《ᠮᠢᠨᠦ ᠬᠣᠷᠸ᠎ᠠ·ᠠᠩᠬ᠎ᠠ ᠳᠤᠮᠳᠠᠳᠤ᠎ᠶᠢᠨ ᠰᠤᠷᠤᠭᠴᠢ᠎ᠶᠢᠨ ᠨᠣᠮ᠎ᠤᠨ ᠥᠷᠦᠭᠡ》 ᠴᠤᠪᠤᠷᠠᠯ ᠨᠣᠮ᠎ᠤᠨ ᠲᠠᠷᠬᠠᠭᠠᠯᠲᠠ᠎ᠶᠢᠨ ᠶᠣᠰᠤᠯᠠᠯ ᠠᠮᠵᠢᠯᠲᠠ ᠲᠡᠭᠦᠯᠳᠡᠷ ᠥᠨᠳᠦᠷᠯᠡᠪᠡ
2019.10.23
  ᠥᠪᠦᠷ ᠮᠣᠩᠭᠤᠯ᠎ᠤᠨ ᠰᠤᠷᠭᠠᠨ ᠬᠥᠮᠦᠵᠢᠯ᠎ᠦᠨ ᠬᠡᠪᠯᠡᠯ᠎ᠦᠨ ᠬᠣᠷᠢᠶᠠᠨ᠎ᠠᠴᠠ ᠭᠣᠤᠯᠯᠠᠨ ᠡᠷᠬᠢᠯᠡᠭᠰᠡᠨ 《ᠮᠢᠨᠦ ᠬᠣᠷᠸ᠎ᠠ·ᠠᠩᠬ᠎ᠠ ᠳᠤᠮᠳᠠᠳᠤ᠎ᠶᠢᠨ ᠰᠤᠷᠤᠭᠴᠢ᠎ᠶᠢᠨ ᠨᠣᠮ᠎ᠤᠨ ᠥᠷᠦᠭᠡ》 ᠴᠤᠪᠤᠷᠠᠯ ᠨᠣᠮ᠎ᠤᠨ ᠲᠠᠷᠬᠠᠭᠠᠯᠲᠠ᠎ᠶᠢᠨ ᠶᠣᠰᠤᠯᠠᠯ᠎ᠨᠢ 2019 ᠣᠨ᠎ᠤ 10 ᠰᠠᠷ᠎ᠠ᠎ᠶᠢᠨ 19᠎ᠤ ᠡᠳᠦᠷ᠎ᠦᠨ ᠦᠳᠡ᠎ᠶᠢᠨ ᠡᠮᠦᠨ᠎ᠠ ᠱᠢᠯᠢ᠎ᠶᠢᠨ ᠭᠣᠤᠯ ᠠᠵᠢᠯ ᠮᠡᠷᠭᠡᠵᠢᠯ᠎ᠦᠨ ᠳᠡᠭᠡᠲᠤ ᠰᠤᠷᠭᠠᠭᠤᠯᠢ᠎ᠶᠢᠨ ᠨᠣᠮ᠎ᠤᠨ ᠰᠠᠩ᠎ᠳᠤ ᠠᠮᠵᠢᠯᠲᠠ᠎ᠲᠠᠢ᠎ᠪᠠᠷ ᠥᠨᠳᠦᠷᠯᠡᠪᠡ᠃ ᠡᠨᠡ ᠪᠤᠯ ᠨᠠᠢ᠍ᠮᠠᠨ ᠮᠤᠵᠢ ᠣᠷᠤᠨ᠎ᠤ ᠲᠠᠪᠤᠳᠤᠭᠠᠷ ᠬᠤᠭᠤᠴᠠᠭᠠᠨ᠎ᠤ ᠮᠣᠩᠭᠤᠯ ᠨᠣᠮ ᠪᠢᠴᠢᠭ᠎ᠤᠨ ᠦᠵᠡᠰᠭᠦᠯᠡᠩ᠎ᠦᠨ ᠪᠠᠰᠠ ᠨᠢᠭᠡᠨ ᠴᠢᠬᠤᠯᠠ ᠠᠭᠤᠯᠭ᠎ᠠ ᠪᠣᠯᠬᠤ᠎ᠶᠤᠮ᠃
  ᠲᠤᠰ ᠤᠳᠠᠭᠠᠨ᠎ᠤ ᠲᠠᠷᠬᠠᠭᠠᠯᠲᠠ᠎ᠶᠢᠨ ᠶᠣᠰᠤᠯᠠᠯ᠎ᠳᠤ᠂ ᠥᠪᠦᠷ ᠮᠣᠩᠭᠤᠯ᠎ᠤᠨ ᠥᠪᠡᠷᠲᠡᠭᠡᠨ ᠵᠠᠰᠠᠬᠤ ᠣᠷᠤᠨ᠎ᠤ ᠦᠨᠳᠦᠰᠦᠲᠡᠨ᠎ᠤ ᠬᠡᠷᠡᠭ ᠡᠷᠬᠢᠯᠡᠬᠦ ᠵᠥᠪᠯᠡᠯ᠂ ᠥᠪᠦᠷ ᠮᠣᠩᠭᠤᠯ᠎ᠤᠨ ᠰᠣᠨᠢᠨ ᠮᠡᠳᠡᠭᠡ ᠬᠡᠪᠯᠡᠯ᠎ᠦᠨ ᠲᠣᠪᠴᠢᠶ᠎ᠠ᠂ ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠂ ᠥᠪᠦᠷ ᠮᠣᠩᠭᠤᠯ᠎ᠤᠨ ᠰᠤᠷᠭᠠᠨ ᠬᠥᠮᠦᠵᠢᠯ᠎ᠦᠨ ᠬᠡᠪᠯᠡᠯ᠎ᠦᠨ ᠬᠣᠷᠢᠶ᠎ᠠ᠂ ᠱᠢᠯᠢ᠎ᠶᠢᠨ ᠭᠣᠤᠯ ᠠᠢᠮᠠᠭ᠎ᠤᠨ ᠨᠠᠮ᠎ᠤᠨ ᠬᠣᠷᠢᠶ᠎ᠠ ᠵᠠᠰᠠᠭ᠎ᠤᠨ ᠣᠷᠳᠤᠨ᠂ ᠱᠢᠯᠢ᠎ᠶᠢᠨ ᠭᠣᠤᠯ ᠠᠢᠮᠠᠭ᠎ᠤᠨ ᠦᠨᠳᠦᠰᠦᠲᠡᠨ᠎ᠤ ᠬᠡᠷᠡᠭ ᠡᠷᠬᠢᠯᠡᠬᠦ ᠵᠥᠪᠯᠡᠯ᠂ ᠱᠢᠯᠢ᠎ᠶᠢᠨ ᠭᠣᠤᠯ ᠠᠢᠮᠠᠭ᠎ᠤᠨ ᠷᠠᠳᠢᠣ᠋ ᠲᠸᠯᠸᠢᠰ ᠲᠣᠪᠴᠢᠶ᠎ᠠ᠂ ᠱᠢᠯᠢ᠎ᠶᠢᠨ ᠭᠣᠤᠯ ᠠᠢᠮᠠᠭ᠎ᠤᠨ ᠡᠳᠦᠷ᠎ᠦᠨ ᠰᠣᠨᠢᠨ᠎ᠤ ᠬᠣᠷᠢᠶ᠎ᠠ ᠵᠢᠴᠢ ᠨᠠᠢ᠍ᠮᠠᠨ ᠮᠤᠵᠢ ᠣᠷᠤᠨ᠎ᠤ ᠡᠯ᠎ᠡ ᠭᠠᠵᠠᠷ᠎ᠠᠴᠠ ᠬᠦᠷᠦᠯᠴᠡᠨ ᠢᠷᠡᠭᠰᠡᠨ ᠪᠤᠰᠤᠳ ᠬᠡᠪᠯᠡᠯ᠎ᠦᠨ ᠬᠣᠷᠢᠶᠠᠨ᠎ᠤ ᠳᠠᠷᠤᠭ᠎ᠠ ᠤᠳᠤᠷᠢᠳᠤᠯᠭ᠎ᠠ᠎ᠨᠠᠷ ᠪᠣᠯᠤᠨ ᠱᠢᠯᠢ᠎ᠶᠢᠨ ᠬᠤᠳᠠ᠎ᠶᠢᠨ ᠮᠣᠩᠭᠤᠯ ᠦᠨᠳᠦᠰᠦᠲᠡᠨ᠎ᠤ ᠳᠤᠮᠳᠠᠳᠤ ᠰᠤᠷᠭᠠᠭᠤᠯᠢ᠎ᠶᠢᠨ ᠪᠠᠭᠱᠢ ᠰᠤᠷᠤᠭᠴᠢᠳ᠂ ᠨᠣᠮ᠎ᠳᠤ ᠬᠠᠢᠷᠠᠲᠠᠢ ᠨᠡᠢᠭᠡᠮ᠎ᠦᠨ ᠡᠯ᠎ᠡ ᠡᠲᠡᠭᠡᠳ᠎ᠦᠨ ᠬᠢᠨ ᠣᠷᠤᠯᠴᠠᠵᠠᠢ᠃
  ᠨᠣᠮ ᠲᠠᠷᠬᠠᠭᠠᠯᠲᠠ᠎ᠶᠢᠨ ᠶᠣᠰᠤᠯᠠᠯ᠎ᠨᠢ ᠡᠬᠢᠯᠡᠯᠲᠡ᠎ᠶᠢᠨ ᠶᠣᠰᠤᠯᠠᠯ᠂ ᠱᠢᠨ᠎ᠡ ᠨᠣᠮ᠎ᠤᠨ ᠨᠡᠭᠡᠭᠡᠯᠲᠡ᠎ᠶᠢᠨ ᠶᠣᠰᠤᠯᠠᠯ᠂ ᠰᠤᠷᠤᠭᠴᠢᠳ᠎ᠤᠨ ᠲᠣᠭᠯᠠᠯᠲᠠ᠂ ᠲᠤᠰᠭᠠᠢ ᠮᠡᠷᠭᠡᠵᠢᠯᠲᠡᠨ᠎ᠤ ᠶᠠᠷᠢᠶ᠎ᠠ᠂ ᠨᠣᠮ ᠪᠡᠯᠭᠡᠯᠡᠬᠦ ᠦᠢᠯᠡ ᠠᠵᠢᠯᠯᠠᠭ᠎ᠠ ᠵᠡᠷᠭᠡ ᠤᠯᠠᠨ ᠠᠭᠤᠯᠭ᠎ᠠ᠎ᠶᠢ ᠬᠠᠮᠤᠷᠴᠤ᠂ ᠦᠵᠡᠭᠴᠢᠳ᠎ᠦᠨ ᠲᠠᠭᠠᠱᠢᠶᠠᠯ᠎ᠢ ᠮᠠᠱᠢ ᠶᠡᠬᠡ ᠬᠦᠷᠲᠡᠵᠤ ᠪᠢᠯᠡ᠃
  ᠲᠤᠰ ᠤᠳᠠᠭᠠᠨ᠎ᠤ ᠦᠢᠯᠡ ᠠᠵᠢᠯᠯᠠᠭᠠᠨ᠎ᠳᠤ ᠱᠢᠯᠢ᠎ᠶᠢᠨ ᠬᠤᠳᠠ᠎ᠶᠢᠨ ᠮᠣᠩᠭᠤᠯ ᠦᠨᠳᠦᠰᠦᠲᠡᠨ᠎ᠤ ᠳᠤᠮᠳᠠᠳᠤ ᠰᠤᠷᠭᠠᠭᠤᠯᠢ᠎ᠶᠢᠨ ᠠᠩᠬ᠎ᠠ ᠬᠤᠶᠠᠷ᠎ᠤᠨ 222᠎ᠳᠤᠭᠠᠷ ᠠᠩᠭᠢ᠎ᠶᠢᠨ ᠰᠤᠷᠤᠭᠴᠢᠳ ᠥᠪᠡᠷ᠎ᠦᠨ᠎ᠢᠶᠡᠨ ᠤᠷ᠎ᠠ ᠠᠪᠢᠶᠠᠰ᠎ᠢᠶᠠᠨ ᠭᠠᠢᠬᠠᠭᠤᠯᠵᠤ᠂ ᠦᠢᠯᠡ ᠠᠵᠢᠯᠯᠠᠭ᠎ᠠ᠎ᠶᠢ ᠤᠯᠠᠮ ᠬᠦᠷ ᠬᠥᠭᠵᠢᠶᠡᠨ᠎ᠲᠠᠢ ᠪᠣᠯᠭᠠᠭᠰᠠᠨ᠎ᠶᠤᠮ᠃
  ᠡᠭᠦᠨ᠎ᠠᠴᠠ ᠭᠠᠳᠠᠨ᠎ᠠ ᠱᠢᠯᠢ᠎ᠶᠢᠨ ᠬᠣᠲᠠ᠎ᠶᠢᠨ ᠮᠣᠩᠭᠤᠯ ᠦᠨᠳᠦᠰᠦᠲᠡᠨ᠎ᠤ ᠲᠤᠮᠳᠠᠳᠤ ᠰᠤᠷᠭᠠᠭᠤᠯᠢ᠎ᠶᠢᠨ ᠨᠡᠷᠡᠲᠤ ᠪᠠᠭᠱᠢ᠂ ᠤᠷᠠᠨ ᠵᠣᠬᠢᠶᠠᠯ᠎ᠤᠨ ᠱᠢᠭᠦᠮᠵᠢᠯᠡᠭᠴᠢ᠂ ᠵᠣᠬᠢᠶᠠᠯᠴᠢ ᠭᠠᠩᠲᠡᠮᠦᠷ ᠭᠤᠸᠠᠢ ᠲᠤᠰ ᠴᠤᠪᠤᠷᠠᠯ ᠨᠣᠮ᠎ᠤᠨ ᠲᠤᠬᠠᠢ ᠦᠨᠡᠯᠡᠬᠦ᠎ᠳᠤ᠎ᠪᠠᠨ 《ᠡᠳᠡᠭᠡᠷ ᠨᠣᠮ ᠪᠤᠯ ᠳᠤᠮᠳᠠᠳᠤ ᠰᠤᠷᠭᠠᠭᠤᠯᠢ᠎ᠶᠢᠨ ᠰᠤᠷᠤᠭᠴᠢᠳ᠎ᠤᠨ ᠵᠣᠬᠢᠶᠠᠨ ᠪᠢᠴᠢᠯᠭᠡ᠎ᠶᠢ ᠳᠡᠭᠡᠭᠱᠢᠯᠡᠭᠦᠯᠬᠦ᠎ᠳᠤ ᠮᠠᠱᠢ ᠴᠢᠬᠤᠯᠠ ᠦᠨ᠎ᠡ ᠦᠷᠳᠡᠭ᠎ᠲᠠᠢ ᠨᠣᠮ ᠪᠣᠯᠤᠨ᠎ᠠ᠂ ᠪᠠᠭᠱᠢ ᠰᠤᠷᠤᠭᠴᠢᠳ᠎ᠤᠨ ᠭᠠᠷ᠎ᠤᠨ ᠠᠪᠤᠯᠭ᠎ᠠ ᠪᠣᠯᠵᠤ ᠪᠣᠯᠬᠤ ᠨᠣᠮ ᠪᠣᠯᠤᠨ᠎ᠠ》 ᠭᠡᠵᠡᠢ᠃
  ᠡᠨᠡ ᠤᠳᠠᠭᠠᠨ᠎ᠤ ᠦᠢᠯᠡ ᠠᠵᠢᠯᠯᠠᠭᠠᠨ᠎ᠳᠤ ᠥᠪᠦᠷ ᠮᠣᠩᠭᠤᠯ᠎ᠤᠨ ᠰᠤᠷᠭᠠᠨ ᠬᠥᠮᠦᠵᠢᠯ᠎ᠦᠨ ᠬᠡᠪᠯᠡᠯ᠎ᠦᠨ ᠬᠣᠷᠢᠶᠠᠨ᠎ᠠᠴᠠ ᠱᠢᠯᠢ᠎ᠶᠢᠨ ᠬᠤᠳᠠ᠎ᠶᠢᠨ ᠮᠣᠩᠭᠤᠯ ᠦᠨᠳᠦᠰᠦᠲᠡᠨ᠎ᠤ ᠳᠤᠮᠳᠠᠳᠤ ᠰᠤᠷᠭᠠᠭᠤᠯᠢ᠎ᠶᠢᠨ ᠪᠠᠭᠱᠢ ᠰᠤᠷᠤᠭᠴᠢᠳ᠎ᠲᠤ ᠨᠡᠢᠲᠡ ᠬᠤᠶᠠᠷ ᠲᠦᠮᠡ ᠭᠠᠷᠤᠢ ᠲᠥᠭᠦᠷᠢᠭ᠎ᠦᠨ ᠦᠷᠳᠡᠭ ᠪᠦᠬᠦᠢ ᠨᠣᠮ ᠬᠠᠨᠳᠢᠪᠯᠠᠵᠠᠢ᠃
   《ᠮᠢᠨᠦ ᠬᠣᠷᠸ᠎ᠠ· ᠠᠩᠬ᠎ᠠ ᠳᠤᠮᠳᠠᠳᠤ᠎ᠶᠢᠨ ᠰᠤᠷᠤᠭᠴᠢ᠎ᠶᠢᠨ ᠨᠣᠮ᠎ᠤᠨ ᠥᠷᠦᠭᠡ》 ᠴᠤᠪᠤᠷᠠᠯ ᠨᠣᠮ᠎ᠤᠨ ᠲᠠᠷᠬᠠᠭᠠᠯᠲᠠ᠎ᠶᠢᠨ ᠶᠣᠰᠤᠯᠠᠯ᠎ᠨᠢ ᠨᠣᠮ᠎ᠳᠤ ᠬᠠᠢᠷᠠᠲᠠᠢ ᠬᠥᠮᠦᠨ ᠪᠦᠬᠦᠨ᠎ᠤ ᠰᠡᠳᠭᠢᠯ ᠢᠲᠡᠭᠡᠯ᠎ᠦᠨ ᠳᠡᠮᠵᠢᠯᠭᠡ᠎ᠪᠡᠷ ᠠᠮᠵᠢᠯᠲᠠ᠎ᠲᠠᠢ ᠥᠨᠳᠦᠷᠯᠡᠵᠦ᠂ ᠮᠣᠩᠭᠤᠯ ᠨᠣᠮ ᠪᠢᠴᠢᠭ᠎ᠤᠨ ᠲᠡᠦᠬᠡᠨ᠎ᠳᠡᠬᠢ ᠪᠠᠰᠠ ᠨᠢᠭᠡᠨ ᠬᠠᠭᠤᠳᠠᠰᠤ᠎ᠶᠢ ᠱᠢᠨ᠎ᠡ᠎ᠪᠡᠷ ᠪᠢᠴᠢᠭᠯᠡᠪᠡ᠃

 

 

 

 

 

  ᠨᠣᠤᠷᠠᠭ ᠬᠠᠩᠭᠠᠭᠴᠢ᠄ ᠰᠠᠷᠠᠨ᠎ᠠ

  ᠬᠢᠨᠠᠭᠴᠢ᠄ ᠨᠠᠷᠠᠨᠲᠤᠶᠠᠭ᠎ᠠ

  ᠥᠪᠦᠷ ᠮᠣᠩᠭᠤᠯ᠎ᠤᠨ ᠰᠤᠷᠭᠠᠨ ᠬᠥᠮᠦᠵᠢᠯ᠎ᠦᠨ ᠬᠡᠪᠯᠡᠯ᠎ᠦᠨ ᠬᠣᠷᠢᠶᠠᠨ᠎ᠤ ᠸᠢᠴᠠᠲ ᠲᠠᠪᠴᠠᠩ᠎ᠠᠴᠠ ᠱᠢᠯᠵᠢᠭᠦᠯᠦᠨ ᠨᠡᠢᠳᠡᠯᠡᠪᠡ

(ᠬᠠᠷᠢᠭᠤᠴᠠᠭᠰᠠᠨ ᠨᠠᠢᠷᠠᠭᠤᠯᠤᠭᠴᠢ : ᠤᠷᠢᠬᠠᠨ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604