ᠢᠥᠢ ᠮᠢᠨ ᠬᠤᠩ ᠵᠢᠯ ᠪᠦᠷᠢ 200 ᠭᠠᠷᠤᠢ ᠨᠣᠮ ᠤᠩᠰᠢᠵᠤ《ᠨᠢᠭᠡ ᠮᠢᠨᠦ᠋ᠲ ᠢ᠋ ᠴᠦ᠍ ᠰᠦᠢᠳᠭᠡᠵᠦ ᠪᠣᠯᠬᠤ ᠦᠭᠡᠢ》ᠭᠡᠵᠦ ᠶᠠᠷᠢᠪᠠ
2019.10.23

  ᠴᠠᠭᠠᠨ ᠴᠠᠮᠴᠠ ᠨᠢᠦ᠋ᠽᠠᠢ ᠥᠮᠥᠳᠥ ᠲᠠᠢ ᠲᠠᠮᠢᠷᠴᠢᠨ ᠤ᠋ ᠱᠠᠬᠠᠢ ᠡᠮᠦᠰᠦᠭᠰᠡᠨ ᠰᠢᠨ ᠳ᠋ᠦᠩ ᠹᠠᠩ ᠨᠡᠷᠡᠮᠵᠢᠲᠦ ᠰᠤᠷᠭᠠᠨ ᠬᠦᠮᠦᠵᠢᠯ ᠦ᠋ᠨ ᠪᠥᠯᠥᠭᠯᠡᠯ ᠦ᠋ᠨ ᠡᠭᠦᠰᠭᠡᠨ ᠪᠠᠢᠭᠤᠯᠤᠭᠴᠢ ᠢᠥᠢ ᠮᠢᠨ ᠬᠤᠩ ᠮᠢᠺᠷᠤᠹᠣᠨ ᠠᠳᠭᠤᠭᠠᠳ ᠠᠪᠤᠪᠠᠯ ᠭᠤᠷᠪᠠᠨ ᠴᠠᠭ ᠵᠢᠨᠷ ᠵᠣᠭᠰᠤᠳᠠᠭ ᠪᠠᠢᠨ᠎ᠠ᠃

 

 

  13 ᠤ᠋ ᠡᠳᠦᠷ᠂ ᠢᠥᠢ ᠮᠢᠨ ᠬᠤᠨᠭ ᠥᠪᠥᠷ ᠮᠣᠩᠭᠣᠯ ᠤ᠋ᠨ《ᠦᠵᠡᠰᠭᠦᠯᠡᠩᠲᠦ ᠰᠠᠢᠬᠠᠨ ᠤᠮᠠᠷᠠᠲᠦ ᠬᠢᠯᠢ》 ᠶᠠᠨᠷᠢᠶᠠᠨ ᠤ᠋ ᠲᠠᠪᠴᠠᠩ ᠳᠡᠭᠡᠷ᠎ᠡ《ᠰᠤᠷᠭᠠᠨ ᠬᠦᠮᠦᠵᠢᠯ ᠦ᠋ᠨ ᠬᠠᠢᠷ᠎ᠠ ᠰᠡᠳᠭᠢᠯᠭᠡ ᠪᠠ ᠬᠤᠪᠢ ᠬᠦᠮᠦᠨ ᠦ᠌ ᠦᠰᠦᠨ ᠪᠣᠢᠵᠢᠯᠲᠠ》ᠭᠡᠬᠦ ᠲᠤᠰᠭᠠᠢ ᠰᠡᠳᠦᠪᠲᠦ ᠶᠠᠷᠢᠶ᠎ᠠ ᠲᠠᠯᠪᠢᠵᠠᠢ᠂ ᠡᠭᠦᠨ ᠦ᠌ ᠳᠣᠲᠣᠷ᠎ᠠ ᠨᠣᠮ ᠤᠩᠰᠢᠬᠤ ᠶ᠋ᠢ ᠬᠠᠮᠤᠭ ᠤ᠋ᠨ ᠢᠯᠡᠭᠦᠦ ᠳᠤᠷᠠᠳᠤᠭᠰᠠᠨ ᠪᠠᠢᠨ᠎ᠠ᠃

  《ᠪᠢ ᠵᠢᠯ ᠪᠦᠷᠢ 200 ᠭᠠᠷᠤᠢ ᠳᠡᠪᠲᠡᠷ ᠨᠣᠮ ᠰᠡᠬᠦᠳᠡᠭ᠂ ᠨᠥᠭᠦᠭᠡ ᠨᠢᠭᠡ ᠳᠤᠷ᠎ᠠ ᠪᠠᠬ᠎ᠠ ᠪᠤᠯ ᠵᠢᠭᠤᠯᠴᠢᠯᠠᠯ ᠪᠣᠯᠣᠨ᠎ᠠ᠂ ᠣᠷᠴᠢᠮᠬᠠᠨ ᠨᠢᠭᠡ ᠵᠢᠭᠤᠯᠴᠢᠯᠠᠯ ᠤ᠋ᠨ ᠲᠡᠮᠳᠡᠭᠯᠡᠯ ᠬᠡᠪᠯᠡᠭᠦᠯᠦᠨ᠎ᠡ》ᠭᠡᠵᠡᠢ᠂ ᠢᠥᠢ ᠮᠢᠨ ᠬᠤᠨᠭ ᠤ᠋ᠨ ᠵᠢᠯ ᠪᠦᠷᠢ ᠵᠢᠨ《ᠤᠩᠰᠢᠬᠤ ᠬᠡᠮᠵᠢᠶ᠎ᠡ》ᠨᠢ ᠲᠠᠯᠠᠪᠤᠷ ᠲᠠᠬᠢ ᠦᠵᠡᠭᠴᠢᠳ ᠢ᠋ ᠭᠠᠢᠬᠠᠰᠢ ᠠᠯᠳᠠᠭᠤᠯᠤᠭᠰᠠᠨ ᠪᠠᠢᠨ᠎ᠠ᠃

  《ᠲᠡᠷᠡ ᠴᠢᠨᠢ ᠴᠣᠬᠣᠮ ᠬᠠᠮᠤᠭ ᠤ᠋ᠨ ᠶᠠᠭᠠᠷᠠᠣ ᠬᠦᠮᠦᠨ ᠰᠢᠦ ᠳᠡ᠂ ᠶᠠᠮᠠᠷ ᠴᠢᠯᠦᠭᠡ ᠪᠡᠷ ᠢ᠋ᠶ᠋ᠡᠨ ᠲᠡᠢᠮᠦ ᠠᠷᠪᠢᠨ ᠨᠣᠮ ᠤᠩᠰᠢᠳᠠᠭ ᠶᠤᠮ ᠪᠣᠯ ᠡ》ᠭᠡᠵᠦ ᠵᠠᠷᠢᠮ ᠦᠵᠡᠭᠴᠢᠳ ᠰᠤᠷᠪᠤᠯᠵᠢᠯᠠᠭᠴᠢ ᠳ᠋ᠤ᠌ ᠶᠠᠷᠢᠵᠤ ᠪᠠᠢᠯ᠎ᠠ᠃

  ᠦᠵᠡᠭᠴᠢᠳ ᠦ᠋ᠨ ᠰᠡᠵᠢᠭᠯᠡᠯ ᠢ᠋ ᠠᠯᠳᠠᠷᠠᠭᠠᠬᠤ ᠭᠡᠰᠡᠨ ᠰᠢᠭ ᠢᠥᠢ ᠮᠢᠨ ᠬᠤᠩ ᠲᠤᠰ ᠡᠳᠦᠷ ᠦ᠋ᠨ ᠶᠠᠷᠢᠶᠠᠨ ᠳ᠋ᠤ᠌ ᠪᠡᠨ《ᠪᠢ ᠪᠤᠯ ᠴᠠᠭ ᠢ᠋ ᠲᠤᠢᠯ ᠢ᠋ᠶ᠋ᠠᠷ ᠨᠠᠨᠳᠢᠩᠨᠠᠳᠠᠭ ᠬᠦᠮᠦᠨ ᠰᠢᠦ᠂ ᠨᠢᠭᠡ ᠮᠢᠨᠦ᠋ᠲ ᠢ᠋ ᠴᠦ᠍ ᠰᠦᠢᠳᠭᠡᠵᠦ ᠪᠣᠯᠬᠤ ᠦᠭᠡᠢ》 ᠭᠡᠵᠦ ᠶᠠᠷᠢᠵᠤ ᠪᠠᠢᠯ᠎ᠠ᠃

  《ᠪᠢ ᠬᠡᠷᠪᠡ ᠪᠤᠢ ᠪᠦᠬᠦᠢ ᠰᠣᠨᠢᠷᠬᠠᠯ ᠳᠣᠲᠣᠷ᠎ᠠ ᠡᠴᠡ ᠬᠣᠶᠠᠷ ᠢ᠋ ᠯᠠ ᠰᠣᠩᠭᠣᠬᠣ ᠭᠡᠪᠡᠯ ᠡᠩ ᠲᠡᠷᠢᠭᠦᠨ ᠳ᠋ᠦ᠍ ᠨᠣᠮ ᠤᠩᠰᠢᠬᠤ ᠶ᠋ᠢ ᠰᠣᠩᠭᠣᠵᠣ᠂ ᠳᠠᠷᠠᠭᠠᠯᠠᠪᠠᠯ ᠵᠢᠭᠤᠯᠴᠢᠯᠠᠯ ᠢ᠋ ᠰᠣᠩᠭᠣᠨ᠎ᠠ》ᠭᠡᠵᠦ ᠢᠥᠢ ᠮᠢᠨ ᠬᠤᠨᠭ ᠬᠡᠯᠡᠭᠰᠡᠨ ᠪᠠᠢᠨ᠎ᠠ᠃

  ᠲᠡᠭᠡᠪᠡᠯ ᠢᠥᠢ ᠮᠢᠨ ᠬᠤᠩ ᠶᠠᠭᠤᠨ ᠤ᠋ ᠤᠴᠢᠷ ᠠ᠋ᠴᠠ ᠡᠨᠡ ᠮᠡᠲᠦ ᠨᠣᠮ ᠤᠩᠰᠢᠬᠤ ᠳᠤᠷᠠᠲᠠᠢ ᠪᠠᠢᠳᠠᠭ ᠪᠤᠢ?

  《ᠪᠢ ᠪᠤᠯ ᠲᠠᠷᠢᠶᠠᠴᠢᠨ ᠤ᠋ ᠬᠡᠦᠬᠡᠳ᠂ ᠪᠠᠭ᠎ᠠ ᠵᠢᠨ ᠦᠶ᠎ᠡ ᠳ᠋ᠦ᠍ ᠣᠯᠵᠣ ᠦᠵᠡᠬᠦ ᠨᠣᠮ ᠳᠠᠩᠴᠤ ᠬᠢᠵᠠᠭᠠᠷ ᠲᠠᠢ᠂ ᠶᠡᠬᠡ ᠰᠤᠷᠭᠠᠭᠤᠯᠢ ᠳ᠋ᠤ᠌ ᠰᠢᠯᠭᠠᠬᠤ ᠡᠴᠡ ᠡᠮᠦᠨ᠎ᠡ ᠤᠩᠰᠢᠳᠠᠭ ᠨᠣᠮ ᠨᠢ ᠬᠢᠴᠢᠶᠡᠯ ᠦ᠋ᠨ ᠪᠢᠴᠢᠭ ᠯᠡ ᠪᠠᠢᠯ᠎ᠠ᠃ ᠪᠡᠭᠡᠵᠢᠩ ᠶᠡᠬᠡ ᠰᠤᠷᠭᠠᠭᠤᠯᠢ ᠳ᠋ᠤ᠌ ᠰᠢᠯᠭᠠᠨ ᠣᠷᠣᠭᠰᠠᠨ ᠤ᠋ ᠳᠠᠷᠠᠭ᠎ᠠ ᠮᠠᠰᠢ ᠣᠯᠠᠨ ᠨᠣᠮ ᠦᠵᠡᠵᠡᠢ᠂ ᠡᠨᠡ ᠬᠦ᠌ ᠳᠠᠳᠭᠠᠯ ᠢ᠋ᠶ᠋ᠠᠨ ᠪᠠᠷᠢᠮᠲᠠᠯᠠᠭᠰᠠᠭᠠᠷ ᠯᠠ ᠪᠠᠢᠭ᠎ᠠ》ᠭᠡᠵᠦ ᠠᠬᠤᠢ ᠲᠠᠯᠠᠪᠠᠢ ᠳ᠋ᠤ᠌ ᠢᠥᠢ ᠮᠢᠨ ᠬᠤᠨᠭ ᠰᠡᠳᠭᠢᠯ ᠢ᠋ᠶ᠋ᠡᠨ ᠠᠭᠤᠳᠠᠯᠠᠨ ᠶᠠᠷᠢᠵᠦ ᠪᠠᠢᠯ᠎ᠠ᠃

  《ᠨᠣᠮ ᠤᠩᠰᠢᠬᠤ ᠪᠣᠯ ᠮᠢᠨᠤ ᠬᠠᠮᠤᠭ ᠤ᠋ᠨ ᠶᠡᠬᠡ ᠳᠤᠷ᠎ᠠ ᠪᠠᠬ᠎ᠠ ᠶᠤᠮ᠃》ᠲᠡᠭᠦᠨ ᠦ᠌ ᠦᠵᠡᠬᠦ ᠪᠠᠷ《ᠴᠠᠭ ᠮᠦᠴᠡ ᠪᠡᠨ ᠬᠢᠵᠦ ᠪᠠᠢᠭ᠎ᠠ ᠠᠵᠢᠯ ᠤ᠋ᠨ ᠢᠷᠡᠭᠡᠳᠦᠢ ᠶ᠋ᠢᠨ ᠬᠥᠭᠵᠢᠯᠲᠡ ᠳᠡᠭᠡᠷ᠎ᠡ ᠪᠠᠨ ᠵᠠᠷᠤᠴᠠᠭᠤᠯᠬᠤ ᠪᠤᠯ ᠨᠢᠭᠡᠨ ᠵᠣᠯ ᠵᠠᠪᠰᠢᠶᠠᠨ ᠪᠣᠯᠣᠨ᠎ᠠ》᠃

  ᠢᠥᠢ ᠮᠢᠨ ᠬᠤᠨᠭ ᠳ᠋ᠤ᠌ ᠠᠪᠴᠤ ᠬᠡᠯᠡᠪᠡᠯ ᠨᠣᠮ ᠤᠩᠰᠢᠬᠤ ᠨᠢ ᠨᠡᠭᠡᠷᠡᠨ ᠴᠦ᠍ ᠥᠪᠡᠷ ᠦ᠋ᠨ ᠬᠢ ᠨᠢ ᠬᠤᠪᠢ ᠵᠠᠶᠠᠭ᠎ᠠ ᠶ᠋ᠢ ᠬᠤᠪᠢᠷᠠᠭᠤᠯᠤᠭᠰᠠᠨ ᠪᠠᠢᠨ᠎ᠠ᠂ ᠲᠠᠷᠢᠶᠠᠴᠢᠨ ᠤ᠋ ᠬᠡᠦᠬᠡᠳ ᠡᠴᠡ ᠡᠴᠦᠰ ᠲᠤ᠌ ᠪᠠᠨ ᠪᠡᠭᠡᠵᠢᠩ ᠶᠡᠬᠡ ᠰᠤᠷᠭᠠᠭᠤᠯᠢ ᠳ᠋ᠤ᠌ ᠰᠤᠷᠤᠯᠴᠠᠵᠤ᠂ ᠰᠤᠷᠭᠠᠭᠤᠯᠢ ᠳ᠋ᠤ᠌ ᠪᠠᠨ ᠦᠯᠡᠳᠡᠵᠦ ᠪᠠᠭᠰᠢᠯᠠᠭᠠᠳ᠂ ᠤᠯᠠᠮ ᠴᠢᠨᠠᠭᠰᠢᠲᠠ ᠰᠢᠨ ᠳ᠋ᠦᠩ ᠹᠠᠩ ᠶ᠋ᠢ ᠡᠭᠦᠰᠭᠡᠨ ᠪᠠᠢᠭᠤᠯᠵᠤ ᠬᠡᠳᠦᠨ ᠰᠠᠶ᠎ᠠ ᠬᠦᠮᠦᠨ ᠦ᠌ ᠭᠠᠳᠠᠭᠠᠳᠤ ᠳ᠋ᠤ᠌ ᠰᠤᠷᠤᠯᠴᠠᠬᠤ ᠬᠦᠰᠡᠯ ᠵᠣᠷᠢᠯ ᠢ᠋ ᠪᠡᠶᠡᠯᠡᠭᠦᠯᠵᠡᠢ᠂ ᠢᠥᠢ ᠮᠢᠨ ᠬᠤᠨᠭ ᠢ᠋ ᠣᠳᠣᠬᠠᠨ ᠤ᠋ ᠳᠤᠮᠳᠠᠳᠤ ᠤᠯᠤᠰ ᠤ᠋ᠨ ᠬᠠᠮᠤᠭ ᠤ᠋ᠨ ᠠᠮᠵᠢᠯᠲᠠ ᠳ᠋ᠤ᠌ ᠬᠦᠷᠦᠭᠰᠡᠨ《ᠰᠤᠷᠭᠠᠨ ᠬᠦᠮᠦᠵᠢᠯᠲᠡᠨ》ᠭᠡᠰᠡᠨ ᠴᠦ᠍ ᠪᠣᠯᠬᠤ ᠶᠤᠮ᠃

  《ᠪᠢ ᠪᠡᠭᠡᠵᠢᠩ ᠶᠡᠬᠡ ᠰᠤᠷᠭᠠᠭᠤᠯᠢ ᠳ᠋ᠤ᠌ ᠰᠤᠷᠤᠯᠴᠠᠵᠤ ᠪᠠᠢᠭᠰᠠᠨ᠂ ᠪᠢᠴᠢᠭ ᠵᠢᠭᠠᠵᠤ ᠪᠠᠢᠭᠰᠠᠨ ᠡᠳᠦᠷ ᠦ᠋ᠳ ᠢ᠋ᠶ᠋ᠡᠨ ᠮᠠᠰᠢᠲᠠ ᠳᠤᠷᠠᠰᠤᠨ ᠰᠠᠨᠠᠭᠠᠯᠵᠠᠳᠠᠭ᠃》《ᠳᠤᠬᠠᠢ ᠶ᠋ᠢᠨ ᠵᠢᠯ ᠤ᠋ᠳ ᠲᠤ᠌ ᠪᠡᠭᠡᠵᠢᠩ ᠶᠡᠬᠡ ᠰᠤᠷᠭᠠᠭᠤᠯᠢ ᠳ᠋ᠤ᠌ ᠪᠠᠢᠬᠤ ᠦᠶᠡᠰ ᠬᠠᠮᠤᠭ ᠤ᠋ᠨ ᠰᠠᠢᠬᠠᠨ ᠰᠠᠨᠠᠭᠳᠠᠳᠠᠭ ᠨᠢ ᠶᠡᠬᠡ ᠬᠡᠮᠵᠢᠶᠡᠨ ᠦ᠌ ᠴᠠᠭ ᠢ᠋ᠶ᠋ᠠᠨ ᠣᠷᠣᠨ ᠳᠡᠭᠡᠷ᠎ᠡ ᠪᠡᠨ ᠬᠡᠪᠲᠡᠨ ᠨᠣᠮ ᠤᠩᠰᠢᠬᠤ ᠪᠤᠶᠤ ᠭᠠᠳᠠᠭᠰᠢ ᠭᠠᠷᠴᠤ ᠵᠢᠭᠤᠯᠴᠢᠯᠠᠬᠤ ᠪᠣᠯᠣᠨ᠎ᠠ》ᠭᠡᠵᠦ ᠢᠥᠢ ᠮᠢᠨ ᠬᠤᠩ ᠲᠤᠰ ᠡᠳᠦᠷ ᠦ᠋ᠨ ᠶᠠᠷᠢᠶᠠᠨ ᠳ᠋ᠤ᠌  ᠪᠠᠨ ᠳᠤᠷᠠᠳᠴᠤ ᠪᠢᠯᠡ᠃

  ᠣᠯᠠᠨ ᠵᠢᠯ ᠤ᠋ᠨ ᠨᠣᠮ ᠤᠩᠰᠢᠭᠰᠠᠨ ᠥᠩᠭᠡᠷᠡᠯᠲᠡ ᠨᠢ ᠴᠦ᠍ ᠢᠥᠢ ᠮᠢᠨ ᠬᠤᠩ ᠢ᠋ ᠥᠰᠥᠳ ᠥᠭᠡᠷ᠎ᠡ ᠥᠷᠲᠡᠭ ᠦ᠋ᠨ ᠦᠵᠡᠯᠲᠡ ᠲᠡᠢ ᠪᠣᠯᠭᠠᠭᠰᠠᠨ ᠪᠠᠢᠨ᠎ᠠ᠃

  《ᠴᠠᠢᠯᠭᠠᠨ᠂ ᠢᠲᠡᠭᠡᠮᠵᠢᠲᠠᠢ᠂ ᠳᠠᠷᠤᠤ ᠪᠣᠯ ᠮᠢᠨᠣ ᠠᠮᠢᠳᠤᠷᠠᠯ ᠤ᠋ᠨ ᠶᠠᠪᠤᠴᠠ ᠳᠤᠮᠳᠠ ᠬᠠᠮᠤᠭ ᠤ᠋ᠨ ᠡᠷᠬᠢᠮᠯᠡᠳᠡᠭ ᠵᠦᠢᠯ ᠶᠤᠮ》ᠭᠡᠵᠦ ᠢᠥᠢ ᠮᠢᠨ ᠬᠤᠨᠭ ᠶᠠᠷᠢᠵᠤ ᠪᠠᠢᠯ᠎ᠠ᠃

  ᠲᠡᠷᠡ ᠪᠡᠷ ᠰᠠᠢᠨ ᠨᠠᠢᠵᠠ ᠯᠢᠶᠠᠩ ᠰᠢᠶᠤᠤ ᠱᠧᠩ ᠤ᠋ᠨ ᠬᠡᠯᠡᠭᠰᠡᠨ《ᠳᠣᠲᠣᠷ᠎ᠠ ᠨᠢ ᠬᠠᠳᠠᠩᠰᠢᠭᠰᠠᠨ ᠪᠤᠯᠪᠠᠰᠤᠷᠠᠯ᠂ ᠰᠠᠨᠠᠭᠤᠯᠬᠤ ᠴᠢᠬᠤᠯᠠ ᠦᠭᠡᠢ ᠤᠬᠠᠮᠰᠠᠷ᠂ ᠬᠢᠵᠠᠭᠠᠷᠯᠠᠯ ᠢ᠋ᠶ᠋ᠠᠷ ᠤᠷᠢᠳᠠᠯ ᠪᠣᠯᠭᠠᠭᠰᠠᠨ ᠡᠷᠬᠡ ᠴᠢᠯᠦᠭᠡ᠂ ᠪᠤᠰᠤᠳ ᠤ᠋ᠨ ᠲᠥᠯᠥᠭᠡ ᠪᠣᠳᠣᠳᠠᠭ ᠴᠠᠢᠯᠭᠠᠨ ᠰᠡᠳᠭᠢᠯ》ᠭᠡᠰᠡᠨ ᠢ᠋ ᠡᠰᠢ ᠲᠠᠲᠠᠨ《ᠡᠨᠡ ᠪᠣᠯ ᠳᠠᠷᠤᠢ ᠮᠢᠨᠤ ᠢᠮᠠᠭᠲᠠ ᠬᠥᠭᠡᠭᠡᠴᠡᠯᠳᠦᠭᠰᠡᠭᠡᠷ ᠢᠷᠡᠭᠰᠡᠨ ᠬᠦᠮᠦᠨ ᠪᠣᠯᠬᠤ ᠵᠣᠷᠢᠯᠲᠠ ᠪᠣᠯᠣᠨ᠎ᠠ》ᠭᠡᠵᠡᠢ᠃

  ᠳᠤᠷᠠᠳᠤᠭᠤᠰᠢᠲᠠᠢ ᠨᠢ ᠢᠥᠢ ᠮᠢᠨ ᠬᠤᠩ ᠪᠣᠯ ᠪᠠᠰᠠ ᠴᠤ᠌ ᠣᠳᠣᠬᠠᠨ ᠤ᠋ ᠳᠤᠮᠳᠠᠳᠤ ᠤᠯᠤᠰ ᠤ᠋ᠨ ᠦᠢ ᠲᠦᠮᠡᠨ ᠵᠠᠯᠠᠭᠤᠴᠤᠳ ᠪᠠᠭᠠᠴᠤᠳ ᠤ᠋ᠨ《 ᠵᠣᠷᠢᠭᠲᠠᠨ ᠠᠬ᠎ᠠ》ᠪᠣᠯᠣᠨ᠎ᠠ᠃

  2013 ᠣᠨ ᠤ᠋ 5 ᠰᠠᠷ᠎ᠠ ᠶ᠋ᠢᠨ 17 ᠳ᠋ᠤ᠌᠂ ᠴᠧᠨ ᠺᠧ ᠰᠢᠨ ᠦ᠌ ᠤᠳᠤᠷᠢᠳᠤᠭᠠᠭᠰᠠᠨ ᠵᠠᠯᠠᠭᠤᠴᠤᠳ ᠤ᠋ᠨ ᠵᠣᠷᠢᠭᠯᠠᠯ ᠵᠥᠴᠦᠭᠡ《ᠳᠤᠮᠳᠠᠳᠤ ᠤᠯᠤᠰ ᠤ᠋ᠨ ᠬᠣᠷᠰᠢᠭᠴᠢ》ᠨᠢ ᠦᠵᠡᠭᠴᠢᠳ ᠲᠡᠢ ᠨᠢᠭᠤᠷ ᠵᠣᠯᠭᠠᠵᠠᠢ᠂ ᠲᠤᠰ ᠺᠢᠨᠤ᠋ ᠪᠣᠯ ᠰᠢᠨ ᠳ᠋ᠦᠩ ᠹᠠᠩ ᠤ᠋ᠨ ᠠᠲᠠᠯ ᠪᠣᠰᠭᠠᠭᠰᠠᠨ ᠦᠯᠢᠭᠡᠷ ᠢ᠋ᠶ᠋ᠡᠷ ᠭᠣᠣᠯ ᠰᠢᠵᠢᠮ ᠪᠣᠯᠭᠠᠵᠤ᠂ ᠢᠥᠢ ᠮᠢᠨ ᠬᠤᠩ ᠪᠠ ᠰᠢᠥᠢ ᠰᠢᠶᠤᠤ ᠫᠢᠩ᠂ ᠸᠠᠩ ᠴᠢᠶᠠᠩ ᠭᠤᠷᠪᠠᠨ ᠬᠦᠮᠦᠨ ᠦ᠌ ᠰᠢᠨ ᠳ᠋ᠦᠩ ᠹᠠᠩ ᠳ᠋ᠤ᠌ ᠪᠠᠨ ᠬᠠᠮᠲᠤ  ᠪᠠᠷ ᠮᠡᠷᠡᠢᠨ ᠴᠢᠷᠮᠠᠢᠭᠰᠠᠨ ᠪᠠ ᠠᠬ᠎ᠠ ᠳᠡᠭᠦᠦ ᠶ᠋ᠢᠨ ᠬᠠᠢᠷ᠎ᠠ ᠰᠡᠳᠭᠢᠯᠭᠡ ᠵᠡᠷᠭᠡ ᠪᠡᠷ ᠪᠣᠷᠣ ᠮᠠᠲ᠋ᠧᠷᠢᠶᠠᠯ ᠪᠣᠯᠭᠠᠨ ᠵᠣᠬᠢᠶᠠᠭᠰᠠᠨ ᠪᠠᠢᠨ᠎ᠠ᠃

  《ᠵᠥᠴᠦᠭᠡ ᠳ᠋ᠡᠬᠢ ᠰᠢᠨ ᠳ᠋ᠦᠩ ᠹᠠᠩ ᠤ᠋ᠨ ᠬᠠᠲᠠᠭᠤᠵᠢᠯᠲᠠᠢ ᠪᠠᠷ ᠠᠲᠠᠯ ᠪᠣᠰᠭᠠᠭᠰᠠᠨ ᠥᠩᠭᠡᠷᠡᠯᠲᠡ ᠨᠢ ᠦᠨᠳᠦᠰᠦᠨ ᠳ᠋ᠤ᠌ ᠪᠠᠨ ᠴᠥᠮ ᠪᠤᠳᠠᠲᠠᠢ ᠵᠦᠢᠯ᠂ ᠪᠢ ᠬᠣᠶᠠᠷ ᠬᠠᠮᠲᠤᠷᠠᠭᠴᠢ ᠶ᠋ᠢᠨ ᠵᠢᠨᠨ ᠣᠷᠣᠯᠴᠠᠯᠭ᠎ᠠ ᠳ᠋ᠤ᠌ ᠲᠤᠢᠯ ᠢ᠋ᠶ᠋ᠠᠷ ᠲᠠᠯᠠᠷᠬᠠᠨ᠎ᠠ᠂ ᠭᠡᠪᠡᠴᠦ ᠪᠤᠳᠠᠲᠤ ᠠᠮᠢᠳᠤᠷᠠᠯ ᠳᠤᠮᠳᠠᠬᠢ ᠪᠢ ᠴᠢᠨᠢ ᠵᠥᠴᠥᠭᠡ ᠳ᠋ᠡᠬᠢ ᠡᠴᠡ ᠪᠡᠨ ᠨᠡᠩ ᠯᠡ ᠭᠢᠯᠠᠷᠠᠮ᠎ᠠ ᠶᠤᠮ ᠳᠡ》ᠭᠡᠵᠦ ᠬᠡᠯᠡᠮᠡᠭᠴᠡ ᠪᠡᠨ ᠢᠥᠢ ᠮᠢᠨ ᠬᠤᠨᠭ ᠬᠠᠳᠠᠭᠠᠨᠠᠳᠠᠯ᠎ᠠ ᠢᠨᠢᠶᠡᠪᠡ᠃

  ᠨᠠᠢᠷᠠᠭᠤᠯᠤᠭᠴᠢ/ ᠰᠤᠷᠪᠤᠯᠵᠢᠯᠠᠭᠴᠢ᠄ ᠭᠣᠷᠤᠬ᠎ᠠ   ᠼᠤᠤ ᠴᠢᠶᠠᠨ

  ᠣᠷᠴᠢᠭᠤᠯᠤᠭᠴᠢ᠄ ᠪᠣᠯᠣᠳ

  ᠳᠤᠮᠳᠠᠳᠤ ᠤᠯᠤᠰ ᠤ᠋ᠨ ᠰᠣᠨᠢᠨ ᠮᠡᠳᠡᠭᠡ ᠨᠧᠲ ᠠ᠋ᠴᠠ ᠣᠷᠴᠢᠭᠤᠯᠤᠨ ᠨᠡᠢᠳᠡᠯᠡᠪᠡ

 

 

 

(ᠬᠠᠷᠢᠭᠤᠴᠠᠭᠰᠠᠨ ᠨᠠᠢᠷᠠᠭᠤᠯᠤᠭᠴᠢ : ᠤᠷᠢᠬᠠᠨ)

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠦᠪᠦᠷ
ᠮᠤᠩᠭ᠋ᠤᠯ ᠤᠨ
ᠬᠡᠪᠯᠡᠯ ᠤ᠋ᠨ
ᠪᠦᠯᠦᠭᠯᠡᠯ
ᠬᠡᠪᠯᠡᠯ ᠤ᠋ᠨ
ᠡᠷᠬᠡ ᠲᠡᠢ
ᠦᠪᠦᠷ
ᠮᠤᠩᠭ᠋ᠤᠯ ᠤᠨ
ᠮᠤᠨᠢ
ᠨᠡᠷᠡᠮᠵᠢᠲᠦ
ᠰᠤᠶᠤᠯ ᠤᠨ
ᠵᠠᠭᠤᠴᠢ
ᠪᠦᠷᠢᠨ 
ᠪᠤᠰᠤ
ᠬᠠᠷᠢᠭᠤᠴᠠᠯᠭᠠᠳᠤ 
ᠺᠤᠮᠫᠠᠨᠢ
ᠲᠦᠰᠦᠪᠯᠡᠨ
ᠦᠢᠯᠡᠳᠪᠡ
ᠦᠪᠦᠷ
ᠮᠤᠩᠭ᠋ᠤᠯ ᠤᠨ
ᠳᠡᠯᠡᠬᠡᠢ
ᠮᠡᠳᠡᠭᠡ
ᠵᠠᠩᠬᠢ
ᠮᠡᠷᠭᠡᠵᠢᠯ ᠤᠨ
ᠬᠢᠵᠠᠭᠠᠷᠲᠤ
ᠺᠤᠮᠫᠠᠨᠢ
ᠮᠡᠷᠭᠡᠵᠢᠯ
ᠬᠠᠩᠭ᠋ᠠᠪᠠ
ᠬᠠᠶᠢ᠍ᠭ᠄
ᠦᠪᠦᠷ
ᠮᠤᠩᠭ᠋ᠤᠯ ᠤᠨ
ᠦᠪᠡᠷᠲᠡᠭᠡᠨ
ᠵᠠᠰᠠᠬᠤ
ᠤᠷᠤᠨ ᠤ
ᠬᠦᠬᠡᠬᠤᠳᠠ ᠵᠢᠨ ᠰᠢᠨ᠎ᠡ
ᠬᠤᠲᠠ
ᠲᠤᠭᠤᠷᠢᠭ ᠤᠨ
ᠰᠢᠩᠬᠤᠸᠠ
ᠵᠡᠬᠦᠨ
ᠵᠡᠭᠡᠯᠢ ᠵᠢᠨ
89ᠨᠤᠮᠧᠷ
ᠦᠪᠤᠷ
ᠮᠤᠩᠭ᠋ᠤᠯ ᠤᠨ
ᠬᠡᠪᠯᠡᠯ ᠤᠨ
ᠪᠦᠯᠦᠭᠯᠡᠯ
蒙ICP 备0500604