤ ᠪᠤᠢ᠃ ᠲᠤᠰ ᠵᠢᠷᠤᠭᠲᠦ ᠲᠡᠪᠲᠡᠷ᠎ᠲᠦ ᠤᠮᠠᠷᠠᠲᠦ ᠬᠢᠯᠢ᠎ᠶᠢᠨ ᠠᠭᠯᠠᠭ ᠤᠢ᠎ᠪᠠᠷ ᠠᠷᠦ ᠦᠵᠡᠭᠳᠡᠯ ᠪᠣᠯᠭᠠᠵᠤ᠂ ᠨᠢᠭᠡᠨ ᠠᠩᠴᠢᠨ ᠨᠠᠰᠤᠳᠠᠨ ᠬᠠᠨᠳᠠᠭᠠᠢ᠎ᠶᠢ ᠠᠷᠠᠴᠢᠯᠠᠨ ᠲᠡᠵᠢᠭᠡᠵᠤ᠂ ᠬᠥᠮᠦᠨ ᠠᠮᠢᠳᠠᠨ᠎ᠤ ᠬᠣᠭᠤᠷᠤᠨᠳᠤᠬᠢ ᠢᠵᠢᠯᠢᠱᠢᠨ ᠳᠠᠰᠤᠯᠴᠠᠭᠰᠠᠨ ᠬᠥᠮᠦᠰ᠎ᠦᠨ ᠰᠡᠳᠭᠢᠯ᠎ᠢ ᠬᠥᠳᠡᠯᠭᠡᠮ᠎ᠡ ᠦᠯᠢᠭᠡᠷ᠎ᠢ ᠵᠢᠷᠤᠭ ᠵᠣᠬᠢᠶᠠᠯ ᠬᠠᠪᠰᠤᠷᠭᠠᠨ ᠨᠢᠳᠦᠨ᠎ᠳᠦ ᠦᠵᠡᠭᠳᠡᠮ᠎ᠡ ᠰᠠᠢᠬᠠᠨ ᠳᠤᠭᠠᠴᠢᠭᠰᠠᠨ ᠪᠠᠢᠨ᠎ᠠ》 ᠭᠡᠵᠤ ᠲᠥᠷᠦᠭᠳᠡᠯ᠎ᠢᠶᠡᠨ ᠬᠤᠪᠢᠶᠠᠯᠴᠠᠪᠠ᠃

                 

 

 

                                                                             ᠥᠪᠤᠷ ᠮᠣᠩᠭᠤᠯ᠎ᠤᠨ ᠡᠳᠦᠷ᠎ᠦᠨ ᠰᠣᠨᠢᠨ᠎ᠡᠴᠡ ᠱᠢᠯᠵᠢᠭᠦᠯᠦᠨ ᠨᠡᠢᠲᠡᠯᠡᠪᠡ

(ᠬᠠᠷᠢᠭᠤᠴᠠᠭᠰᠠᠨ ᠨᠠᠢᠷᠠᠭᠤᠯᠤᠭᠴᠢ : ᠰᠠᠭᠤᠷᠢᠪᠡᠬᠢ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604