《ᠴᠢᠬᠢᠨᠳᠠᠢ》 ᠴᠤᠪᠤᠷᠠᠯ ᠨᠣᠮ ᠤᠩᠱᠢᠭᠴᠢᠳ᠎ᠲᠠᠢ ᠵᠣᠯᠭᠠᠯ᠎ᠠ
2019.10.23
 

 

  ᠰᠣᠨᠤᠷ᠎ᠢ ᠲᠠᠨᠢ ᠪᠠᠶᠠᠰᠭᠠᠬᠤ ᠰᠣᠨᠤᠰᠳᠠᠭ ᠨᠣᠮ

  ᠠᠪᠢᠶᠠᠰ᠎ᠢ ᠲᠠᠨᠢ ᠰᠣᠷᠢᠬᠤ ᠪᠣᠳᠤᠳᠠᠭ ᠨᠣᠮ

  ᠣᠶᠤᠨ᠎ᠢ ᠲᠠᠨᠢ ᠲᠡᠯᠡᠬᠦ ᠤᠩᠱᠢᠳᠠᠭ ᠨᠣᠮ ——

 

            《ᠴᠢᠬᠢᠨᠳᠠᠢ》 ᠴᠤᠪᠤᠷᠠᠯ ᠨᠣᠮ ᠤᠩᠱᠢᠭᠴᠢᠳ᠎ᠲᠠᠢ ᠵᠣᠯᠭᠠᠯ᠎ᠠ

 

  ᠱᠢᠯᠢ᠎ᠶᠢᠨ ᠬᠤᠳᠠ᠎ᠳᠤ ᠶᠠᠪᠤᠭᠳᠠᠵᠤ ᠪᠠᠢᠭ᠎ᠠ ᠨᠠᠢ᠍ᠮᠠᠨ ᠮᠤᠵᠢ ᠣᠷᠤᠨ᠎ᠤ ᠲᠠᠪᠤᠳᠤᠭᠠᠷ ᠬᠤᠭᠤᠴᠠᠭᠠᠨ᠎ᠤ ᠮᠣᠩᠭᠤᠯ ᠨᠣᠮ᠎ᠤᠨ ᠦᠵᠡᠭᠦᠯᠭᠡ ᠳᠡᠭᠡᠷ᠎ᠡ ᠡᠯ᠎ᠡ ᠬᠡᠪᠯᠡᠯ᠎ᠦᠨ ᠬᠣᠷᠢᠶᠠᠨ᠎ᠤ ᠬᠢᠨ ᠱᠢᠨ᠎ᠡ᠎ᠪᠡᠷ ᠬᠡᠪᠯᠡᠭᠳᠡᠭᠰᠡᠨ ᠨᠣᠮ᠎ᠤᠨ ᠲᠠᠷᠬᠠᠭᠠᠯᠲᠠ᠎ᠶᠢᠨ ᠶᠣᠰᠤᠯᠠᠯ᠎ᠢᠶᠠᠨ ᠶᠠᠪᠤᠭᠳᠠᠭᠤᠯᠵᠤ ᠪᠠᠢᠭ᠎ᠠ᠎ᠪᠠᠷ᠎ᠢᠶᠠᠨ ᠣᠨᠴᠠᠯᠢᠭ᠎ᠲᠠᠢ ᠪᠠᠢᠯ᠎ᠠ᠃ ᠡᠭᠦᠨ᠎ᠳᠤ ᠥᠪᠦᠷ ᠮᠣᠩᠭᠤᠯ᠎ᠤᠨ ᠰᠤᠷᠭᠠᠨ ᠬᠥᠮᠦᠵᠢᠯ᠎ᠦᠨ ᠬᠡᠪᠯᠡᠯ᠎ᠤᠨ ᠬᠣᠷᠢᠶᠠᠨ᠎ᠠᠴᠠ ᠬᠡᠤᠬᠡᠳ ᠪᠠᠭᠠᠴᠤᠳ᠎ᠲᠤ ᠵᠣᠷᠢᠭᠤᠯᠤᠯᠲᠠ᠎ᠲᠠᠢ ᠬᠡᠪᠯᠡᠭᠦᠯᠦᠭᠰᠡᠨ ᠰᠣᠨᠤᠰᠴᠤ᠂ ᠤᠩᠱᠢᠵᠤ᠂ ᠪᠣᠳᠤᠵᠤ ᠪᠣᠯᠳᠠᠭ 《ᠴᠢᠬᠢᠨᠳᠠᠢ》 ᠴᠤᠪᠤᠷᠠᠯ ᠨᠣᠮ᠎ᠤᠨ᠎ᠢᠶᠠᠨ ᠲᠠᠷᠬᠠᠭᠠᠯᠲᠠ᠎ᠶᠢ ᠶᠠᠪᠤᠭᠳᠠᠭᠤᠯᠵᠤ᠂ ᠮᠠᠱᠢ ᠤᠯᠠᠨ ᠬᠥᠮᠦᠰ᠎ᠦᠨ ᠠᠩᠬᠠᠷᠤᠯ᠎ᠳᠤ ᠬᠦᠷᠴᠦ ᠪᠠᠢᠭᠰᠠᠨ ᠪᠢᠯᠡ᠃

 

 

 

 

 

   《ᠴᠢᠬᠢᠨᠳᠠᠢ ᠴᠤᠪᠤᠷᠠᠯ》 ᠎ᠤᠨ ᠠᠷᠪᠠᠨ ᠨᠣᠮ ᠪᠤᠯ ᠤᠩᠱᠢᠵᠤ ᠪᠣᠯᠬᠤ ᠮᠥᠷᠲᠡᠭᠡᠨ ᠰᠣᠨᠤᠰᠴᠤ ᠪᠣᠯᠳᠠᠭ ᠺᠤᠮᠢᠺ ᠨᠣᠮ᠎ᠶᠤᠮ᠃ ᠤᠷᠢᠳ᠎ᠢᠶᠠᠷ ᠨᠣᠮ᠎ᠤᠨ ᠬᠠᠪᠴᠢᠭᠤᠷᠭ᠎ᠠ᠎ᠳᠡᠬᠢ QR ᠺᠣᠳ᠋᠎ᠢ ᠱᠢᠷᠪᠢᠵᠦ᠂ ᠳᠠᠷᠠᠭ᠎ᠠ᠎ᠨᠢ ᠬᠡᠪᠯᠡᠯ᠎ᠦᠨ ᠡᠷᠬᠡ᠎ᠶᠢᠨ QR ᠺᠣᠳ᠋᠎ᠢ ᠱᠢᠷᠪᠢᠪᠡᠯ ᠰᠣᠨᠤᠰᠴᠤ ᠪᠣᠯᠳᠠᠭ᠃ ᠡᠨᠡ᠎ᠬᠦ ᠰᠣᠨᠤᠰᠳᠠᠭ ᠨᠣᠮ᠎ᠨᠢ ᠮᠣᠩᠭᠤᠯ ᠨᠣᠮ ᠪᠢᠴᠢᠭ᠎ᠤᠨ ᠲᠡᠦᠬᠡᠨ᠎ᠳᠡᠬᠢ ᠱᠢᠨ᠎ᠡ ᠡᠷᠢᠯᠬᠢᠯᠡᠯ ᠪᠣᠯᠬᠤ ᠮᠥᠷᠲᠡᠭᠡᠨ ᠴᠠᠭ ᠦᠶ᠎ᠡ᠎ᠶᠢᠨ ᠱᠠᠭᠠᠷᠳᠠᠯᠭ᠎ᠠ ᠪᠠ ᠤᠩᠱᠢᠭᠴᠢᠳ᠎ᠤᠨ ᠬᠡᠷᠡᠭᠴᠡᠭᠡ᠎ᠲᠠᠢ ᠶᠠᠪ ᠴᠠᠪ ᠲᠣᠬᠢᠷᠠᠵᠤ ᠪᠠᠢᠭ᠎ᠠ ᠶᠠᠪᠤᠳᠠᠯ ᠪᠣᠯᠤᠨ᠎ᠠ᠃ ᠲᠤᠰ ᠨᠣᠮ᠎ᠤᠨ ᠦᠯᠢᠭᠡᠷ᠎ᠢ ᠤᠩᠱᠢᠵᠤ᠂ ᠰᠣᠨᠤᠰᠭᠤ᠎ᠪᠡᠷ ᠳᠠᠮᠵᠢᠭᠠᠳ ᠮᠣᠩᠭᠤᠯᠴᠤᠳ᠎ᠤᠨ ᠡᠷᠬᠢᠮᠯᠡᠬᠦ ᠶᠣᠰᠤᠨ᠂ ᠱᠢᠨᠵᠢᠬᠦ ᠶᠣᠰᠤᠨ᠂ ᠮᠡᠨᠳᠦᠯᠡᠬᠦ ᠬᠦᠨᠳᠦᠯᠡᠬᠦ ᠲᠠᠯᠠᠷᠬᠠᠬᠤ ᠶᠣᠰᠤᠨ᠂ ᠬᠣᠷᠱᠢᠶ᠎ᠠ ᠦᠭᠡ᠂ ᠴᠡᠭᠡᠷ ᠶᠣᠰᠤᠨ᠂ ᠴᠡᠭᠡᠷᠯᠡᠬᠦ ᠶᠣᠰᠤᠨ᠂ ᠰᠤᠷᠭᠠᠯ ᠦᠭᠡ᠂ ᠦᠭᠡ ᠵᠦᠭᠱᠢᠷᠡᠭᠦᠯᠬᠦ ᠦᠭᠡ ᠵᠡᠷᠭᠡ᠎ᠶᠢ ᠣᠢᠯᠠᠭᠠᠵᠤ ᠪᠣᠯᠬᠤ᠎ᠶᠤᠮ᠃

 

 

   《ᠴᠢᠬᠢᠨᠳᠠᠢ ᠺᠤᠮᠢᠺ ᠪᠦᠳᠦᠭᠡᠵᠡᠬᠡᠶ᠎ᠡᠭᠡᠬᠦ ᠴᠤᠪᠤᠷᠠᠯ᠎ᠳᠤ ᠨᠡᠢᠲᠡ ᠠᠷᠪᠠᠨ ᠳᠡᠪᠲᠡᠷ ᠪᠤᠢ᠃ ᠡᠨᠡ ᠠᠷᠪᠠᠨ ᠨᠣᠮ ᠪᠤᠯ ᠪᠣᠳᠤᠳᠠᠭ ᠨᠣᠮ᠃ ᠨᠣᠮ᠎ᠤᠨ ᠭᠣᠤᠯ ᠳᠦᠷᠢ ᠪᠣᠯᠬᠤ ᠬᠦᠴᠦᠲᠡᠢ ᠬᠡᠨᠡᠨ ᠴᠢᠬᠢᠨᠳᠠᠢ ᠪᠤᠳᠤᠭᠤ ᠪᠠ ᠤᠬᠠᠭᠠᠨᠯᠢᠭ ᠰᠡᠷᠭᠦᠯᠡᠩ ᠴᠠᠭᠠᠢ ᠥᠬᠢᠨ ᠬᠤᠶᠠᠷ᠎ᠤᠨ ᠳᠦᠷᠢ ᠪᠠ ᠠᠳᠠᠯ ᠶᠠᠪᠤᠳᠠᠯ᠎ᠢ ᠪᠤᠳᠤᠭ ᠣᠷᠤᠭᠤᠯᠬᠤ᠎ᠪᠡᠷ ᠳᠠᠮᠵᠢᠭᠠᠳ᠂ ᠰᠣᠨᠤᠰᠭᠤ᠂ ᠣᠢᠯᠠᠭᠠᠬᠤ᠂ ᠵᠢᠷᠤᠬᠤ᠂ ᠲᠠᠨᠢᠬᠤ ᠴᠢᠳᠠᠪᠦᠷᠢ᠎ᠪᠠᠨ ᠳᠡᠭᠡᠭᠱᠢᠯᠡᠬᠦᠯᠵᠤ ᠪᠣᠯᠬᠤ᠎ᠶᠤᠮ᠃

 

   《ᠴᠠᠭᠠᠢ᠎ᠶᠢᠨ ᠨᠠᠢᠵᠠ᠎ᠨᠤᠭᠤᠳᠭᠡᠬᠦ ᠴᠤᠪᠤᠷᠠᠯ᠎ᠳᠤ ᠨᠡᠢᠲᠡ ᠲᠠᠪᠤᠨ ᠳᠡᠪᠲᠡᠷ᠎ᠲᠠᠢ᠃ ᠡᠨᠡ᠎ᠬᠦ ᠲᠠᠪᠤᠨ ᠨᠣᠮ᠎ᠢᠶᠠᠨ ᠢᠱᠢᠭᠡ᠂ ᠬᠤᠷᠠᠭ᠎ᠠ᠂ ᠤᠨᠠᠭ᠎ᠠ᠂ ᠪᠤᠲᠤᠭᠤ᠂ ᠲᠤᠭᠤᠯ ᠬᠡᠮᠡᠨ ᠨᠡᠷᠡᠢᠳᠴᠤ᠂ ᠬᠡᠤᠬᠡᠳ ᠪᠠᠭᠠᠴᠤᠳ᠎ᠲᠤ ᠲᠠᠪᠤᠨ ᠬᠣᠱᠢᠭᠤ ᠮᠠᠯ᠎ᠤᠨ ᠵᠠᠩ ᠠᠷᠠᠨᠱᠢᠨ᠂ ᠪᠠᠢᠳᠠᠯ ᠳᠦᠷᠬᠦ ᠵᠡᠷᠭᠡ᠎ᠶᠢ᠎ᠨᠢ ᠱᠢᠯᠦᠭ᠎ᠦᠨ ᠬᠡᠯᠪᠡᠷᠢ᠎ᠪᠠᠷ ᠲᠠᠨᠢᠭᠤᠯᠬᠤ᠎ᠶᠢ ᠵᠣᠷᠢᠭᠰᠠᠨ᠎ᠢᠶᠠᠷ᠎ᠢᠶᠠᠨ ᠤᠨᠴᠠᠯᠢᠭᠳᠠᠵᠤ ᠪᠠᠢᠳᠠᠭ᠃

 

  ᠨᠠᠢᠷᠠᠭᠤᠯᠤᠭᠴᠢ᠄ ᠡ᠊·ᠲᠤᠶᠠᠭ᠎ᠠ

  ᠬᠢᠨᠠᠭᠴᠢ᠄ ᠲᠠᠨ᠎ᠠ

  ᠶᠡᠷᠦᠩᠬᠡᠢ ᠬᠢᠨᠠᠭᠴᠢ᠄ ᠪᠦᠷᠢᠨᠲᠦ

  ᠱᠢᠯᠢ᠎ᠶᠢᠨ ᠭᠣᠤᠯ᠎ᠤᠨ ᠡᠳᠦᠷ᠎ᠦᠨ ᠰᠣᠨᠢᠨ᠎ᠠᠴᠠ ᠱᠢᠯᠵᠢᠭᠦᠯᠦᠨ ᠨᠡᠢᠳᠡᠯᠡᠪᠡ

 

(ᠬᠠᠷᠢᠭᠤᠴᠠᠭᠰᠠᠨ ᠨᠠᠢᠷᠠᠭᠤᠯᠤᠭᠴᠢ : ᠤᠷᠢᠬᠠᠨ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604