ᠲᠡᠯᠭᠡᠷ᠎ᠤᠨ 《ᠠᠩᠭ᠌ᠯᠢ ᠬᠡᠯᠡ ᠵᠦᠢ》 (ᠭᠤᠷᠪᠡᠳᠡᠬᠢ ᠬᠡᠪᠯᠡᠯ) ᠨᠤᠮ ᠬᠡᠪᠯᠡᠭᠲᠡᠪᠡ
2019.10.16

  ᠱᠢᠨᠬᠤᠧᠠ ᠮᠤᠩᠭᠤᠯ ᠨᠧᠲ ᠬᠦᠬᠡᠬᠤᠲᠠ᠎ᠶᠢᠨ 9 ᠰᠠᠷ᠎ᠠ᠎ᠶᠢᠨ 23᠎ᠤ ᠡᠲᠦᠷ᠎ᠤᠨ ᠴᠠᠬᠢᠯᠭᠠᠨ ᠮᠡᠲᠡᠭᠡ (ᠬ·ᠦᠵᠡᠰᠭᠦᠯᠡᠩ ( 《ᠠᠩᠭ᠌ᠯᠢ ᠬᠡᠯᠡ ᠵᠦᠢ》 (ᠭᠤᠷᠪᠡᠳᠡᠬᠢ ᠬᠡᠪᠯᠡᠯ ( ᠨᠤᠮ᠎ᠢ ᠰᠡᠬᠦᠯ᠎ᠤᠨ ᠦᠶ᠎ᠠ᠎ᠳᠤ ᠦᠪᠦᠷ ᠮᠤᠩᠭᠤᠯ᠎ᠤᠨ ᠰᠤᠶᠤᠯ᠎ᠤᠨ  ᠬᠡᠪᠯᠡᠯ᠎ᠤᠨ  ᠬᠤᠷᠢᠶ᠎ᠠ᠎ᠡᠴᠡ ᠬᠡᠪᠯᠡᠨ ᠲᠠᠷᠬᠠᠭᠠᠪᠠ᠃ ᠲᠤᠰ ᠨᠤᠮ᠎ᠨᠢ ᠠᠪᠢᠶ᠎ᠠ ᠵᠦᠢ᠂ ᠦᠭᠡ ᠵᠦᠢ ᠪᠠ ᠦᠭᠦᠯᠡᠪᠦᠷᠢ ᠵᠦᠢ ᠭᠡᠬᠦ ᠵᠡᠷᠭᠡ ᠬᠡᠰᠡᠭ ᠪᠦᠯᠦᠭ᠎ᠢᠶᠠᠷ ᠪᠦᠷᠢᠯᠲᠦᠵᠦ᠂ ᠤᠭ ᠨᠤᠮ᠎ᠤᠨ ᠵᠤᠬᠢᠶᠠᠭᠴᠢ ᠲᠡᠯᠭᠡᠷ᠎ᠡᠴᠡ ᠬᠡᠯᠡᠨ᠎ᠤ ᠱᠢᠨᠵᠢᠯᠡᠯ᠎ᠤᠨ ᠦᠨᠳᠦᠰᠦᠨ ᠤᠨᠤᠯ ᠪᠤᠯᠤᠨ ᠵᠤᠬᠢᠬᠤ ᠬᠠᠷᠢᠴᠠᠭᠤᠯᠬᠤ ᠠᠷᠭ᠎ᠠ᠎ᠪᠡᠷ ᠮᠤᠩᠭᠤᠯ᠎ᠢᠶᠠᠷ ᠰᠤᠷᠤᠭᠰᠠᠳ ᠪᠠ ᠠᠱᠢᠭᠯᠠᠭᠴᠢᠳ᠎ᠤᠨ ᠤᠨᠴᠠᠯᠢᠭ᠎ᠲᠤ ᠵᠤᠬᠢᠴᠠᠭᠤᠯᠵᠤ ᠤᠷᠴᠢᠨ ᠴᠠᠭ᠎ᠤᠨ  ᠠᠩᠭ᠌ᠯᠢ ᠬᠡᠯᠡᠨ᠎ᠤ ᠦᠨᠳᠦᠰᠦᠨ ᠬᠡᠯᠡ ᠵᠦᠢ ᠪᠤᠯᠤᠨ ᠬᠡᠷᠡᠭᠯᠡᠭᠡᠨ᠎ᠤ ᠬᠡᠯᠡ ᠵᠦᠢ᠎ᠶᠢ ᠤᠶᠠᠯᠲᠤᠭᠤᠯᠵᠤ ᠬᠠᠮᠲᠤ᠎ᠳᠤ᠎ᠨᠢ ᠨᠡᠯᠢᠶᠡᠳ ᠱᠢᠰᠲᠧᠮ᠎ᠲᠠᠢ᠎ᠪᠡᠷ ᠲᠠᠢᠯᠪᠤᠷᠢᠯᠠᠭᠰᠠᠨ ᠪᠦᠭᠡᠳ ᠮᠤᠩᠭᠤᠯ ᠬᠡᠯᠡ ᠵᠦᠢ᠎ᠲᠠᠢ ᠵᠠᠷᠢᠮ ᠠᠳᠠᠯᠢᠪᠲᠤᠷ ᠵᠦᠢᠯᠡᠰ᠎ᠢ᠎ᠴᠤ ᠲᠦᠭᠦᠮ ᠬᠠᠷᠢᠴᠠᠭᠤᠯᠵᠤ ᠲᠠᠢᠯᠪᠤᠷᠢᠯᠠᠭᠰᠠᠨ᠎ᠢᠶᠠᠷ᠎ᠢᠶᠠᠨ ᠤᠨᠴᠠᠯᠠᠭᠲᠠᠬᠤ᠎ᠶᠤᠮ᠃

 

  

  ᠤᠢᠯᠠᠭᠠᠭᠰᠠᠨ᠎ᠢᠶᠠᠷ᠂ 《ᠠᠩᠭ᠌ᠯᠢ ᠬᠡᠯᠡ ᠵᠦᠢ》 ᠨᠤᠮ᠎ᠢ ᠠᠩᠬ᠎ᠠ 1999᠎ᠤᠨ᠎ᠳᠤ ᠬᠡᠪᠯᠡᠬᠦᠯᠵᠦ᠂ ᠮᠤᠩᠭᠤᠯ ᠬᠡᠯᠡ᠎ᠪᠡᠷ ᠪᠢᠴᠢᠭᠲᠡᠭᠰᠡᠨ 《ᠠᠩᠭ᠌ᠯᠢ ᠬᠡᠯᠡ ᠵᠦᠢ》 ᠪᠠᠢᠭᠰᠠᠨ᠎ᠦᠭᠡᠢ ᠲᠡᠦᠬᠡ᠎ᠶᠢ ᠡᠴᠦᠰᠯᠡᠬᠦᠯᠵᠦ᠂ ᠮᠤᠩᠭᠤᠯ᠎ᠢᠶᠠᠷ ᠠᠩᠭ᠌ᠯᠢ ᠬᠡᠯᠡ ᠵᠢᠭᠠᠲᠠᠭ ᠪᠤᠶᠤ ᠰᠤᠷᠲᠠᠭ ᠪᠠᠭᠱᠢ ᠰᠤᠷᠤᠭᠴᠢᠳ᠎ᠤᠨ ᠭᠠᠷ ᠠᠪᠤᠯᠭ᠎ᠠ᠎ᠶᠢᠨ ᠪᠢᠴᠢᠭ ᠪᠤᠯᠤᠭᠰᠠᠨ ᠲᠡᠲᠦᠢ᠎ᠦᠭᠡᠢ ᠪᠦᠬᠦ ᠤᠯᠤᠰ᠎ᠤᠨ ᠲᠡᠭᠡᠳᠦ ᠰᠤᠷᠭᠠᠭᠤᠯᠢ᠎ᠶᠢᠨ ᠨᠢᠭᠡᠲᠦᠯᠲᠡᠢ ᠵᠢᠭᠠᠬᠤ ᠮᠠᠲᠧᠷᠢᠶᠠᠯ᠎ᠢᠶᠠᠷ ᠲᠤᠭᠲᠠᠭᠠᠭᠲᠠᠪᠠ᠃ ᠢᠩᠭᠢᠭᠡᠳ ᠠᠩᠬᠠᠨ᠎ᠤ ᠬᠡᠪᠯᠡᠯ᠎ᠤᠨ ᠰᠠᠭᠤᠷᠢᠨ ᠳᠡᠭᠡᠷ᠎ᠡ ᠵᠤᠬᠢᠶᠠᠭᠴᠢ ᠲᠡᠯᠭᠡᠷ᠎ᠡᠴᠡ 2004᠎ᠤᠨ᠎ᠳᠤ ᠬᠤᠶᠠᠳᠡᠬᠢ ᠬᠡᠪᠯᠡᠯ᠎ᠢᠶᠠᠨ ᠲᠡᠭᠡᠳᠦ ᠰᠤᠷᠭᠠᠭᠤᠯᠢ᠎ᠶᠢᠨ ᠰᠤᠷᠬᠤ ᠪᠢᠴᠢᠭ᠌᠎ᠢᠶᠠᠷ ᠬᠡᠪᠯᠡᠬᠦᠯᠵᠦ᠂ 2019᠎ᠤᠨ᠎ᠳᠤ ᠭᠤᠷᠪᠡᠳᠡᠬᠢ ᠬᠡᠪᠯᠡᠯ᠎ᠢᠶᠠᠨ ᠡᠮᠦᠨᠡᠬᠢ ᠬᠤᠶᠠᠷ ᠬᠡᠪᠯᠡᠯ᠎ᠤᠨ᠎ᠢᠶᠠᠨ ᠰᠠᠭᠤᠷᠢᠨ ᠳᠡᠭᠡᠷ᠎ᠡ ᠰᠠᠢᠲᠦᠷ ᠵᠠᠰᠠᠨ ᠬᠢᠨᠠᠵᠤ᠂ ᠬᠠᠷᠢᠴᠠᠭᠤᠯᠤᠨ ᠰᠤᠲᠤᠯᠵᠤ᠂ ᠨᠦᠬᠦᠪᠦᠷᠢᠯᠡᠨ ᠲᠡᠭᠦᠯᠲᠡᠷᠵᠢᠬᠦᠯᠦᠭᠰᠡᠨ᠎ᠤ ᠲᠠᠷᠠᠭ᠎ᠠ ᠬᠡᠪᠯᠡᠬᠦᠯᠵᠦ ᠪᠠᠢᠭ᠎ᠠ᠎ᠨᠢ ᠡᠨᠡ᠎ᠶᠤᠮ᠃

   《ᠠᠩᠭ᠌ᠯᠢ ᠬᠡᠯᠡ ᠵᠦᠢ》 ᠨᠤᠮ᠎ᠤᠨ ᠵᠤᠬᠢᠶᠠᠭᠴᠢ ᠲᠡᠯᠭᠡᠷ ᠪᠤᠯ ᠦᠪᠦᠷ ᠮᠤᠩᠭᠤᠯ᠎ᠤᠨ ᠶᠡᠬᠡ ᠰᠤᠷᠭᠠᠭᠤᠯᠢ᠎ᠶᠢᠨ ᠰᠤᠲᠤᠯᠤᠭᠴᠢ ᠰᠠᠩᠴᠢ ᠫᠷᠤᠹᠧᠰᠰᠤᠷ᠂ ᠮᠤᠩᠭᠤᠯ ᠰᠤᠲᠤᠯᠤᠯ᠎ᠤᠨ ᠲᠦᠪ᠎ᠤᠨ ᠰᠤᠲᠤᠯᠤᠭᠴᠢ; ᠤᠷᠴᠢᠨ ᠦᠶ᠎ᠠ᠎ᠶᠢᠨ ᠮᠤᠩᠭᠤᠯ ᠤᠳᠬ᠎ᠠ ᠵᠤᠬᠢᠶᠠᠯ ᠰᠤᠲᠤᠯᠬᠤ ᠭᠠᠵᠠᠷ᠎ᠤᠨ ᠰᠤᠲᠤᠯᠤᠭᠴᠢ; ᠠᠩᠭ᠌ᠯᠢ᠎ᠶᠢᠨ ᠯᠤᠨᠳᠤᠨ ᠶᠡᠬᠡ ᠰᠤᠷᠭᠠᠭᠤᠯᠢ᠎ᠶᠢᠨ ᠰᠤᠷᠪᠤᠯᠵᠢᠯᠠᠭᠴᠢ ᠡᠷᠲᠡᠮᠲᠡᠨ᠂ ᠮᠤᠩᠭᠤᠯ᠎ᠢᠶᠠᠷ ᠵᠢᠭᠠᠬᠤ ᠠᠩᠭ᠌ᠯᠢ ᠬᠡᠯᠡᠨ᠎ᠤ ᠲᠤᠰᠭᠠᠢ ᠮᠡᠷᠭᠡᠵᠢᠯᠲᠡᠨ᠃ ᠮᠤᠩᠭᠤᠯ᠂ ᠬᠢᠲᠠᠳ᠂ ᠠᠩᠭ᠌ᠯᠢ ᠬᠡᠯᠡ᠎ᠪᠡᠷ ᠮᠤᠩᠭᠤᠯ ᠰᠤᠲᠤᠯᠤᠯ᠂ ᠠᠩᠭ᠌ᠯᠢ ᠰᠤᠲᠤᠯᠤᠯ᠂ ᠰᠤᠷᠪᠤᠯᠵᠢ ᠪᠢᠴᠢᠭ᠌᠎ᠤᠨ ᠰᠤᠲᠤᠯᠤᠯ ᠪᠤᠯᠤᠨ ᠲᠤᠭᠠᠵᠢᠭᠤᠯᠤᠯᠲᠠ᠎ᠶᠢᠨ ᠲᠤᠬᠠᠢ ᠤᠷᠢᠳ ᠬᠤᠵᠢᠳ 100 ᠭᠠᠷᠤᠢ ᠡᠷᠲᠡᠮ ᠱᠢᠨᠵᠢᠯᠡᠭᠡᠨ᠎ᠤ ᠦᠭᠦᠯᠡᠯ ᠵᠤᠬᠢᠶᠠᠯ ᠨᠡᠢᠲᠡᠯᠡᠵᠦ᠂ ᠤᠯᠤᠰ ᠪᠠ ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠱᠠᠩᠨᠠᠯ᠎ᠢ ᠤᠯᠨᠨᠲᠠ ᠲᠤᠰᠪᠠ᠃

  ᠪᠡᠯᠡᠳᠭᠡᠭᠰᠡᠨ᠎ᠨᠢ᠄ ᠬ·ᠦᠵᠡᠰᠭᠦᠯᠡᠩ

  ᠱᠢᠨᠬᠤᠸᠠ ᠮᠣᠩᠭᠤᠯ ᠨᠸᠲ᠎ᠠᠴᠠ ᠱᠢᠯᠵᠢᠭᠦᠯᠦᠨ ᠨᠡᠢᠳᠡᠯᠡᠪᠡ

 

(ᠬᠠᠷᠢᠭᠤᠴᠠᠭᠰᠠᠨ ᠨᠠᠢᠷᠠᠭᠤᠯᠤᠭᠴᠢ : ᠤᠷᠢᠬᠠᠨ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604