《ᠬᠡᠰᠡᠷ》 ᠤ᠋ᠨ ᠦᠯᠢᠬᠡᠷ ᠲᠤᠤᠯᠢ ᠬᠠᠢᠯᠠᠯᠭ᠎ᠠ ᠵᠢ ᠮᠢᠩᠭᠠᠨ ᠴᠠᠭ ᠰᠡᠬᠦᠳᠡᠷᠯᠡᠨ ᠦᠢᠯᠡᠳᠬᠦ ᠠᠵᠢᠯ ᠡᠬᠢᠯᠡᠪᠡ
2019.10.16

 

    10 ᠰᠠᠷ᠎ᠠ ᠵᠢᠨ 9  ᠤ᠋ ᠡᠳᠤᠷ᠂《ᠬᠡᠰᠡᠷ》 ᠤ᠋ᠨ ᠦᠯᠢᠬᠡᠷ ᠲᠤᠤᠯᠢ ᠬᠠᠢᠯᠠᠯᠭ᠎ᠠ ᠵᠢ ᠮᠢᠩᠭᠠᠨ ᠴᠠᠭ ᠰᠡᠬᠦᠳᠡᠷᠯᠡᠨ ᠦᠢᠯᠡᠳᠬᠦ ᠠᠵᠢᠯ ᠪᠠᠭᠠᠷᠢᠨ ᠪᠠᠷᠠᠭᠤᠨ ᠬᠤᠰᠢᠭᠤᠨ ᠤ᠋ ᠬᠡᠰᠡᠷ ᠰᠤᠶᠤᠯ ᠢ᠋ ᠰᠤᠳᠤᠯᠤᠨ ᠬᠦᠭᠵᠢᠬᠦᠯᠬᠦ ᠲᠦᠪ ᠲᠤ᠌ ᠡᠬᠢᠯᠡᠭᠰᠡᠨ ᠪᠠᠢᠨ᠎ᠠ᠃

    《ᠬᠡᠰᠡᠷ》ᠪᠤᠯ ᠲᠤᠮᠳᠠᠳᠤ ᠤᠯᠤᠰ ᠤ᠋ᠨ ᠭᠤᠷᠪᠡᠨ ᠶᠡᠬᠡ ᠲᠤᠤᠯᠢ ᠵᠢᠨ ᠨᠢᠬᠡ ᠪᠠᠢᠵᠦ᠂ ᠮᠠᠨ ᠤ᠋ ᠤᠯᠤᠰ ᠤ᠋ᠨ ᠠᠩᠬᠠᠳᠤᠭᠠᠷ ᠤᠳᠠᠭ᠎ᠠ ᠨᠡᠢᠳᠡᠯᠡᠭᠰᠡᠨ ᠤᠯᠤᠰ ᠤ᠋ᠨ ᠲᠡᠰ ᠦ᠋ᠨ ᠪᠤᠳᠠᠰ ᠤ᠋ᠨ ᠪᠤᠰᠤ ᠰᠤᠶᠤᠯ ᠤ᠋ᠨ ᠦᠪ ᠦ᠋ᠨ ᠲᠦᠯᠦᠬᠡᠯᠡᠬᠦ ᠪᠦᠳᠤᠬᠡᠯ ᠤ᠋ᠨ ᠨᠠᠷᠠᠰ ᠤ᠋ᠨ ᠵᠢᠭᠰᠠᠭᠠᠯᠳᠠ ᠳ᠋ᠤ᠌ ᠤᠷᠤᠭᠰᠠᠨ ᠶᠤᠮ᠃ ᠲᠤᠮᠳᠠᠳᠤ ᠵᠠᠭᠤᠨ ᠡᠴᠠ ᠡᠬᠢᠯᠡᠨ ᠪᠠᠭᠠᠷᠢᠨ ᠢ᠋ ᠪᠠᠭᠳᠠᠭᠠᠭᠰᠠᠨ ᠦᠪᠤᠷ ᠮᠳᠭᠭᠤᠯ ᠤ᠋ᠨ ᠵᠡᠬᠦᠨ ᠤᠷᠤᠨ ᠳ᠋ᠤ᠌ ᠴᠤᠭᠤᠷ ᠬᠦᠭᠵᠢᠮ ᠤ᠋ᠨ ᠬᠠᠪᠰᠤᠷᠤᠯᠭ᠎ᠠ ᠲᠠᠢ ᠪᠠᠷ ᠮᠠᠩᠭᠤᠰ ᠤ᠋ᠨ ᠦᠯᠢᠬᠡᠷ ᠪᠠᠭᠠᠳᠤᠷ ᠤ᠋ᠨ ᠲᠤᠤᠯᠢ ᠵᠢ ᠬᠠᠢᠯᠠᠵᠦ ᠪᠠᠢᠭᠰᠠᠨ ᠪᠦᠬᠡᠳ ᠡᠬᠦᠨ ᠳ᠋ᠤ᠌《ᠬᠡᠰᠡᠷ》 ᠤ᠋ᠨ ᠦᠯᠢᠬᠡᠷ ᠲᠤᠤᠯᠢ ᠵᠢᠨ ᠬᠠᠢᠯᠠᠯᠭ᠎ᠠ ᠨᠢ ᠤᠳᠤ ᠳ᠋ᠤ᠌ ᠲᠤᠯᠳᠠᠯ᠎ᠠ ᠤᠷᠤᠨ ᠨᠤᠲᠤᠭ ᠤ᠋ᠨ ᠬᠡᠪ ᠨᠠᠮᠪᠠ ᠲᠠᠢ ᠦᠪᠯᠡᠨ ᠤᠯᠠᠮᠵᠢᠯᠠᠭᠳᠠᠭᠰᠠᠭᠠᠷ ᠢᠷᠡᠵᠠᠢ᠃ ᠲᠤᠰ ᠤᠳᠠᠭᠠᠨ ᠤ᠋《ᠬᠡᠰᠡᠷ》 ᠤ᠋ᠨ ᠦᠯᠢᠬᠡᠷ ᠲᠤᠤᠯᠢ ᠬᠠᠢᠯᠠᠯᠭ᠎ᠠ ᠵᠢ ᠮᠢᠩᠭᠠᠨ ᠴᠠᠭ ᠰᠡᠬᠦᠳᠡᠷᠯᠡᠨ ᠦᠢᠯᠡᠳᠬᠦ ᠠᠵᠢᠯ ᠨᠢ ᠰᠢ ᠵᠢᠨ ᠫᠢᠡᠭ ᠶᠡᠷᠳᠭᠬᠡᠢ ᠱᠦᠵᠢ ᠵᠢᠨ ᠴᠢᠬᠤᠯᠠ ᠵᠢᠭᠠᠪᠤᠷᠢ ᠵᠢ ᠪᠤᠳᠠᠳᠠᠢᠵᠢᠭᠤᠯᠤᠨ ᠬᠡᠷᠡᠭᠵᠢᠬᠦᠯᠵᠦ᠂《ᠬᠡᠰᠡᠷ》ᠰᠤᠳᠤᠯᠤᠯ ᠢ᠋ ᠬᠤᠢᠰᠢᠳᠡ ᠦᠪᠯᠡᠨ ᠵᠠᠯᠭᠠᠮᠵᠢᠯᠠᠬᠤ ᠪᠠ ᠨᠡᠢᠳᠡ ᠳ᠋ᠤ᠌ ᠲᠠᠨᠢᠭᠤᠯᠬᠤ ᠲᠠᠯ᠎ᠠ ᠪᠠᠷ ᠰᠢᠨ᠎ᠡ ᠬᠦᠭ ᠠᠶᠠᠰ ᠲᠠᠢ ᠪᠤᠯᠭᠠᠭᠰᠠᠨ ᠪᠠᠢᠨ᠎ᠠ᠃

    ᠦᠪᠤᠷ ᠮᠳᠭᠭᠤᠯ ᠤ᠋ᠨ ᠰᠢᠨᠵᠢᠯᠡᠬᠦ ᠤᠠᠬᠠᠭᠠᠨ ᠲᠧᠭᠨᠢᠭ ᠮᠡᠷᠬᠡᠵᠢᠯ ᠤ᠋ᠨ ᠬᠡᠪᠯᠡᠯ ᠤ᠋ᠨ ᠬᠤᠷᠢᠶᠠᠨ ᠤ᠋ ᠲᠠᠷᠤᠭ᠎ᠠ ᠪᠠᠳᠤᠪᠠᠶᠠᠷ ᠰᠤᠷᠪᠤᠯᠵᠢᠯᠠᠭ᠎ᠠ ᠬᠦᠯᠢᠶᠡᠬᠦ ᠳ᠋ᠤ᠌ ᠪᠠᠨ᠄《<ᠬᠡᠰᠡᠷ> ᠲᠤᠤᠯᠢ ᠬᠠᠢᠯᠠᠬᠤ ᠵᠢ ᠰᠢᠩᠬᠡᠬᠡᠬᠦ ᠠᠵᠢᠯ ᠪᠤᠯ ᠶᠡᠬᠡ ᠤᠳᠬ᠎ᠠ ᠠᠭᠤᠯᠭ᠎ᠠ ᠲᠠᠢ ᠠᠵᠢᠯ᠂ ᠢᠯᠠᠩᠭᠤᠶ᠎ᠠ ᠰᠢ ᠵᠢᠨ ᠫᠢᠡᠭ ᠶᠠᠷᠳᠭᠬᠡᠢ ᠱᠦᠵᠢ ᠤᠯᠠᠭᠠᠨᠬᠠᠳᠠ ᠬᠤᠳᠠ ᠳ᠋ᠤ᠌ ᠠᠵᠢᠯ ᠪᠠᠢᠴᠠᠭᠠᠬᠤ ᠳ᠋ᠤ᠌ ᠪᠠᠨ ᠬᠡᠰᠡᠷ ᠲᠤᠤᠯᠢ ᠵᠢ ᠬᠠᠢᠯᠠᠬᠤ ᠤᠯᠠᠮᠵᠢᠯᠠᠬᠤ ᠠᠵᠢᠯ ᠢ᠋ ᠴᠢᠬᠤᠯᠴᠢᠯᠠᠨ ᠵᠢᠭᠠᠪᠤᠷᠢᠯᠠᠭᠰᠠᠨ ᠪᠠᠢᠨ᠎ᠠ᠂ ᠡᠨᠡ ᠵᠢᠭᠠᠪᠤᠷᠢ ᠶ᠋ᠢ ᠨᠠᠢᠳᠠᠪᠦᠷᠢᠵᠢᠭᠤᠯᠬᠤ ᠳ᠋ᠤ᠌ ᠪᠤᠳᠠᠳᠠᠢ ᠠᠵᠢᠯ ᠢ᠋ ᠬᠢᠬᠦ ᠴᠢᠬᠤᠯᠠ ᠲᠠᠢ᠂ ᠭᠠᠭᠴᠠ ᠬᠦ᠌ ᠰᠢᠩᠬᠡᠬᠡᠨ ᠦᠢᠯᠡᠳᠤᠬᠡᠳ ᠪᠤᠯᠬᠤ ᠪᠢᠰᠢ᠂ᠤᠯᠠᠨ ᠲᠦᠮᠡᠨ ᠳ᠋ᠤ᠌ ᠮᠡᠳᠡᠬᠦᠯᠬᠦ ᠬᠡᠷᠡᠭᠲᠡᠢ᠂ ᠪᠢᠳᠡ ᠮᠠᠨ ᠤ᠋<ᠬᠦᠬᠡ ᠲᠠᠯ᠎ᠠ ᠰᠤᠨᠤᠰᠳᠠᠭ ᠨᠤᠮ>ᠬᠡᠬᠦ ᠲᠠᠪᠴᠡᠡᠭ ᠢ᠋ᠶ᠋ᠠᠷ ᠢ᠋ᠶ᠋ᠠᠨ ᠲᠠᠮᠵᠢᠭᠤᠯᠵᠦ᠂ ᠪᠦᠳᠤᠬᠡᠯ ᠢ᠋ᠶ᠋ᠠᠨ ᠨᠡᠡᠭ ᠤᠯᠠᠨ ᠬᠦᠮᠦᠨ ᠠᠷᠠᠳ ᠲᠤ᠌᠂<ᠬᠡᠰᠡᠷ> ᠢ᠋ ᠮᠡᠳᠡᠬᠦᠯᠵᠦ ᠲᠠᠨᠢᠭᠤᠯᠬᠤ᠂ ᠲᠤᠷ᠎ᠠ ᠪᠠᠬ᠎ᠠ ᠲᠠᠢ ᠬᠦᠮᠦᠰ ᠡᠬᠦᠨ ᠢ᠋ᠶ᠋ᠠᠷ ᠪᠠᠬᠠᠷᠬᠠᠬᠤ ᠵᠢᠴᠢ ᠵᠠᠯᠭᠠᠮᠵᠢᠯᠠᠵᠦ ᠬᠦᠭᠵᠢᠬᠦᠯᠬᠦ ᠳ᠋ᠤ᠌ ᠦᠢᠯᠡᠳᠤᠯ ᠦᠵᠡᠬᠦᠯᠦᠶ᠎ᠡ ᠬᠡᠵᠦ ᠪᠤᠳᠤᠵᠦ ᠪᠠᠢᠨ᠎ᠠ》ᠬᠡᠵᠠᠢ᠃

    ᠲᠤᠰ ᠤᠳᠠᠭᠠᠨ ᠤ᠋ ᠰᠡᠬᠦᠳᠡᠷᠯᠡᠨ ᠰᠢᠩᠬᠡᠬᠡᠬᠦ ᠠᠵᠢᠯ ᠢ᠋ ᠦᠪᠤᠷ ᠮᠳᠭᠭᠤᠯ ᠤ᠋ᠨ ᠰᠢᠨᠵᠢᠯᠡᠬᠦ ᠤᠠᠬᠠᠭᠠᠨ ᠲᠧᠭᠨᠢᠭ ᠮᠡᠷᠬᠡᠵᠢᠯ ᠤ᠋ᠨ ᠬᠡᠪᠯᠡᠯ ᠤ᠋ᠨ ᠬᠤᠷᠢᠶ᠎ᠠ ᠪᠠ ᠪᠠᠭᠠᠷᠢᠨ ᠪᠠᠷᠠᠭᠤᠨ ᠬᠤᠰᠢᠭᠤᠨ ᠤ᠋ ᠨᠠᠮ ᠤ᠋ᠨ ᠬᠤᠷᠢᠶ᠎ᠠ᠂ ᠵᠠᠰᠠᠭ ᠤ᠋ᠨ ᠤᠷᠳᠤᠨ ᠡᠴᠠ ᠭᠤᠤᠯᠴᠢᠯᠠᠨ ᠡᠷᠬᠢᠯᠡᠵᠦ᠂ ᠪᠠᠭᠠᠷᠢᠨ ᠪᠠᠷᠠᠭᠤᠨ ᠬᠤᠰᠢᠭᠤᠨ ᠤ᠋ ᠬᠡᠰᠡᠷ ᠰᠤᠶᠤᠯ ᠢ᠋ ᠰᠤᠳᠤᠯᠤᠨ ᠬᠦᠭᠵᠢᠬᠦᠯᠬᠦ ᠲᠦᠪ ᠪᠠ ᠦᠪᠤᠷ ᠮᠳᠭᠭᠤᠯ ᠤ᠋ᠨ ᠰᠢᠨᠵᠢᠯᠡᠬᠦ ᠤᠠᠬᠠᠭᠠᠨ ᠲᠧᠭᠨᠢᠭ ᠮᠡᠷᠬᠡᠵᠢᠯ ᠤ᠋ᠨ ᠬᠡᠪᠯᠡᠯ ᠤ᠋ᠨ ᠬᠤᠷᠢᠶ᠎ᠠ ᠵᠢᠨ《ᠬᠦᠬᠡ ᠲᠠᠯ᠎ᠠ》ᠰᠦᠯᠵᠢᠶ᠎ᠡ ᠡᠴᠠ ᠲᠠᠭᠠᠭᠠᠴᠢᠯᠠᠨ ᠶᠠᠪᠤᠭᠳᠠᠭᠤᠯᠵᠦ᠂ ᠤᠷᠤᠨ ᠨᠤᠳᠤᠭ ᠤ᠋ᠨ ᠰᠤᠶᠤᠯ ᠦᠪ ᠢ᠋ ᠰᠢᠨ᠎ᠡ ᠠᠬᠤᠢ ᠪᠠᠢᠳᠠᠯ ᠳ᠋ᠤ᠌ ᠰᠢᠨ᠎ᠡ ᠪᠠᠷ ᠦᠪᠯᠡᠨ ᠵᠠᠯᠭᠠᠮᠵᠢᠯᠠᠬᠤ ᠵᠢᠴᠢ ᠰᠤᠳᠤᠯᠤᠨ ᠬᠦᠭᠵᠢᠬᠦᠯᠬᠦ ᠳ᠋ᠤ᠌ ᠳᠦᠬᠦᠮ ᠳᠦᠳᠡ ᠨᠦᠬᠦᠴᠡᠯ ᠢ᠋ ᠬᠠᠩᠭᠠᠭᠰᠠᠨ ᠪᠠᠢᠨ᠎ᠠ᠃

    ᠦᠪᠤᠷ ᠮᠳᠭᠭᠤᠯ ᠤ᠋ᠨ ᠬᠡᠪᠯᠡᠯ ᠤ᠋ᠨ ᠪᠦᠯᠦᠭᠯᠡᠯ ᠤ᠋ᠨ ᠲᠡᠳ᠋ ᠶᠠᠷᠳᠭᠬᠡᠢ ᠲᠠᠭᠠᠭᠠᠮᠠᠯ ᠡᠷᠳᠡᠨᠢᠧᠴᠢᠷ ᠰᠤᠷᠪᠤᠯᠵᠢᠯᠠᠭ᠎ᠠ ᠬᠦᠯᠢᠶᠡᠬᠦ ᠳ᠋ᠤ᠌ ᠪᠠᠨ᠄ 《ᠮᠠᠨ ᠤ᠋ ᠪᠦᠯᠦᠭᠯᠡᠯ ᠦᠨᠳᠤᠰᠤᠳᠠᠨ ᠤ᠋ ᠦᠪ ᠰᠤᠶᠤᠯ ᠢ᠋ᠶ᠋ᠠᠨ ᠤᠯᠠᠮᠵᠢᠯᠠᠨ ᠬᠦᠭᠵᠢᠬᠦᠯᠵᠦ ᠵᠠᠯᠭᠠᠮᠵᠢᠯᠠᠨ ᠬᠠᠮᠠᠭᠠᠯᠠᠬᠤ ᠲᠠᠯ᠎ᠠ ᠪᠠᠷ ᠤᠯᠠᠨ ᠪᠦᠳᠤᠮᠵᠢᠳᠠᠢ ᠠᠵᠢᠯ ᠬᠢᠵᠠᠢ᠃ ᠦᠨᠤᠳᠤᠷ ᠤ᠋ᠨ ᠪᠠᠭᠠᠷᠢᠨ ᠪᠠᠷᠠᠭᠤᠨ ᠬᠤᠰᠢᠭᠤᠨ ᠳ᠋ᠤ᠌ ᠪᠤᠯᠤᠭᠰᠠᠨ ᠬᠦᠳᠡᠯᠬᠡᠬᠡᠨ ᠶᠡᠬᠡ ᠰᠠᠢᠬᠠᠨ ᠪᠤᠯᠤᠯ᠎ᠠ᠂ ᠡᠨᠡ ᠠᠵᠢᠯ ᠤ᠋ᠨ ᠤᠳᠬ᠎ᠠ ᠠᠭᠤᠯᠭ᠎ᠠ ᠨᠢ ᠭᠤᠤᠯᠳᠠᠭᠤ ᠰᠦᠯᠵᠢᠶ᠎ᠡ ᠪᠠᠷ ᠲᠠᠮᠵᠢᠵᠦ᠂ ᠬᠦᠮᠦᠰ ᠲᠤ᠌ ᠦᠢᠯᠡᠴᠢᠯᠡᠭᠡ ᠬᠠᠩᠭᠠᠬᠤ ᠪᠠᠷ ᠰᠡᠳᠤᠵᠦ ᠪᠠᠢᠬᠤ ᠪᠤᠯᠬᠤᠷ ᠬᠡᠪᠴᠢᠶ᠎ᠠ ᠨᠢ ᠦᠷᠬᠡᠨ᠂ ᠨᠦᠯᠦᠬᠡ ᠲᠤᠰᠬᠠᠯ ᠮᠠᠰᠢ ᠰᠠᠢᠨ ᠪᠠᠢᠬᠤ ᠬᠡᠵᠦ ᠪᠤᠳᠤᠵᠦ ᠪᠠᠢᠨ᠎ᠠ》ᠬᠡᠵᠠᠢ᠃

 

 

 

 

 

  

    ᠰᠤᠷᠪᠤᠯᠵᠢᠯᠠᠭᠴᠢ᠄ ᠡᠷᠳᠡᠨᠢᠪᠤᠯᠠᠭ   ᠲᠡᠷᠭᠡᠯ

    ᠲᠥᠪ ᠦ᠋ᠨ ᠲᠸᠯᠸᠢᠰ ᠬᠤᠷᠢᠶ᠎ᠠ᠂ ᠳᠤᠮᠳᠠᠳᠤ ᠤᠯᠤᠰ ᠤ᠋ᠨ ᠰᠦᠯᠵᠢᠶᠡᠨ ᠤ᠋ ᠲᠸᠯᠸᠢᠰ ᠠ᠋ᠴᠠ ᠰᠢᠯᠵᠢᠭᠦᠯᠦᠨ ᠨᠡᠢᠳᠡᠯᠡᠪᠡ

(ᠬᠠᠷᠢᠭᠤᠴᠠᠭᠰᠠᠨ ᠨᠠᠢᠷᠠᠭᠤᠯᠤᠭᠴᠢ : ᠤᠷᠢᠬᠠᠨ)

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠦᠪᠦᠷ
ᠮᠤᠩᠭ᠋ᠤᠯ ᠤᠨ
ᠬᠡᠪᠯᠡᠯ ᠤ᠋ᠨ
ᠪᠦᠯᠦᠭᠯᠡᠯ
ᠬᠡᠪᠯᠡᠯ ᠤ᠋ᠨ
ᠡᠷᠬᠡ ᠲᠡᠢ
ᠦᠪᠦᠷ
ᠮᠤᠩᠭ᠋ᠤᠯ ᠤᠨ
ᠮᠤᠨᠢ
ᠨᠡᠷᠡᠮᠵᠢᠲᠦ
ᠰᠤᠶᠤᠯ ᠤᠨ
ᠵᠠᠭᠤᠴᠢ
ᠪᠦᠷᠢᠨ 
ᠪᠤᠰᠤ
ᠬᠠᠷᠢᠭᠤᠴᠠᠯᠭᠠᠳᠤ 
ᠺᠤᠮᠫᠠᠨᠢ
ᠲᠦᠰᠦᠪᠯᠡᠨ
ᠦᠢᠯᠡᠳᠪᠡ
ᠦᠪᠦᠷ
ᠮᠤᠩᠭ᠋ᠤᠯ ᠤᠨ
ᠳᠡᠯᠡᠬᠡᠢ
ᠮᠡᠳᠡᠭᠡ
ᠵᠠᠩᠬᠢ
ᠮᠡᠷᠭᠡᠵᠢᠯ ᠤᠨ
ᠬᠢᠵᠠᠭᠠᠷᠲᠤ
ᠺᠤᠮᠫᠠᠨᠢ
ᠮᠡᠷᠭᠡᠵᠢᠯ
ᠬᠠᠩᠭ᠋ᠠᠪᠠ
ᠬᠠᠶᠢ᠍ᠭ᠄
ᠦᠪᠦᠷ
ᠮᠤᠩᠭ᠋ᠤᠯ ᠤᠨ
ᠦᠪᠡᠷᠲᠡᠭᠡᠨ
ᠵᠠᠰᠠᠬᠤ
ᠤᠷᠤᠨ ᠤ
ᠬᠦᠬᠡᠬᠤᠳᠠ ᠵᠢᠨ ᠰᠢᠨ᠎ᠡ
ᠬᠤᠲᠠ
ᠲᠤᠭᠤᠷᠢᠭ ᠤᠨ
ᠰᠢᠩᠬᠤᠸᠠ
ᠵᠡᠬᠦᠨ
ᠵᠡᠭᠡᠯᠢ ᠵᠢᠨ
89ᠨᠤᠮᠧᠷ
ᠦᠪᠤᠷ
ᠮᠤᠩᠭ᠋ᠤᠯ ᠤᠨ
ᠬᠡᠪᠯᠡᠯ ᠤᠨ
ᠪᠦᠯᠦᠭᠯᠡᠯ