《ᠴᠢᠬᠢᠨᠳᠡᠢ》ᠴᠤᠪᠤᠷᠠᠯ ᠨᠣᠮ ᠤ᠋ᠨ ᠲᠠᠷᠬᠠᠭᠠᠯᠲᠠ ᠶ᠋ᠢᠨ ᠶᠣᠰᠣᠯᠠᠯ ᠲᠠᠪᠤᠳᠤᠭᠠᠷ ᠬᠤᠭᠤᠴᠠᠭᠠᠨ ᠤ᠋ ᠮᠣᠩᠭᠤᠯ ᠨᠣᠮ ᠪᠢᠴᠢᠭ ᠤ᠋ᠨ ᠦᠵᠡᠭᠦᠯᠭᠡ ᠳᠡᠭᠡᠷ᠎ᠡ ᠶᠠᠪᠤᠭᠳᠠᠬᠤ ᠪᠡᠷ ᠪᠠᠢᠨ᠎ᠠ
2019.10.17

  《ᠴᠢᠬᠢᠨᠳᠡᠢ》ᠴᠤᠪᠤᠷᠠᠯ ᠨᠣᠮ ᠤ᠋ᠨ ᠲᠠᠷᠬᠠᠭᠠᠯᠲᠠ ᠶ᠋ᠢᠨ ᠶᠣᠰᠣᠯᠠᠯ ᠨᠠᠢ᠍ᠮᠠᠨ ᠮᠤᠵᠢ ᠣᠷᠤᠨ ᠤ᠋ ᠲᠠᠪᠤᠳᠤᠭᠠᠷ ᠬᠤᠭᠤᠴᠠᠭᠠᠨ ᠤ᠋ ᠮᠣᠩᠭᠤᠯ ᠨᠣᠮ ᠪᠢᠴᠢᠭ ᠤ᠋ᠨ ᠦᠵᠡᠭᠦᠯᠭᠡ ᠳᠡᠭᠡᠷ᠎ᠡ ᠶᠠᠪᠤᠭᠳᠠᠵᠤ ᠲᠠ ᠪᠦᠬᠦᠨ ᠲᠠᠢ ᠪᠡᠨ ᠵᠤᠯᠭᠠᠬᠤ ᠪᠡᠷ ᠪᠠᠢᠨ᠎ᠠ᠃

  ᠦᠪᠦᠷ ᠮᠤᠩᠭᠤᠯ ᠤᠨ ᠰᠤᠷᠭᠠᠨ ᠬᠦᠮᠦᠵᠢᠯ ᠦᠨ ᠬᠡᠪᠯᠡᠯ ᠦᠨ ᠬᠤᠷᠢᠶᠠᠨ ᠡᠴᠡ ᠬᠡᠪᠯᠡᠬᠦᠯᠦᠨ ᠲᠠᠷᠬᠠᠭᠠᠵᠤ ᠪᠠᠢᠭ᠎ᠠ ᠡᠨᠡ ᠬᠦ ᠴᠤᠪᠤᠷᠠᠯ ᠨᠤᠮ ᠳᠤ《ᠴᠢᠬᠢᠨᠳᠡᠢ ᠴᠤᠪᠤᠷᠠᠯ》᠂《ᠴᠢᠬᠢᠨᠳᠡᠢ ᠺᠤᠮᠢᠺ ᠪᠦᠳᠤᠭᠡᠵᠡᠭᠡᠶ᠎ᠡ》᠂《ᠴᠠᠭᠠᠢ ᠵᠢᠨ ᠨᠠᠢᠵᠠ ᠨᠤᠭᠤᠳ》ᠭᠡᠬᠦ 3 ᠢᠵᠢ᠂ 25 ᠨᠤᠮ ᠪᠠᠭᠳᠠᠵᠤ ᠪᠤᠢ᠃

  《ᠴᠢᠬᠢᠨᠳᠡᠢ ᠴᠤᠪᠤᠷᠠᠯ》 ᠦᠨ ᠠᠷᠪᠠᠨ ᠨᠤᠮ ᠨᠢ ᠮᠤᠩᠭᠤᠯ ᠨᠤᠮ ᠪᠢᠴᠢᠭ ᠦᠨ ᠲᠡᠤᠬᠡᠨ ᠳᠠᠬᠢ ᠰᠢᠨ᠎ᠡ ᠡᠷᠢᠯᠬᠢᠯᠡᠯ ᠪᠤᠯᠬᠤ ᠮᠦᠷᠳᠡᠬᠡᠨ ᠴᠠᠭ ᠦᠶ᠎ᠡ ᠵᠢᠨ ᠱᠠᠭᠠᠷᠳᠠᠯᠭ᠎ᠠ ᠪᠠ ᠤᠩᠰᠢᠭᠴᠢᠳ ᠦᠨ ᠬᠡᠷᠡᠭᠴᠡᠭᠡ ᠲᠠᠢ ᠶᠠᠪ ᠴᠠᠪ ᠳᠤᠬᠢᠷᠠᠵᠤ ᠪᠠᠢᠭ᠎ᠠ ᠶᠠᠪᠤᠳᠠᠯ ᠪᠡᠷ ᠠᠭᠤᠯᠭ᠎ᠠ ᠪᠣᠯᠭᠠᠵᠤ᠂ ᠤᠩᠰᠢᠬᠤ᠂ ᠰᠤᠨᠤᠰᠬᠤ ᠪᠡᠷ ᠲᠠᠮᠵᠢᠨ ᠮᠤᠩᠭᠤᠯᠴᠤᠳ ᠦᠨ ᠡᠷᠬᠢᠮᠯᠡᠬᠦ ᠶᠤᠰᠤᠨ᠂ ᠰᠢᠨᠵᠢᠬᠦ ᠶᠤᠰᠤᠨ᠂ ᠮᠡᠨᠳᠤᠯᠡᠬᠦ ᠬᠦᠨᠳᠤᠯᠡᠬᠦ ᠲᠠᠯᠠᠷᠬᠠᠬᠤ ᠶᠤᠰᠤᠨ᠂ ᠬᠤᠰᠢᠶ᠎ᠡ ᠦᠭᠡ᠂ ᠴᠡᠭᠡᠷ ᠶᠤᠰᠤᠨ᠂ ᠪᠡᠯᠭᠡᠳᠡᠯ ᠶᠤᠰᠤᠨ᠂ ᠬᠡᠤᠬᠡᠳ ᠬᠦᠮᠤᠵᠢᠬᠦᠯᠬᠦ ᠶᠤᠰᠤᠨ᠂ ᠴᠡᠭᠡᠷᠯᠡᠬᠦ ᠶᠤᠰᠤᠨ᠂ ᠰᠤᠷᠭᠠᠯ ᠦᠭᠡ᠂ ᠬᠡᠯᠡ ᠵᠦᠭᠰᠢᠷᠡᠭᠦᠯᠬᠦ ᠦᠭᠡ ᠵᠡᠷᠭᠡ ᠶᠢ ᠬᠡᠦᠬᠡᠳ ᠲᠦ᠍ ᠲᠠᠨᠢᠯᠴᠠᠭᠤᠯᠤᠭᠰᠠᠨ ᠨᠣᠮ ᠶᠤᠮ᠃  ᠲᠤᠰ ᠴᠤᠪᠤᠷᠠᠯ ᠨᠣᠮ ᠢ᠋ ᠤᠷᠢᠳ ᠵᠢᠡᠷ ᠨᠤᠮ ᠦᠨ ᠬᠠᠪᠴᠢᠭᠤᠷᠭ᠎ᠠ ᠳᠠᠬᠢ QR ᠺᠤᠳ᠋ ᠢ ᠰᠢᠷᠪᠢᠵᠤ᠂ ᠲᠠᠷᠠᠭ᠎ᠠ ᠨᠢ ᠬᠡᠪᠯᠡᠯ ᠦᠨ ᠡᠷᠬᠡ ᠵᠢᠨ QR ᠺᠤᠳ᠋ ᠢ ᠰᠢᠷᠪᠢᠪᠡᠯ ᠰᠤᠨᠤᠰᠴᠤ ᠪᠣᠯᠤᠨ᠎ᠠ᠃

  《ᠴᠢᠬᠢᠨᠳᠡᠢ ᠺᠤᠮᠢᠺ ᠪᠦᠳᠤᠭᠡᠵᠡᠭᠡᠶ᠎ᠠ》ᠵᠢᠨ ᠠᠷᠪᠠᠨ ᠨᠤᠮ ᠨᠢ ᠬᠦᠴᠤᠳᠡᠢ ᠭᠡᠨᠡᠨ ᠴᠢᠬᠢᠨᠳᠡᠢ ᠪᠤᠳᠤᠭᠤ ᠪᠠ ᠤᠬᠠᠭᠠᠯᠢᠭ ᠰᠡᠷᠭᠦᠯᠡᠩ ᠴᠠᠭᠠᠢ ᠦᠬᠢᠨ ᠬᠤᠶᠠᠷ ᠪᠡᠷ ᠭᠣᠣᠯ ᠳᠦᠷᠢ ᠪᠣᠯᠭᠠᠵᠤ ᠪᠤᠳᠤᠭ ᠤᠷᠤᠭᠤᠯᠬᠤ ᠪᠡᠷ ᠲᠠᠮᠵᠢᠨ ᠬᠡᠦᠬᠡᠳ ᠦ᠋ᠨ ᠰᠤᠨᠤᠰᠬᠤ᠂ ᠤᠢᠯᠠᠭᠠᠬᠤ᠂ ᠵᠢᠷᠤᠬᠤ᠂ ᠲᠠᠨᠢᠬᠤ ᠴᠢᠳᠠᠪᠤᠷᠢ ᠶ᠋ᠢ ᠲᠡᠬᠡᠭᠰᠢᠯᠡᠬᠦ ᠪᠤᠳᠤᠭ ᠪᠣᠳᠤᠳᠠᠭ ᠨᠣᠮ ᠶᠤᠮ᠃

  《ᠴᠠᠭᠠᠢ ᠶᠢᠨ ᠨᠠᠢᠵᠠ ᠨᠤᠭᠤᠳ》ᠭᠡᠬᠦ ᠴᠤᠪᠤᠷᠠᠯ ᠳᠦ ᠨᠡᠢᠳᠡ ᠲᠠᠪᠤᠨ ᠨᠣᠮ ᠲᠠᠢ᠃ ᠡᠨᠡ ᠬᠦ ᠲᠠᠪᠤᠨ ᠨᠤᠮ ᠶ᠋ᠢᠨ ᠣᠨᠴᠠᠯᠢᠭ ᠭᠡᠪᠠᠯ ᠢᠰᠢᠭᠡ᠂ ᠬᠤᠷᠠᠭ᠎ᠠ᠂ ᠤᠨᠠᠭ᠎ᠠ᠂ ᠪᠤᠳᠤᠭᠤ᠂ ᠲᠤᠭᠤᠯ ᠬᠡᠮᠡᠨ ᠨᠡᠷᠡᠢᠳᠴᠤ᠂ ᠬᠡᠤᠬᠡᠳ ᠪᠠᠭᠠᠴᠤᠳ ᠲᠤ ᠲᠠᠪᠤᠨ ᠬᠤᠰᠢᠭᠤ ᠮᠠᠯ ᠤᠨ ᠵᠠᠩ ᠠᠷᠠᠨᠰᠢᠨ᠂ ᠪᠠᠢᠳᠠᠯ ᠲᠦᠷᠬᠦ ᠵᠡᠷᠭᠡ ᠶᠢ ᠨᠢ ᠰᠢᠯᠦᠭ ᠦᠨ ᠬᠡᠯᠪᠡᠷᠢ ᠪᠡᠷ  ᠲᠠᠨᠢᠯᠴᠠᠭᠤᠯᠤᠭᠰᠠᠨ ᠶᠤᠮ᠃

 

(ᠬᠠᠷᠢᠭᠤᠴᠠᠭᠰᠠᠨ ᠨᠠᠢᠷᠠᠭᠤᠯᠤᠭᠴᠢ : ᠰᠠᠭᠤᠷᠢᠪᠡᠬᠢ)

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠦᠪᠦᠷ
ᠮᠤᠩᠭ᠋ᠤᠯ ᠤᠨ
ᠬᠡᠪᠯᠡᠯ ᠤ᠋ᠨ
ᠪᠦᠯᠦᠭᠯᠡᠯ
ᠬᠡᠪᠯᠡᠯ ᠤ᠋ᠨ
ᠡᠷᠬᠡ ᠲᠡᠢ
ᠦᠪᠦᠷ
ᠮᠤᠩᠭ᠋ᠤᠯ ᠤᠨ
ᠮᠤᠨᠢ
ᠨᠡᠷᠡᠮᠵᠢᠲᠦ
ᠰᠤᠶᠤᠯ ᠤᠨ
ᠵᠠᠭᠤᠴᠢ
ᠪᠦᠷᠢᠨ 
ᠪᠤᠰᠤ
ᠬᠠᠷᠢᠭᠤᠴᠠᠯᠭᠠᠳᠤ 
ᠺᠤᠮᠫᠠᠨᠢ
ᠲᠦᠰᠦᠪᠯᠡᠨ
ᠦᠢᠯᠡᠳᠪᠡ
ᠦᠪᠦᠷ
ᠮᠤᠩᠭ᠋ᠤᠯ ᠤᠨ
ᠳᠡᠯᠡᠬᠡᠢ
ᠮᠡᠳᠡᠭᠡ
ᠵᠠᠩᠬᠢ
ᠮᠡᠷᠭᠡᠵᠢᠯ ᠤᠨ
ᠬᠢᠵᠠᠭᠠᠷᠲᠤ
ᠺᠤᠮᠫᠠᠨᠢ
ᠮᠡᠷᠭᠡᠵᠢᠯ
ᠬᠠᠩᠭ᠋ᠠᠪᠠ
ᠬᠠᠶᠢ᠍ᠭ᠄
ᠦᠪᠦᠷ
ᠮᠤᠩᠭ᠋ᠤᠯ ᠤᠨ
ᠦᠪᠡᠷᠲᠡᠭᠡᠨ
ᠵᠠᠰᠠᠬᠤ
ᠤᠷᠤᠨ ᠤ
ᠬᠦᠬᠡᠬᠤᠳᠠ ᠵᠢᠨ ᠰᠢᠨ᠎ᠡ
ᠬᠤᠲᠠ
ᠲᠤᠭᠤᠷᠢᠭ ᠤᠨ
ᠰᠢᠩᠬᠤᠸᠠ
ᠵᠡᠬᠦᠨ
ᠵᠡᠭᠡᠯᠢ ᠵᠢᠨ
89ᠨᠤᠮᠧᠷ
ᠦᠪᠤᠷ
ᠮᠤᠩᠭ᠋ᠤᠯ ᠤᠨ
ᠬᠡᠪᠯᠡᠯ ᠤᠨ
ᠪᠦᠯᠦᠭᠯᠡᠯ