《ᠨᠤᠳᠤᠭ᠎ᠤᠨ ᠪᠤᠭᠤᠷᠤᠯ ᠠᠭᠤᠯᠠ》 ᠬᠡᠮᠡᠬᠦ ᠨᠤᠮ ᠤᠩᠱᠢᠭᠴᠢᠳ᠎ᠲᠠᠢ ᠵᠤᠯᠭᠠᠯ᠎ᠠ
2019.10.16

  ᠱᠢᠨᠬᠤᠸᠠ ᠮᠤᠩᠭ᠋ᠤᠯ ᠨᠧᠲ ᠬᠦᠬᠡᠬᠤᠳᠠ᠎ᠶᠢᠨ 9 ᠰᠠᠷ᠎ᠠ᠎ᠶᠢᠨ 23᠎ᠤ ᠡᠳᠤᠷ᠎ᠤᠨ ᠴᠠᠬᠢᠯᠭᠠᠨ ᠮᠡᠳᠡᠬᠡ (ᠪᠠᠢ ᠯᠢᠩ ᠳ᠋ᠢ) ᠨᠤᠳᠤᠭ᠎ᠤᠨ ᠪᠤᠭᠤᠷᠤᠯ ᠠᠭᠤᠯᠠᠬᠡᠮᠡᠬᠦ ᠨᠤᠮ ᠡᠮᠦᠨᠡᠬᠡᠨ ᠤᠩᠱᠢᠭᠴᠢᠳ᠎ᠲᠠᠢ ᠵᠤᠯᠭᠠᠯ᠎ᠠ᠃ ᠲᠤᠰ ᠨᠤᠮ᠎ᠨᠢ ᠦᠪᠦᠷ ᠮᠤᠩᠭ᠋ᠤᠯ᠎ᠤᠨ ᠤᠷᠳᠤᠰ ᠬᠤᠳᠠ᠎ᠶᠢᠨ ᠦᠤᠱᠢᠨ ᠬᠤᠱᠢᠭᠤᠨ᠎ᠤ ᠬᠦᠬᠡᠨᠠᠭᠤᠷ ᠭᠠᠴᠠᠭᠠᠨ᠎ᠳᠤ ᠱᠦᠵᠢ᠎ᠪᠡᠷ ᠠᠵᠢᠯᠯᠠᠵᠤ ᠪᠠᠢᠭᠰᠠᠨ ᠲᠠᠷᠵᠠᠢ ᠨᠠᠰᠤᠳᠠᠨ᠎ᠤ ᠬᠡᠬᠡᠨ ᠲᠤᠷᠠᠳᠭᠠᠯ᠎ᠳᠤ ᠵᠣᠷᠢᠭᠤᠯᠤᠭᠰᠠᠨ ᠪᠠᠢᠨ᠎ᠠ᠃

 

 

  ᠲᠤᠰ ᠨᠤᠮ᠎ᠳᠤ ᠲᠠᠷᠵᠠᠢ ᠱᠦᠵᠢ᠎ᠶᠢᠨ ᠲᠤᠬᠠᠢ ᠡᠷᠬᠢᠴᠡᠬᠦᠯᠦᠯ ᠲᠤᠷᠠᠳᠭᠠᠯ᠂ ᠲᠡᠬᠦᠨ᠎ᠤ ᠠᠵᠢᠯ᠎ᠤᠨ ᠦᠷ᠎ᠡ ᠪᠦᠲᠦᠮᠵᠢ᠂ ᠤᠷ᠎ᠠ ᠠᠪᠢᠶᠠᠰ ᠵᠡᠷᠬᠡ ᠲᠠᠯ᠎ᠠ᠎ᠶᠢᠨ ᠠᠭᠤᠯᠭ᠎ᠠ᠎ᠶᠢ ᠪᠠᠭᠳᠠᠭᠠᠵᠤ᠂ ᠲᠠᠷᠵᠠᠢ ᠱᠦᠵᠢ᠎ᠶᠢᠨ ᠠᠵᠢᠯ᠎ᠤᠨ ᠪᠠᠢᠷᠢᠨ᠎ᠳᠤ᠎ᠪᠠᠨ ᠮᠠᠯᠴᠢᠨ ᠲᠦᠮᠡᠨ᠎ᠳᠤ᠎ᠪᠡᠨ ᠬᠠᠯᠠᠱᠢᠷᠠᠯ᠎ᠦᠭᠡᠢ ᠵᠢᠳᠬᠦᠭᠰᠡᠨ ᠭᠠᠪᠢᠶ᠎ᠠ ᠵᠢᠳᠬᠦᠯ᠎ᠢ ᠮᠠᠭᠳᠠᠨ ᠲᠠᠭᠤᠯᠠᠵᠠᠢ᠃

  ᠲᠤᠰ ᠨᠤᠮ᠎ᠢ ᠲᠠᠷᠵᠠᠢ ᠱᠦᠵᠢ᠎ᠲᠠᠢ ᠬᠠᠮᠳᠤ ᠠᠵᠢᠯᠯᠠᠵᠤ ᠪᠠᠶᠢᠭᠰᠠᠨ ᠷ᠊·ᠲᠤᠩᠷᠤᠪ ᠭᠤᠸᠠᠢ ᠲᠡᠬᠦᠨ᠎ᠢ ᠪᠢᠱᠢᠷᠡᠬᠦ᠎ᠶᠢᠨ ᠲᠡᠳᠤᠢ᠎ᠦᠭᠡᠢ ᠦᠨᠳᠤᠰᠦᠨ ᠱᠠᠳᠤᠨ᠎ᠳᠤ ᠭᠦᠨᠵᠡᠭᠡᠢᠷᠡᠵᠦ᠂ ᠮᠠᠯᠴᠢᠨ ᠲᠦᠮᠡᠨ᠎ᠳᠦ ᠵᠢᠳᠭᠦᠭᠰᠡᠨ ᠲᠠᠭᠤᠷᠢᠶᠠᠯ᠎ᠢ ᠲᠠᠶᠠᠭᠠᠷ᠎ᠲᠤ᠎ᠪᠠᠨ ᠮᠡᠳᠡᠬᠦᠯᠬᠦ ᠵᠤᠷᠢᠯᠭ᠎ᠠ᠎ᠡᠴᠡ ᠡᠬᠢᠯᠡᠨ ᠲᠦᠰᠦᠪᠯᠡᠵᠤ᠂ ᠭᠤᠤᠯ ᠪᠠᠭᠠᠳᠤᠷ᠎ᠤᠨ ᠱᠢᠩᠬᠡᠬᠡᠯᠳᠡ ᠶᠠᠷᠢᠯᠴᠠᠯᠭ᠎ᠠ᠂ ᠲᠡᠮᠳᠡᠭᠯᠡᠯ ᠪᠦᠷᠢᠳᠬᠡᠯ᠂ ᠵᠢᠷᠤᠭ ᠰᠡᠬᠦᠳᠡᠷ ᠵᠡᠷᠬᠡ᠎ᠶᠢ ᠪᠠᠭᠳᠠᠭᠠᠭᠰᠠᠨ ᠤᠯᠠᠨ ᠮᠠᠲᠧᠷᠢᠶᠠᠯ᠎ᠢ ᠡᠮᠬᠢᠯᠡᠨ ᠡᠬᠡ ᠲᠡᠪᠳᠡᠷ᠎ᠤᠨ ᠰᠠᠭᠤᠷᠢ᠎ᠶᠢ ᠲᠠᠯᠪᠢᠵᠠᠢ᠃ ᠰᠡᠬᠦᠯᠡᠷ᠎ᠨᠢ ᠲᠠᠷᠵᠠᠢ ᠱᠦᠵᠢ᠎ᠶᠢᠨ ᠤᠳᠭᠤᠨ ᠬᠦᠦ ᠡᠷᠳᠡᠨᠢ᠎ᠳᠤ ᠨᠠᠢᠳᠠᠨ ᠲᠠᠭᠠᠭᠠᠴᠢᠯᠠᠭᠤᠯᠤᠭᠰᠠᠨ᠎ᠢᠶᠡᠷ ᠲᠠᠷᠵᠠᠢ ᠱᠦᠵᠢ᠎ᠶᠢᠨ ᠲᠠᠷᠬᠠᠨ ᠲᠦᠷᠢ ᠲᠠᠶᠠᠭᠠᠷ᠎ᠤᠨ ᠲᠤᠮᠳᠠ ᠲᠠᠬᠢᠨ ᠠᠮᠢᠯᠠᠬᠤ ᠪᠤᠯᠤᠯ᠎ᠠ᠃ ᠰᠡᠬᠦᠯ᠎ᠤᠨ ᠦᠶ᠎ᠡ᠎ᠳᠤ ᠤᠯᠠᠨ ᠮᠠᠲᠧᠷᠢᠶᠠᠯ᠎ᠤᠳ᠎ᠢ ᠲᠠᠷᠵᠠᠢ ᠱᠦᠵᠢ᠎ᠶᠢᠨ ᠬᠡᠦᠬᠡᠳ ᠦᠷᠡᠰ ᠪᠤᠯᠤᠨ ᠲᠡᠳᠡᠨ᠎ᠤ ᠨᠠᠢᠵᠠ ᠨᠦᠬᠦᠳ᠎ᠤᠨ ᠤᠷᠤᠯᠴᠠᠭ᠎ᠠ᠎ᠲᠠᠢ᠎ᠪᠡᠷ᠂ ᠤᠷᠳᠤᠰ ᠬᠤᠳᠠ᠎ᠶᠢᠨ ᠵᠤᠬᠢᠶᠠᠯᠴᠢ ᠬᠡ᠊·ᠰᠡᠴᠡᠨᠪᠢᠯᠢᠭ᠌᠎ᠭᠤᠤᠯᠯᠠᠨ ᠨᠠᠢᠷᠠᠭᠤᠯᠵᠤ ᠬᠡᠪᠯᠡᠬᠦᠯᠦᠭᠰᠡᠨ ᠪᠠᠢᠨ᠎ᠠ᠃

  ᠲᠠᠷᠵᠠᠢ (1922-1973᠎ᠤᠨ) ᠄ ᠦᠤᠱᠢᠨ ᠬᠤᠱᠢᠭᠤᠨ᠎ᠤ ᠲᠡᠮᠦᠷᠠᠤᠪᠤᠭ᠎ᠠ ᠭᠠᠴᠠᠭᠠᠨ᠎ᠤ ᠬᠥᠮᠦᠨ᠃ ᠪᠠᠭ᠎ᠠ᠎ᠡᠴᠡ᠎ᠪᠠᠨ ᠯᠠᠮ᠎ᠠ ᠰᠦᠷᠬᠦᠮ᠎ᠤᠨ ᠱᠠᠪᠢ᠎ᠪᠡᠷ ᠲᠦᠪᠡᠳ ᠮᠤᠩᠭ᠋ᠤᠯ ᠪᠢᠴᠢᠭ ᠰᠤᠷᠤᠭᠰᠠᠨ᠃ 1950᠎ᠤᠨ᠎ᠳᠤ ᠬᠦᠬᠡᠨᠠᠭᠤᠷ ᠭᠠᠴᠠᠭᠠᠨ᠎ᠤ ᠪᠢᠴᠢᠭᠡᠴᠢ᠂ ᠭᠠᠴᠠᠭᠠᠨ ᠲᠠᠷᠤᠭ᠎ᠠ᠎ᠶᠢᠨ ᠠᠵᠢᠯ᠎ᠢ ᠬᠠᠷᠢᠭᠤᠴᠠᠵᠤ᠂ 1955᠎ᠤᠨ᠎ᠳᠤ ᠬᠦᠬᠡᠨᠠᠭᠤᠷ ᠭᠠᠴᠠᠭᠠᠨ᠎ᠤ ᠨᠠᠮ᠎ᠤᠨ ᠡᠬᠦᠷ᠎ᠤᠨ ᠱᠦᠵᠢ᠎ᠶᠢᠨ ᠲᠤᠱᠢᠶᠠᠯ᠎ᠢ ᠬᠠᠷᠢᠭᠤᠴᠠᠪᠠ᠃ 1957᠎ᠤᠨ᠎ᠳᠤ ᠤᠷᠳᠤᠰ᠎ᠤᠨ ᠨᠠᠷᠢᠨ ᠨᠤᠤᠰᠤᠳᠤ ᠬᠤᠨᠢᠨ᠎ᠤ ᠡᠬᠦᠯᠳᠡᠷ᠎ᠢ ᠰᠡᠢᠷᠠᠭᠤᠯᠬᠤ ᠠᠵᠢᠯ᠎ᠳᠤ ᠰᠠᠭᠤᠷᠢ ᠲᠠᠯᠪᠢᠵᠠᠢ᠃ 1962-1972 ᠎ᠤᠨ᠎ᠳᠤ ᠦᠤᠱᠢᠨ ᠬᠤᠱᠢᠭᠤᠨ᠎ᠤ ᠦᠢᠯᠡᠳᠪᠦᠷᠢᠯᠡᠯ ᠪᠦᠲᠦᠭᠡᠨ ᠪᠠᠢᠭᠤᠯᠤᠯᠲᠠ᠎ᠶᠢᠨ ᠤᠳᠤᠷᠢᠳᠭᠤ ᠳᠤᠭᠤᠢᠯᠠᠩ᠂ ᠮᠠᠯ ᠠᠵᠤ ᠠᠬᠤᠢ᠂ ᠮᠠᠯ ᠡᠮᠨᠡᠯᠬᠡ᠎ᠶᠢᠨ ᠦᠷᠳᠡᠭᠡᠨ ᠲᠠᠷᠤᠭ᠎ᠠ᠎ᠪᠡᠷ ᠠᠵᠢᠯᠯᠠᠵᠤ᠂ 1973-1973᠎ᠤᠨ᠎ᠳᠤ ᠦᠤᠱᠢᠨᠵᠤᠤ ᠨᠢᠬᠡᠳᠤᠯ᠎ᠤᠨ ᠨᠠᠮ᠎ᠤᠨ ᠬᠤᠷᠢᠶᠠᠨ᠎ᠤ ᠲᠡᠳ ᠱᠦᠵᠢ᠎ᠪᠡᠷ ᠠᠵᠢᠯᠯᠠᠪᠠ᠃ 1973 ᠎ᠤᠨ᠎ᠤ 8 ᠰᠠᠷ᠎ᠠ᠎ᠳᠤ ᠦᠤᠱᠢᠨᠵᠤᠤ᠎ᠳᠤ ᠡᠪᠡᠳᠴᠢᠨ᠎ᠢᠶᠡᠷ ᠨᠠᠰᠤ ᠪᠠᠷᠠᠪᠠ᠃

  ᠪᠡᠯᠡᠳᠭᠡᠭᠰᠡᠨ᠎ᠨᠢ᠄ ᠪᠠᠢ ᠯᠢᠩ ᠳ᠋ᠢ

  ᠱᠢᠨᠬᠤᠸᠠ ᠮᠣᠩᠭᠤᠯ ᠨᠸᠲ᠎ᠠᠴᠠ ᠱᠢᠯᠵᠢᠭᠦᠯᠦᠨ ᠨᠡᠢᠳᠡᠯᠡᠪᠡ

(ᠬᠠᠷᠢᠭᠤᠴᠠᠭᠰᠠᠨ ᠨᠠᠢᠷᠠᠭᠤᠯᠤᠭᠴᠢ : ᠤᠷᠢᠬᠠᠨ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604