ᠬᠡᠤᠬᠡᠳ ᠦ᠋ᠨ ᠰᠡᠳᠭᠢᠯ ᠳ᠋ᠡᠬᠢ ᠰᠣᠨᠢᠷᠬᠠᠯᠲᠤ ᠶᠢᠷᠲᠢᠨᠴᠦ《ᠷᠤᠪᠤᠲ ᠬᠠᠰᠢ》
2019.10.23
  | ᠬᠣᠲᠠ ᠶ᠋ᠢᠨ ᠬᠡᠤᠬᠡᠳ ᠰᠢ ᠰᠢ ᠪᠣᠯᠤᠨ ᠮᠠᠯᠴᠢᠨ ᠤ᠋ ᠬᠡᠤᠬᠡᠳ ᠬᠠᠰᠠᠷ ᠰᠠᠢᠨ ᠨᠠᠢᠵᠠ ᠪᠣᠯᠤᠯ᠎ᠠ᠃ ᠵᠤᠨ ᠤ᠋ ᠠᠮᠠᠷᠠᠯᠲᠠ ᠪᠠᠷ ᠰᠢ ᠰᠢ ᠮᠠᠰᠢᠨ ᠬᠥᠮᠦᠨ ᠢ᠋ᠶ᠋ᠡᠨ ᠠᠪᠴᠤ ᠬᠠᠰᠠᠷ ᠤ᠋ᠨ ᠬᠥᠳᠡᠭᠡ ᠭᠡᠷ ᠲᠤ᠌ ᠢᠷᠡᠯ᠎ᠡ᠃ ᠣᠭᠲᠤ ᠦᠵᠡᠭᠡ ᠦᠭᠡᠢ ᠰᠢᠨ᠎ᠡ ᠵᠣᠴᠢᠨ ᠢ᠋ ᠬᠥᠳᠡᠭᠡ ᠶ᠋ᠢᠨ ᠬᠡᠤᠬᠡᠳ ᠦᠵᠡᠭᠡᠳ ᠭᠠᠢᠬᠠᠰᠢ ᠠᠯᠳᠠᠨ ᠪᠠᠰᠠ ᠵᠢᠭᠠᠬᠠᠨ ᠠᠶᠤᠳᠠᠰᠤ ᠬᠦᠷᠦᠨ᠎ᠡ; ᠮᠠᠰᠢᠨ ᠬᠥᠮᠦᠨ ᠬᠠᠰᠢ ᠪᠠᠷ ᠬᠣᠨᠢ ᠬᠠᠷᠢᠭᠤᠯᠤᠯ᠎ᠠ᠃ ᠠᠯᠢᠶ᠎ᠠ ᠬᠦᠤ ᠵᠣᠷᠢᠭ ᠴᠢᠨ᠋ᠸ᠎ᠠ ᠶ᠋ᠢ ᠳᠠᠭᠤᠷᠢᠶᠠᠨ ᠣᠷᠢᠯᠠᠬᠤ ᠳ᠋ᠤ᠌ ᠮᠠᠰᠢᠨ ᠬᠥᠮᠦᠨ ᠬᠠᠰᠢ ᠬᠣᠨᠢ ᠪᠠᠨ ᠬᠤᠷᠢᠶᠠᠵᠤ ᠭᠡᠷ ᠵᠦᠭ ᠢ᠋ᠶ᠋ᠡᠨ ᠪᠤᠴᠠᠬᠤ ᠪᠠᠷ ᠪᠡᠯᠡᠳᠭᠡᠯ᠎ᠡ; ᠬᠥᠳᠡᠭᠡ ᠶ᠋ᠢᠨ ᠬᠡᠤᠬᠡᠳ ᠬᠠᠰᠠᠷ᠂ ᠴᠡᠴᠡᠭ᠂ ᠵᠣᠷᠢᠭ ᠨᠠᠷ ᠰᠢ ᠰᠢ ᠪᠣᠯᠤᠨ ᠲᠡᠭᠦᠨ ᠤ᠋ ᠮᠠᠰᠢᠨ ᠬᠥᠮᠦᠨ ᠬᠠᠰᠢ ᠲᠠᠢ ᠰᠠᠢᠨ ᠨᠠᠢᠵᠠ ᠪᠣᠯᠤᠯᠴᠠᠵᠤ ᠬᠠᠮᠲᠤ ᠲᠣᠭᠯᠠᠨ᠂ ᠬᠠᠷᠢᠯᠴᠠᠨ ᠬᠠᠪᠰᠤᠷᠤᠯᠴᠠᠨ᠎ᠠ᠁

 

  ᠳᠡᠭᠡᠷᠡᠬᠢ ᠪᠤᠯ ᠬᠡᠤᠬᠡᠳ ᠦ᠋ᠨ ᠴᠤᠪᠤᠷᠠᠯ ᠨᠣᠮ《ᠷᠤᠪᠤᠲ ᠬᠠᠰᠢ》ᠬᠡᠤᠬᠡᠳ ᠦ᠋ᠨ ᠶᠢ᠍ᠷᠲᠢᠨᠴᠤ ᠨᠣᠮ ᠤ᠋ᠨ ᠬᠡᠰᠡᠭ ᠦᠯᠢᠭᠡᠷ ᠦᠵᠡᠭᠳᠡᠯ ᠪᠣᠯᠤᠨ᠎ᠠ᠃ ᠡᠨᠡ ᠪᠤᠯ ᠠᠯᠤᠰ ᠤ᠋ᠨ ᠪᠠᠷ᠎ᠠ ᠬᠡᠪᠯᠡᠯ ᠦ᠋ᠨ ᠬᠣᠷᠢᠶ᠎ᠠ ᠶ᠋ᠢᠨ ᠮᠣᠩᠭᠤᠯ ᠤᠯᠤᠰ ᠠ᠋ᠴᠠ ᠣᠷᠤᠭᠤᠯᠤᠨ ᠠᠪᠴᠢᠷᠠᠭᠰᠠᠨ ᠬᠡᠤᠬᠡᠳ ᠦ᠋ᠨ ᠵᠢᠷᠤᠭᠲᠤ ᠨᠣᠮ ᠪᠣᠯᠤᠨ᠎ᠠ᠃《ᠣᠭᠲᠤ ᠦᠵᠡᠭᠡ ᠦᠭᠡᠢ ᠰᠢᠨ᠎ᠡ ᠵᠣᠴᠢᠨ》᠂《ᠰᠠᠷᠯᠤᠭ ᠲᠤ᠌ ᠮᠥᠷᠭᠦᠭᠦᠯᠵᠦ ᠮᠠᠯ ᠵᠢᠭᠰᠢᠭᠡᠯ᠎ᠡ》᠂《ᠡᠷᠦᠬᠡ ᠪᠦᠲᠦᠭᠡᠬᠦ ᠳ᠋ᠤ᠌ ᠤᠴᠢᠷ ᠪᠤᠢ》᠂《ᠬᠠᠰᠢ ᠣᠨᠢᠰᠤᠭ᠎ᠠ ᠲᠠᠭᠠᠭᠰᠠᠨ ᠨᠢ》᠂《ᠬᠠᠰᠢ ᠨᠡᠪᠲᠡᠷᠡᠭᠦᠯᠭᠡ ᠦᠵᠡᠭᠦᠯᠦᠭᠰᠡᠨ ᠨᠢ》᠂《ᠬᠠᠰᠢ ᠬᠣᠨᠢ ᠬᠠᠷᠢᠭᠤᠯᠤᠭᠰᠠᠨ ᠨᠢ》᠂《ᠠᠢᠯ ᠭᠡᠷ ᠪᠣᠯᠵᠤ ᠲᠣᠭᠯᠠᠭᠰᠠᠨ ᠨᠢ》᠂《ᠬᠣᠭᠤᠯᠠᠢ ᠶ᠋ᠢᠨ ᠷᠠᠰᠢᠶᠠᠨ》᠂《ᠬᠠᠰᠢ ᠡᠪᠳᠡᠷᠡᠯ᠎ᠡ》᠂《ᠬᠠᠰᠢ ᠰᠢᠨᠡᠴᠢᠯᠡᠭᠳᠡᠪᠡ》ᠵᠡᠷᠭᠡ10 ᠵᠢᠵᠢᠭ ᠦᠯᠢᠭᠡᠷ ᠢ᠋ᠶ᠋ᠡᠷ ᠪᠢᠴᠢᠭᠳᠡᠭᠰᠡᠨ ᠡᠨᠡ ᠬᠦ᠌  ᠨᠣᠮ ᠳ᠋ᠤ᠌ ᠬᠣᠲᠠ ᠶ᠋ᠢᠨ ᠬᠡᠤᠬᠡᠳ ᠰᠢ ᠰᠢ ᠥᠪᠡᠷ ᠦ᠋ᠨ ᠮᠠᠰᠢᠨ ᠬᠥᠮᠦᠨ ᠬᠠᠰᠢ ᠪᠠᠨ ᠠᠪᠴᠤ ᠮᠠᠯᠴᠢᠨ ᠠᠢᠯ ᠳ᠋ᠤ᠌ ᠬᠦᠷᠴᠤ᠂ ᠵᠤᠨ ᠤ᠋ ᠠᠮᠠᠷᠠᠯᠲᠠ ᠪᠠᠨ ᠥᠩᠭᠡᠷᠡᠭᠦᠯᠬᠦ ᠳ᠋ᠤ᠌ ᠮᠠᠰᠢ ᠤᠯᠠᠨ ᠢᠨᠢᠶᠡᠳᠦᠮ ᠱᠣᠭ ᠲᠠᠢ ᠮᠥᠷᠲᠡᠭᠡᠨ ᠰᠤᠷᠭᠠᠯ ᠬᠥᠮᠦᠵᠢᠯ ᠦ᠋ᠨ ᠠᠭᠤᠯᠭ᠎ᠠ ᠲᠠᠢ ᠦᠯᠢᠭᠡᠷ ᠤᠴᠠᠷᠠᠯ ᠡᠭᠦᠰᠦᠭᠰᠡᠨ ᠢ᠋ ᠲᠡᠮᠳᠡᠭᠯᠡᠭᠰᠡᠨ ᠪᠠᠢᠨ᠎ᠠ᠃ ᠪᠢᠴᠢᠬᠠᠨ ᠵᠣᠬᠢᠶᠠᠯ ᠤ᠋ᠨ ᠪᠠᠭᠠᠲᠤᠷ ᠰᠢ ᠰᠢ ᠪᠣᠯᠤᠨ ᠮᠠᠰᠢᠨ ᠬᠥᠮᠦᠨ ᠬᠠᠰᠢ ᠶ᠋ᠢᠨ ᠬᠦᠲᠡᠭᠡ ᠨᠤᠲᠤᠭ ᠳᠡᠬᠢ ᠥᠩᠭᠡᠷᠡᠯᠲᠡ ᠤᠴᠠᠷᠠᠯ ᠢ᠋ᠶ᠋ᠠᠷ ᠳᠠᠮᠵᠢᠭᠤᠯᠤᠨ᠂ ᠮᠠᠰᠢᠨ ᠬᠥᠮᠦᠨ ᠬᠠᠰᠢ ᠶ᠋ᠢᠨ ᠰᠢᠨ᠎ᠡ ᠰᠡᠪᠡᠬᠦᠨ ᠴᠢᠳᠠᠮᠵᠢ ᠶ᠋ᠢ ᠪᠢᠴᠢᠬᠠᠨ ᠤᠩᠰᠢᠭᠴᠢᠳ ᠲᠤ᠌ ᠪᠠᠨ ᠳᠡᠯᠭᠡᠨ ᠦᠵᠡᠭᠦᠯᠬᠦ ᠶ᠋ᠢᠨ ᠵᠡᠷᠭᠡ ᠪᠡᠷ ᠮᠣᠩᠭᠤᠯᠴᠤᠳ ᠤ᠋ᠨ ᠤᠯᠠᠮᠵᠢᠯᠠᠯᠲᠤ ᠠᠮᠢᠳᠤᠷᠠᠯ ᠤ᠋ᠨ ᠵᠠᠩ ᠳᠠᠳᠭᠠᠯ ᠢ᠋ ᠬᠡᠤᠬᠡᠳ ᠲᠤ᠌ ᠭᠣᠶᠤ ᠰᠠᠢᠬᠠᠨ ᠵᠢᠷᠤᠭ ᠢ᠋ᠶ᠋ᠠᠷ ᠵᠢᠷᠤᠵᠤ ᠲᠠᠨᠢᠯᠴᠠᠭᠤᠯᠤᠭᠰᠠᠨ ᠪᠠᠢᠨ᠎ᠠ᠃ ᠳ·ᠪᠠᠲᠤᠵᠢᠷᠭᠠᠯ ᠵᠣᠬᠢᠶᠠᠵᠤ᠂ ᠵᠢ᠊·ᠪᠠᠳᠮᠠᠨᠢᠶᠠᠮᠪᠤ ᠶ᠋ᠢᠨ ᠵᠢᠷᠤᠭᠰᠠᠨ ᠡᠨᠡ ᠬᠦ᠌ ᠬᠡᠤᠬᠡᠳ ᠦ᠋ᠨ ᠨᠣᠮ ᠤ᠋ᠨ ᠬᠡᠯᠡ ᠬᠡᠯᠡᠯᠭᠡ ᠨᠢ ᠢᠷᠠᠭᠤ ᠰᠠᠢᠬᠠᠨ᠂ ᠵᠢᠷᠤᠭ ᠨᠢ ᠠᠮᠢᠲᠤ ᠳᠦᠷᠰᠦᠯᠢᠭ ᠪᠠᠢᠵᠤ᠂ ᠪᠢᠴᠢᠬᠠᠨ ᠨᠠᠢᠵᠠ ᠨᠠᠷ ᠲᠤ᠌ ᠠᠭᠤᠳᠠᠮᠴᠢ ᠪᠠᠭᠲᠠᠭᠠᠮᠵᠢ ᠲᠠᠢ ᠪᠠᠢᠬᠤ᠂ ᠬᠠᠢᠷ᠎ᠠ ᠡᠨᠡᠷᠢᠯ ᠲᠠᠢ ᠪᠠᠢᠬᠤ᠂ ᠪᠡᠶ᠎ᠡ ᠪᠠᠨ ᠳᠠᠭᠠᠭᠠᠬᠤ ᠴᠢᠳᠠᠪᠦᠷᠢ ᠶ᠋ᠢ ᠡᠵᠡᠮᠰᠢᠬᠦ ᠰᠠᠢᠨ ᠰᠠᠢᠬᠠᠨ ᠬᠥᠮᠦᠵᠢᠯ ᠬᠦᠷᠲᠡᠭᠡᠬᠦ ᠪᠣᠯᠤᠨ᠎ᠠ᠃

  ᠲᠤᠰ ᠨᠣᠮ ᠤ᠋ᠨ ᠵᠣᠬᠢᠶᠠᠭᠴᠢ ᠳ·ᠪᠠᠲᠤᠵᠢᠷᠭᠠᠯ ᠪᠤᠯ ᠮᠣᠩᠭᠤᠯ ᠤᠯᠤᠰ ᠤ᠋ᠨ ᠶᠡᠬᠡ ᠰᠤᠷᠭᠠᠭᠤᠯᠢ ᠶ᠋ᠢᠨ ᠤᠳᠭ᠎ᠠ ᠵᠣᠬᠢᠶᠠᠯ ᠤᠷᠠᠯᠢᠭ ᠤ᠋ᠨ ᠰᠤᠳᠤᠯᠭᠠᠨ ᠤ᠋ ᠭᠠᠵᠠᠷ ᠤ᠋ᠨ ᠪᠠᠭᠰᠢ ᠪᠣᠯᠤᠨ᠎ᠠ᠃ ᠬᠡᠯᠡ ᠪᠢᠴᠢᠭ ᠦ᠋ᠨ ᠤᠬᠠᠭᠠᠨ ᠤ᠋ ᠳ᠋ᠤᠺᠲ᠋ᠤᠷ᠂ ᠨᠠᠴᠤᠭᠳᠣᠷᠵᠢ ᠶ᠋ᠢᠨ ᠱᠠᠩᠨᠠᠯ ᠢ᠋ ᠬᠦᠷᠲᠡᠭᠰᠡᠳ ᠶᠤᠮ᠃ ᠮᠣᠩᠭᠤᠯ ᠤᠯᠤᠰ ᠤ᠋ᠨ ᠣᠳᠣ ᠦᠶ᠎ᠡ ᠶ᠋ᠢᠨ ᠬᠡᠤᠬᠡᠳ ᠦ᠋ᠨ ᠤᠷᠠᠨ ᠵᠣᠬᠢᠶᠠᠯ ᠤ᠋ᠨ ᠲᠥᠯᠦᠭᠡᠯᠡᠭᠴᠢ ᠪᠣᠯᠤᠨ᠎ᠠ᠃ ᠲᠡᠷᠡ ᠵᠣᠬᠢᠶᠠᠨ ᠪᠢᠴᠢᠯᠭᠡ ᠶ᠋ᠢ ᠤᠷᠤᠯᠳᠤᠭᠰᠠᠨ ᠠ᠋ᠴᠠ ᠨᠠᠭᠠᠰᠢ《ᠴᠢᠯᠠᠭᠤᠨ ᠤ᠋ ᠬᠡᠯᠡ》᠂《ᠨᠡᠷᠡᠨ ᠤ᠋ ᠳᠣᠮᠤᠭ》᠂《C+H=247》 ᠵᠡᠷᠭᠡ30  ᠭᠠᠷᠤᠢ ᠬᠡᠤᠬᠡᠳ ᠦ᠋ᠨ ᠨᠣᠮ ᠪᠢᠴᠢᠵᠦ ᠪᠠᠢᠭ᠎ᠠ ᠶᠤᠮ᠃

  ᠠᠯᠤᠰ ᠤ᠋ᠨ ᠪᠠᠷ᠎ᠠ ᠬᠡᠪᠯᠡᠯ ᠦ᠋ᠨ ᠬᠣᠷᠢᠶ᠎ᠠ ᠣᠢᠷ᠎ᠠ ᠶ᠋ᠢᠨ ᠵᠢᠯ ᠠ᠋ᠴᠠ ᠨᠠᠭᠠᠰᠢ ᠮᠠᠰᠢ ᠰᠠᠢᠬᠠᠨ ᠰᠢᠯᠢᠳᠡᠭ ᠬᠡᠤᠬᠡᠳ ᠦ᠋ᠨ ᠨᠣᠮ ᠤ᠋ᠳ ᠢ᠋ ᠬᠡᠪᠯᠡᠭᠦᠯᠵᠦ ᠪᠢᠴᠢᠬᠠᠨ ᠨᠠᠢᠵᠠ ᠨᠠᠷ ᠲᠤ᠌ ᠪᠠᠨ ᠪᠡᠯᠡᠭ ᠪᠠᠷᠢᠵᠤ ᠪᠠᠢᠭ᠎ᠠ ᠶᠤᠮ᠃ ᠡᠾᠸᠢ ᠡᠸ ᠶ᠋ᠢᠨ ᠠᠮᠢ ᠠᠬᠤᠢ ᠶ᠋ᠢᠨ ᠤᠷᠠᠨ ᠵᠣᠬᠢᠶᠠᠯ ᠤ᠋ᠨ ᠴᠤᠪᠤᠷᠠᠯ《ᠴᠢᠰᠤᠨ ᠤᠨᠠᠭ᠎ᠠ》᠂《ᠴᠢᠨ᠋ᠸ᠎ᠠ ᠪᠠᠷᠢᠭᠰᠠᠨ ᠨᠢ》᠂《ᠬᠠᠷ᠎ᠠ ᠳᠥᠯᠦ》᠂《ᠴᠢᠨ᠋ᠸ᠎ᠠ ᠶ᠋ᠢᠨ ᠴᠢᠰᠤᠨ》᠂《ᠲᠠᠷᠴᠤᠭ ᠤ᠋ᠨ ᠲᠡᠮᠡᠭᠡ》᠂《ᠠᠷᠰᠯᠠᠨ ᠬᠦᠤ》᠂《ᠴᠠ ᠪᠤᠭᠤ ᠶ᠋ᠢᠨ ᠬᠦᠷᠦᠨ》᠂《 ᠬᠣᠲᠠᠴᠢ ᠬᠠᠷ᠎ᠠ ᠪᠠ ᠬᠠᠯᠳᠠᠷ》᠂《ᠴᠠ ᠪᠤᠭᠤ ᠶ᠋ᠢᠨ ᠵᠢᠷᠭᠤᠭᠠᠨ ᠤᠯᠠᠷᠢᠯ》᠂《ᠵᠠᠭᠤᠳᠠᠭ ᠪᠠᠩᠬᠤᠷ》 ᠪᠠ《ᠵᠠᠩᠭᠠᠷ ᠤ᠋ᠨ ᠳᠣᠮᠤᠭ》ᠭᠡᠬᠦ ᠦᠷᠭᠦᠯᠵᠢᠯᠡᠭᠰᠡᠨ ᠺᠠᠷᠲ᠋ᠣᠨ ᠵᠢᠷᠤᠭ ᠤ᠋ᠨ ᠨᠣᠮ᠂ 《ᠬᠡᠤᠬᠡᠳ ᠦ᠋ᠨ ᠨᠢᠭᠡ ᠨᠠᠰᠤᠨ ᠤ᠋ ᠬᠤᠪᠢ ᠪᠡᠶ᠎ᠡ ᠶ᠋ᠢᠨ ᠦᠵᠡᠯ ᠤᠬᠠᠮᠰᠠᠷ ᠤ᠋ᠨ ᠪᠤᠢ ᠪᠣᠯᠬᠤ ᠶ᠋ᠢ ᠨᠦᠯᠦᠭᠡᠯᠡᠬᠦ ᠵᠢᠷᠤᠭᠲᠤ ᠳᠡᠪᠲᠡᠷ》 ᠴᠤᠪᠤᠷᠠᠯ ᠨᠣᠮ᠂《ᠡᠸᠡᠩᠬᠢ ᠶ᠋ᠢᠨ ᠬᠠᠨᠳᠠᠭᠠᠢ》ᠵᠡᠷᠭᠡ ᠬᠡᠤᠬᠡᠳ ᠦ᠋ᠨ ᠨᠣᠮ ᠤ᠋ᠳ ᠨᠢ ᠬᠡᠤᠬᠡᠳ ᠦ᠋ᠨ ᠮᠡᠳᠡᠯᠭᠡ ᠬᠠᠷᠠᠴᠠ ᠪᠠᠨ ᠥᠷᠭᠡᠳᠭᠡᠬᠦ᠂ ᠠᠮᠢᠳᠤᠷᠠᠯ ᠤ᠋ᠨ ᠶᠣᠰᠤ ᠤᠴᠢᠷ᠂ ᠤᠯᠠᠮᠵᠢᠯᠠᠯᠲᠤ ᠵᠠᠩ ᠳᠠᠳᠭᠠᠯ ᠢ᠋ᠶ᠋ᠠᠨ ᠣᠢᠯᠠᠭᠠᠬᠤ ᠳ᠋ᠤ᠌ ᠬᠠᠪᠰᠤᠷᠤᠮᠵᠢ ᠲᠤᠰᠠᠯᠠᠮᠵᠢ ᠦᠵᠡᠭᠦᠯᠬᠦ ᠪᠣᠯᠤᠨ᠎ᠠ᠃

  ᠰᠤᠷᠪᠤᠯᠵᠢᠯᠠᠭᠴᠢ᠄ ᠨᠠᠪᠴᠢ   ᠮᠥᠩᠭᠦᠨᠵᠤᠯᠠ(ᠳᠠᠳᠤᠯᠭ᠎ᠠ ᠶ᠋ᠢᠨ ᠰᠤᠷᠤᠭᠴᠢ)

  ᠥᠪᠦᠷ ᠮᠣᠩᠭᠤᠯ ᠤ᠋ᠨ ᠡᠳᠦᠷ ᠦ᠋ᠨ ᠰᠣᠨᠢᠨ ᠠ᠋ᠴᠠ ᠰᠢᠯᠵᠢᠭᠦᠯᠦᠨ ᠨᠡᠢᠳᠡᠯᠡᠪᠡ

 

 

 

 

 

 

 

 

(ᠬᠠᠷᠢᠭᠤᠴᠠᠭᠰᠠᠨ ᠨᠠᠢᠷᠠᠭᠤᠯᠤᠭᠴᠢ : ᠤᠷᠢᠬᠠᠨ)

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠦᠪᠦᠷ
ᠮᠤᠩᠭ᠋ᠤᠯ ᠤᠨ
ᠬᠡᠪᠯᠡᠯ ᠤ᠋ᠨ
ᠪᠦᠯᠦᠭᠯᠡᠯ
ᠬᠡᠪᠯᠡᠯ ᠤ᠋ᠨ
ᠡᠷᠬᠡ ᠲᠡᠢ
ᠦᠪᠦᠷ
ᠮᠤᠩᠭ᠋ᠤᠯ ᠤᠨ
ᠮᠤᠨᠢ
ᠨᠡᠷᠡᠮᠵᠢᠲᠦ
ᠰᠤᠶᠤᠯ ᠤᠨ
ᠵᠠᠭᠤᠴᠢ
ᠪᠦᠷᠢᠨ 
ᠪᠤᠰᠤ
ᠬᠠᠷᠢᠭᠤᠴᠠᠯᠭᠠᠳᠤ 
ᠺᠤᠮᠫᠠᠨᠢ
ᠲᠦᠰᠦᠪᠯᠡᠨ
ᠦᠢᠯᠡᠳᠪᠡ
ᠦᠪᠦᠷ
ᠮᠤᠩᠭ᠋ᠤᠯ ᠤᠨ
ᠳᠡᠯᠡᠬᠡᠢ
ᠮᠡᠳᠡᠭᠡ
ᠵᠠᠩᠬᠢ
ᠮᠡᠷᠭᠡᠵᠢᠯ ᠤᠨ
ᠬᠢᠵᠠᠭᠠᠷᠲᠤ
ᠺᠤᠮᠫᠠᠨᠢ
ᠮᠡᠷᠭᠡᠵᠢᠯ
ᠬᠠᠩᠭ᠋ᠠᠪᠠ
ᠬᠠᠶᠢ᠍ᠭ᠄
ᠦᠪᠦᠷ
ᠮᠤᠩᠭ᠋ᠤᠯ ᠤᠨ
ᠦᠪᠡᠷᠲᠡᠭᠡᠨ
ᠵᠠᠰᠠᠬᠤ
ᠤᠷᠤᠨ ᠤ
ᠬᠦᠬᠡᠬᠤᠳᠠ ᠵᠢᠨ ᠰᠢᠨ᠎ᠡ
ᠬᠤᠲᠠ
ᠲᠤᠭᠤᠷᠢᠭ ᠤᠨ
ᠰᠢᠩᠬᠤᠸᠠ
ᠵᠡᠬᠦᠨ
ᠵᠡᠭᠡᠯᠢ ᠵᠢᠨ
89ᠨᠤᠮᠧᠷ
ᠦᠪᠤᠷ
ᠮᠤᠩᠭ᠋ᠤᠯ ᠤᠨ
ᠬᠡᠪᠯᠡᠯ ᠤᠨ
ᠪᠦᠯᠦᠭᠯᠡᠯ