26᠎ᠳᠤᠭᠠᠷ ᠬᠤᠭᠤᠴᠠᠭᠠᠨ᠎ᠤ ᠪᠡᠭᠡᠵᠢᠩ᠎ᠦᠨ ᠤᠯᠠᠨ ᠤᠯᠤᠰ᠎ᠤᠨ ᠨᠣᠮ ᠪᠢᠴᠢᠭ᠎ᠤᠨ ᠦᠵᠡᠰᠭᠦᠯᠡᠩ ᠵᠢᠴᠢ 17 ᠳ᠋ᠤᠭᠠᠷ ᠬᠤᠭᠤᠴᠠᠭᠠᠨ᠎ᠤ ᠪᠡᠭᠡᠵᠢᠩ᠎ᠦᠨ ᠤᠯᠠᠨ ᠤᠯᠤᠰ᠎ᠤᠨ ᠨᠣᠮ ᠪᠢᠴᠢᠭ᠎ᠤᠨ ᠨᠠᠢᠷ᠎ᠤᠨ ᠴᠤᠭᠯᠠᠭᠠᠨ ᠪᠡᠭᠡᠵᠢᠩ᠎ᠳᠤ ᠦᠪᠡᠳᠡᠭᠱᠢ ᠶᠡᠬᠡᠪᠡᠷ ᠶᠠᠪᠤᠭᠳᠠᠪᠠ᠃ ᠡᠨᠡ ᠤᠳᠠᠭᠠᠨ᠎ᠤ ᠴᠤᠭᠯᠠᠭᠠᠨ᠎ᠨᠢ ᠳᠤᠳᠤᠭᠠᠳᠤ ᠭᠠᠳᠠᠭᠠᠳᠤ᠎ᠶᠢᠨ ᠬᠡᠪᠯᠡᠯ᠎ᠦᠨ ᠬᠦᠷᠢᠶᠡᠨ᠎ᠤ ᠰᠣᠶᠤᠯ᠎ᠤᠨ ᠰᠣᠯᠢᠯᠴᠠᠭ᠎ᠠ᠎ᠶᠢ ᠢᠳᠡᠪᠬᠢᠳᠡᠢ ᠠᠬᠢᠭᠤᠯᠤᠨ᠂ 《ᠨᠢᠭᠡ ᠪᠦᠰᠡ ᠨᠢᠭᠡ ᠵᠠᠮ》᠎ᠤᠨ ᠰᠠᠨᠠᠭᠠᠴᠢᠯᠠᠭ᠎ᠠ᠎ᠶᠢ ᠴᠤᠤᠷᠢᠶᠠᠳᠤᠨ ᠦᠢᠯᠡᠳᠦᠯᠭᠡᠵᠢᠭᠦᠯᠬᠦ᠎ᠪᠡᠷ ᠭᠣᠤᠯ ᠵᠤᠷᠢᠯᠳᠠ᠎ᠪᠠᠨ ᠪᠣᠯᠭᠠᠭᠰᠠᠨ᠎ᠶᠤᠮ᠃ ᠡᠨᠡ ᠳᠣᠬᠢᠶᠠᠯ᠎ᠢᠶᠠᠷ ᠳᠠᠮᠵᠢᠭᠤᠯᠤᠨ ᠥᠪᠦᠷ ᠮᠣᠩᠭᠤᠯ᠎ᠤᠨ ᠰᠤᠷᠭᠠᠨ ᠬᠥᠮᠦᠵᠢᠯ᠎ᠦᠨ ᠬᠡᠪᠯᠡᠯ᠎ᠦᠨ ᠬᠣᠷᠢᠶ᠎ᠠ᠂ ᠴᠠᠩ ᠵᠢᠶᠠᠩ ᠪᠠᠭᠠᠴᠤᠳ ᠬᠡᠦᠬᠡᠳ᠎ᠦᠨ ᠬᠡᠪᠯᠡᠯ᠎ᠦᠨ ᠬᠣᠷᠢᠶ᠎ᠠ᠂ ᠮᠣᠩᠭᠤᠯ ᠤᠯᠤᠰ᠎ᠤᠨ ᠠᠨᠳᠠ ᠺᠣᠮᠫᠠᠨᠢ 8 ᠰᠠᠷ᠎ᠠ᠎ᠶᠢᠨ 22᠎ᠤᠨ ᠦᠳᠡ᠎ᠶᠢᠨ ᠡᠮᠦᠨ᠎ᠡ ᠳᠤᠮᠳᠠᠳᠤ ᠤᠯᠤᠰ᠎ᠤᠨ ᠤᠯᠠᠨ ᠤᠯᠤᠰ᠎ᠤᠨ ᠦᠵᠡᠰᠭᠦᠯᠡᠩ᠎ᠤᠨ ᠲᠥᠪ᠎ᠲᠦ 《ᠵᠠᠭᠤᠨ ᠵᠢᠯ᠎ᠤᠨ ᠵᠠᠭᠤᠨ ᠪᠦᠳᠦᠬᠡᠯ》 ᠴᠤᠪᠤᠷᠠᠯ ᠨᠣᠮ᠎ᠢ ᠺᠢᠷᠢᠯ᠎ᠢᠶᠠᠷ ᠬᠡᠪᠯᠡᠭᠦᠯᠬᠦ ᠬᠡᠪᠯᠡᠯ᠎ᠦᠨ ᠡᠷᠬᠡ᠎ᠶᠢᠨ ᠵᠥᠪᠱᠢᠶᠡᠷᠡᠯ ᠣᠯᠭᠤᠬᠤ ᠶᠣᠰᠤᠯᠠᠯ᠎ᠢ ᠶᠠᠪᠤᠭᠳᠠᠭᠤᠯᠤᠭᠰᠠᠨ ᠪᠠᠢᠨ᠎ᠠ᠃ ᠡᠨᠡ ᠪᠣᠯ ᠴᠠᠩ ᠵᠢᠶᠠᠩ ᠳᠠᠮᠵᠢᠭᠤᠯᠬᠤ ᠵᠠᠭᠤᠴᠢ᠎ᠶᠢᠨ ᠪᠦᠯᠦᠭᠯᠡᠯ ᠪᠣᠯᠤᠨ ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠦᠨ ᠬᠠᠮᠳᠤ᠎ᠶᠢᠨ ᠴᠢᠷᠮᠠᠢᠯᠭ᠎ᠠ᠎ᠶᠢᠨ ᠦᠷ᠎ᠡ ᠳ᠋ᠦᠩ᠂ 《ᠨᠢᠭᠡ ᠪᠦᠰᠡ ᠨᠢᠭᠡ ᠵᠠᠮ》᠎ᠤᠨ ᠰᠠᠨᠠᠭᠠᠴᠢᠯᠠᠭ᠎ᠠ᠎ᠶᠢ ᠴᠤᠤᠷᠢᠶᠠᠳᠤᠨ ᠳᠠᠭᠠᠭᠰᠠᠨ ᠪᠤᠳᠠᠳᠤ ᠦᠢᠯᠡ ᠠᠵᠢᠯᠯᠠᠭ᠎ᠠ᠂ ᠮᠦᠨᠴᠤ ᠪᠢᠳᠡᠨ᠎ᠦ 《ᠭᠠᠳᠠᠭᠱᠢ ᠭᠠᠷᠭᠠᠬᠤ》 ᠬᠦᠭᠵᠢᠯᠳᠠ᠎ᠶᠢᠨ ᠪᠠᠢᠯᠳᠤᠬᠤ ᠪᠣᠳᠤᠯᠭ᠎ᠠ᠎ᠶᠢᠨ ᠴᠢᠬᠤᠯᠠ ᠠᠷᠭ᠎ᠠ ᠬᠡᠮᠵᠢᠶ᠎ᠡ ᠪᠣᠯᠤᠨ᠎ᠠ᠃
ᠦᠵᠡᠭᠦᠯᠭᠡ᠎ᠶᠢᠨ ᠳᠢᠩᠭᠢᠮ ᠪᠦᠬᠦ ᠤᠯᠤᠰ᠎ᠤᠨ ᠡᠯ᠎ᠡ ᠭᠠᠵᠠᠷ᠎ᠡᠴᠡ ᠬᠦᠷᠦᠯᠴᠡᠨ ᠢᠷᠡᠭᠰᠡᠨ ᠤᠩᠱᠢᠭᠴᠢᠳ ᠪᠣᠯᠤᠨ ᠬᠡᠪᠯᠡᠯ᠎ᠦᠨ ᠠᠵᠢᠯᠳᠠᠳ᠎ᠢᠶᠠᠷ ᠳᠦᠭᠦᠷᠴᠦ ᠪᠠᠢᠯ᠎ᠠ᠃ ᠳᠤᠮᠳᠠᠳᠤ ᠤᠯᠤᠰ᠎ᠤᠨ ᠬᠡᠪᠯᠡᠯ᠎ᠦᠨ ᠨᠡᠢᠭᠡᠮᠯᠢᠭ᠎ᠦᠨ ᠪᠠᠢᠩᠭᠤ᠎ᠶᠢᠨ ᠳᠡᠳ ᠬᠡᠷᠡᠭ ᠡᠷᠬᠢᠯᠡᠭᠴᠢᠳ᠎ᠦᠨ ᠳᠠᠷᠤᠭᠠᠦ ᠱᠦ ᠯᠢᠨ᠂ ᠥᠪᠦᠷ ᠮᠣᠩᠭᠤᠯ᠎ᠤᠨ ᠦᠪᠡᠷᠳᠡᠬᠡᠨ ᠵᠠᠰᠠᠬᠤ ᠣᠷᠤᠨ᠎ᠤ ᠨᠠᠮ᠎ᠤᠨ ᠬᠣᠷᠢᠶᠠᠨ᠎ᠤ ᠤᠬᠠᠭᠤᠯᠬᠤ ᠬᠡᠯᠳᠡᠰ᠎ᠦᠨ ᠳᠡᠳ ᠳᠠᠷᠤᠭ᠎ᠠ ᠦᠨᠡᠨᠴᠢ᠂ ᠬᠤᠪᠸᠢ ᠮᠤᠵᠢ᠎ᠶᠢᠨ ᠨᠠᠮ᠎ᠤᠨ ᠬᠣᠷᠢᠶᠠᠨ᠎ᠤ ᠤᠬᠠᠭᠤᠯᠬᠤ ᠬᠡᠯᠳᠡᠰ᠎ᠦᠨ ᠳᠡᠳ ᠳᠠᠷᠤᠭ᠎ᠠ ᠴᠸᠨ ᠱᠦ ᠯᠢᠨ᠂ ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠦᠨ ᠨᠠᠮ᠎ᠤᠨ ᠬᠣᠷᠢᠶᠠᠨ᠎ᠤ ᠱᠦᠵᠢ᠂ ᠬᠡᠷᠡᠭ ᠮᠡᠳᠡᠭᠴᠢᠳ᠎ᠦᠨ ᠳᠠᠷᠤᠭ᠎ᠠ ᠱᠤᠸᠠᠩ ᠯᠦᠩ᠂ ᠴᠠᠩ ᠵᠢᠶᠠᠩ ᠬᠡᠪᠯᠡᠯ᠎ᠦᠨ ᠪᠦᠯᠦᠭᠯᠡᠯ᠂ ᠴᠠᠩ ᠵᠢᠶᠠᠩ ᠬᠡᠪᠯᠡᠯ᠎ᠦᠨ ᠳᠠᠮᠵᠢᠭᠤᠯᠬᠤ ᠵᠠᠭᠤᠴᠢ᠎ᠶᠢᠨ ᠬᠤᠪᠢ ᠣᠷᠤᠭᠤᠯᠤᠭᠰᠠᠨ ᠬᠢᠵᠠᠭᠠᠷᠳᠤ ᠺᠣᠮᠫᠠᠨᠢ᠎ᠶᠢᠨ ᠨᠠᠮ᠎ᠤᠨ ᠬᠣᠷᠢᠶᠠᠨ᠎ᠤ ᠱᠦᠵᠢ᠂ ᠬᠡᠷᠡᠭ ᠮᠡᠳᠡᠭᠴᠢᠳ᠎ᠦᠨ ᠳᠠᠷᠤᠭ᠎ᠠ ᠴᠧᠨᠢ ᠭᠦᠤᠸ᠂ ᠴᠠᠩ ᠵᠢᠶᠠᠩ ᠬᠡᠪᠯᠡᠯ᠎ᠦᠨ ᠳᠠᠮᠵᠢᠭᠤᠯᠬᠤ ᠵᠠᠭᠤᠴᠢ᠎ᠶᠢᠨ ᠬᠤᠪᠢ ᠣᠷᠤᠭᠤᠯᠤᠭᠰᠠᠨ ᠬᠢᠵᠠᠭᠠᠷᠳᠤ ᠺᠣᠮᠫᠠᠨᠢ᠎ᠶᠢᠨ ᠶᠡᠷᠦᠩᠬᠡᠢ ᠳᠠᠭᠠᠭᠠᠮᠠᠯ ᠴᠢᠦ ᠵᠢᠤᠢ ᠱᠸᠩ᠂ ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠦᠨ ᠶᠡᠷᠦᠩᠬᠡᠢ ᠨᠠᠢᠷᠠᠭᠤᠯᠤᠭᠴᠢ ᠴᠡᠴᠡᠭ᠂ ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠦᠨ ᠪᠠᠢᠩᠭᠤ᠎ᠶᠢᠨ ᠳᠡᠳ ᠶᠡᠷᠦᠩᠬᠡᠢ ᠳᠠᠭᠠᠭᠠᠮᠠᠯ᠂ ᠥᠪᠦᠷ ᠮᠣᠩᠭᠤᠯ᠎ᠤᠨ ᠰᠤᠷᠭᠠᠨ ᠬᠥᠮᠦᠵᠢᠯ᠎ᠦᠨ ᠬᠡᠪᠯᠡᠯ᠎ᠦᠨ ᠬᠣᠷᠢᠶᠠᠨ᠎ᠤ ᠳᠠᠷᠤᠭ᠎ᠠ ᠦ᠊·ᠰᠣᠶᠤᠯ᠂ ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠦᠨ ᠶᠡᠷᠦᠩᠬᠡᠢ ᠨᠠᠢᠷᠠᠭᠤᠯᠤᠭᠴᠢ᠎ᠶᠢᠨ ᠳᠤᠰᠠᠯᠠᠭᠴᠢ᠂ ᠶᠡᠷᠦᠩᠬᠡᠢ ᠠᠵᠢᠯ ᠶᠠᠪᠤᠳᠠᠯ᠎ᠤᠨ ᠬᠡᠯᠳᠡᠰ᠎ᠦᠨ ᠡᠷᠬᠢᠯᠡᠭᠴᠢ ᠬᠤᠸᠠᠩ ᠲᠤᠤ᠂ ᠴᠠᠩ ᠵᠢᠶᠠᠩ ᠪᠠᠭᠠᠴᠤᠳ ᠬᠡᠦᠬᠡᠳ᠎ᠦᠨ ᠬᠡᠪᠯᠡᠯ᠎ᠤᠨ ᠬᠣᠷᠢᠶᠠᠨ (ᠪᠦᠯᠦᠭᠯᠡᠯ)᠎ᠤ ᠬᠢᠵᠠᠭᠠᠷᠳᠤ ᠺᠣᠮᠫᠠᠨᠢ᠎ᠶᠢᠨ ᠬᠡᠷᠡᠭ ᠮᠡᠳᠡᠭᠴᠢᠳ᠎ᠦᠨ ᠳᠠᠷᠤᠭ᠎ᠠ ᠡᠾᠸ ᠯᠦᠩ᠂ ᠮᠣᠩᠭᠤᠯ ᠤᠯᠤᠰ᠎ᠤᠨ ᠠᠨᠳᠠ ᠺᠣᠮᠫᠠᠨᠢ᠎ᠶᠢᠨ ᠬᠡᠷᠡᠭ ᠮᠡᠳᠡᠭᠴᠢᠳ᠎ᠦᠨ ᠳᠠᠷᠤᠭ᠎ᠠ ᠰᠠᠢᠯᠤᠩᠬᠤᠸᠠᠷ᠂ ᠬᠤᠪᠸᠢ ᠮᠤᠵᠢ᠎ᠶᠢᠨ ᠨᠠᠮ᠎ᠤᠨ ᠬᠣᠷᠢᠶᠠᠨ᠎ᠤ ᠤᠬᠠᠭᠤᠯᠬᠤ ᠬᠡᠯᠳᠡᠰ᠎ᠦᠨ ᠬᠡᠪᠯᠡᠯ᠎ᠦᠨ ᠬᠠᠮᠢᠶᠠᠷᠤᠯᠳᠠ᠎ᠶᠢᠨ ᠭᠠᠵᠠᠷ᠎ᠤᠨ ᠨᠢᠭᠡᠳᠦᠭᠡᠷ ᠳᠡᠰ᠎ᠦᠨ ᠪᠠᠢᠴᠠᠭᠠᠨ ᠰᠤᠳᠤᠯᠤᠭᠴᠢ ᠬᠤ ᠯᠸᠢ᠂ ᠴᠠᠩ ᠵᠢᠶᠠᠩ ᠬᠡᠪᠯᠡᠯ᠎ᠦᠨ ᠳᠠᠮᠵᠢᠭᠤᠯᠬᠤ ᠵᠠᠭᠤᠴᠢ᠎ᠶᠢᠨ ᠬᠤᠪᠢ ᠣᠷᠤᠭᠤᠯᠤᠭᠰᠠᠨ ᠬᠢᠵᠠᠭᠠᠷᠳᠤ ᠺᠣᠮᠫᠠᠨᠢ᠎ᠶᠢᠨ ᠬᠡᠪᠯᠡᠯ᠎ᠦᠨ ᠠᠵᠢᠯ᠎ᠤᠨ ᠬᠡᠯᠳᠡᠰ᠎ᠦᠨ ᠳᠠᠷᠤᠭ᠎ᠠ ᠯᠢ ᠱᠢᠶᠤᠤ ᠳ᠋ᠦᠩ᠂ ᠭᠠᠳᠠᠭᠠᠳᠤ ᠬᠠᠮᠳᠤᠷᠠᠯᠴᠠᠭᠠᠨ᠎ᠤ ᠬᠡᠯᠳᠡᠰ᠎ᠦᠨ ᠳᠠᠷᠤᠭ᠎ᠠ ᠶᠠᠩ ᠺᠸᠨᠠᠷ ᠳᠤᠰ ᠤᠳᠠᠭᠠᠨ᠎ᠤ ᠠᠵᠢᠯᠯᠠᠭᠠᠨ᠎ᠳᠤ ᠣᠷᠤᠯᠴᠠᠪᠠ᠃
ᠪᠢᠳᠡ ᠳᠤᠮᠳᠠᠳᠤ ᠤᠯᠤᠰ᠎ᠤᠨ ᠵᠣᠬᠢᠶᠠᠯᠴᠢᠳ᠎ᠤᠨ ᠨᠡᠢᠭᠡᠮᠯᠢᠭ᠎ᠤᠨ ᠬᠡᠦᠬᠡᠳ᠎ᠦᠨ ᠤᠷᠠᠨ ᠵᠣᠬᠢᠶᠠᠯ᠎ᠤᠨ ᠵᠥᠪᠯᠡᠯ᠎ᠦᠨ ᠤᠤᠯ᠎ᠤᠨ ᠳᠡᠳ ᠡᠷᠬᠢᠯᠡᠭᠴᠢ᠂ ᠬᠡᠦᠬᠡᠳ᠎ᠦᠨ ᠤᠷᠠᠨ ᠵᠣᠬᠢᠶᠠᠯ᠎ᠤᠨ ᠠᠯᠳᠠᠷᠳᠤ ᠵᠣᠬᠢᠶᠠᠯᠴᠢ ᠵᠠᠩ ᡁᠢ ᠯᠤ᠂ ᠪᠡᠭᠡᠵᠢᠩ ᠶᠡᠬᠡ ᠰᠤᠷᠭᠠᠭᠤᠯᠢ᠎ᠶᠢᠨ ᠫᠷᠤᠹᠸᠰᠰᠤᠷ᠂ ᠬᠡᠦᠬᠡᠳ᠎ᠦᠨ ᠤᠷᠠᠨ ᠵᠣᠬᠢᠶᠠᠯ᠎ᠤᠨ ᠠᠯᠳᠠᠷᠳᠤ ᠵᠣᠬᠢᠶᠠᠯᠴᠢ ᠼᠤᠤ ᠸᠸᠨ ᠱᠢᠤᠸᠠᠨ᠂ ᠯᠤ ᠱᠢᠶᠦ᠋ᠨ ᠤᠳᠭ᠎ᠠ ᠵᠣᠬᠢᠶᠠᠯ᠎ᠤᠨ ᠳᠡᠭᠡᠳᠦ ᠰᠤᠷᠭᠠᠭᠤᠯᠢ᠎ᠶᠢᠨ ᠳᠡᠳ ᠵᠠᠬᠢᠷᠤᠯ᠂ ᠬᠡᠦᠬᠡᠳ᠎ᠦᠨ ᠤᠷᠠᠨ ᠵᠣᠬᠢᠶᠠᠯ᠎ᠤᠨ ᠠᠯᠳᠠᠷᠳᠤ ᠵᠣᠬᠢᠶᠠᠯᠴᠢ ᠯᠢ ᠳ᠋ᠦᠩ ᠬᠤᠸᠠ᠎ᠶᠢ ᠣᠨᠴᠠᠯᠠᠨ ᠤᠷᠢᠵᠦ᠂ ᠡᠨᠡ ᠤᠳᠠᠭᠠᠨ᠎ᠤ ᠭᠠᠷᠤᠨ ᠦᠰᠦᠭ ᠵᠢᠷᠤᠬᠤ ᠶᠣᠰᠤᠯᠠᠯ᠎ᠳᠤ ᠣᠷᠤᠯᠴᠠᠭᠤᠯᠪᠠ᠃
ᠬᠤᠷᠠᠯ᠎ᠢ ᠴᠠᠩ ᠵᠢᠶᠠᠩ ᠬᠡᠪᠯᠡᠯ᠎ᠦᠨ ᠳᠠᠮᠵᠢᠭᠤᠯᠬᠤ ᠵᠠᠭᠤᠴᠢ᠎ᠶᠢᠨ ᠬᠤᠪᠢ ᠣᠷᠤᠭᠤᠯᠤᠭᠰᠠᠨ ᠬᠢᠵᠠᠭᠠᠷᠳᠤ ᠺᠣᠮᠫᠠᠨᠢ᠎ᠶᠢᠨ ᠳᠡᠳ ᠶᠡᠷᠦᠩᠬᠡᠢ ᠳᠠᠭᠠᠭᠠᠮᠠᠯ ᠯᠢ ᠪᠢᠩ ᠡᠷᠬᠢᠯᠡᠪᠡ᠃ ᠳᠤᠮᠳᠠᠳᠤ ᠤᠯᠤᠰ᠎ᠤᠨ ᠬᠡᠪᠯᠡᠯ᠎ᠦᠨ ᠨᠠᠢᠬᠡᠮᠯᠢᠭ᠎ᠦᠨ ᠪᠠᠢᠩᠭᠤ᠎ᠶᠢᠨ ᠳᠡᠳ ᠡᠷᠬᠢᠯᠡᠭᠴᠢᠳ᠎ᠦᠨ ᠳᠠᠷᠤᠭ᠎ᠠ ᠡᠤ ᠱᠦ ᠯᠢᠨ᠂ ᠬᠤᠪᠸᠢ᠎ᠶᠢᠨ ᠴᠠᠩ ᠵᠢᠶᠠᠩ ᠬᠡᠪᠯᠡᠯ᠎ᠦᠨ ᠳᠠᠮᠵᠢᠭᠤᠯᠬᠤ ᠵᠠᠭᠤᠴᠢ᠎ᠶᠢᠨ ᠪᠦᠯᠦᠭᠯᠡᠯ᠎ᠦᠨ ᠨᠠᠮ᠎ᠤᠨ ᠬᠣᠷᠢᠶᠠᠨ᠎ᠤ ᠱᠦᠵᠢ᠂ ᠬᠡᠷᠡᠭ ᠮᠡᠳᠡᠭᠴᠢᠳ᠎ᠦᠨ ᠳᠠᠷᠤᠭ᠎ᠠ ᠴᠸᠨᠢ ᠭᠦᠤᠸ᠂ ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠦᠨ ᠨᠠᠮ᠎ᠤᠨ ᠬᠣᠷᠢᠶᠠᠨ᠎ᠤ ᠱᠦᠵᠢ᠂ ᠬᠡᠷᠡᠭ ᠮᠡᠳᠡᠭᠴᠢᠳ᠎ᠦᠨ ᠳᠠᠷᠤᠭ᠎ᠠ ᠱᠤᠸᠠᠩ ᠯᠦᠩ᠂ ᠬᠤᠪᠸᠢ ᠮᠤᠵᠢ᠎ᠶᠢᠨ ᠨᠠᠮ᠎ᠤᠨ ᠬᠣᠷᠢᠶᠠᠨ᠎ᠤ ᠤᠬᠠᠭᠤᠯᠬᠤ ᠬᠡᠯᠳᠡᠰ᠎ᠦᠨ ᠳᠡᠳ ᠳᠠᠷᠤᠭ᠎ᠠ ᠴᠸᠨ ᠱᠦ ᠯᠢᠨ᠂ ᠥᠪᠦᠷ ᠮᠣᠩᠭᠤᠯ᠎ᠤᠨ ᠦᠪᠡᠷᠳᠡᠬᠡᠨ ᠵᠠᠰᠠᠬᠤ ᠣᠷᠤᠨ᠎ᠤ ᠨᠠᠮ᠎ᠤᠨ ᠬᠣᠷᠢᠶᠠᠨ᠎ᠤ ᠤᠬᠠᠭᠤᠯᠬᠤ ᠬᠡᠯᠳᠡᠰ᠎ᠦᠨ ᠳᠡᠳ ᠳᠠᠷᠤᠭ᠎ᠠ᠂ ᠺᠢᠨᠤ᠋᠎ᠶᠢᠨ ᠳᠤᠪᠴᠢᠶᠠᠨ᠎ᠤ ᠳᠠᠷᠤᠭ᠎ᠠ ᠦᠨᠡᠨᠴᠢ᠂ ᠮᠣᠩᠭᠤᠯ ᠤᠯᠤᠰ᠎ᠤᠨ ᠠᠨᠳᠠ ᠺᠣᠮᠫᠠᠨᠢ᠎ᠶᠢᠨ ᠰᠠᠩᠵᠠᠢ ᠳᠤᠰ ᠲᠤᠰ ᠤᠬᠤᠷ ᠡᠷᠴᠢᠮᠯᠢᠭ ᠶᠠᠷᠢᠶ᠎ᠠ ᠳᠠᠯᠪᠢᠵᠠᠢ᠃
ᠤᠳᠤᠷᠢᠳᠤᠯᠭ᠎ᠠ᠎ᠨᠠᠷ᠎ᠡᠴᠡ 《ᠵᠠᠭᠤᠨ ᠵᠢᠯ᠎ᠤᠨ ᠵᠠᠭᠤᠨ ᠪᠦᠳᠦᠬᠡᠯ》 ᠴᠤᠪᠤᠷᠠᠯ ᠨᠣᠮ᠎ᠤᠨ ᠺᠢᠷᠢᠯ ᠮᠣᠩᠭᠤᠯ ᠦᠰᠦᠭ᠎ᠦᠨ ᠬᠡᠪᠯᠡᠯ᠎ᠦᠨ ᠡᠷᠬᠡ᠎ᠶᠢ ᠭᠠᠳᠠᠭᠱᠢ ᠭᠠᠷᠭᠠᠬᠤ ᠠᠵᠢᠯᠯᠠᠭ᠎ᠠ᠎ᠳᠤ ᠬᠦᠰᠡᠯ ᠵᠥᠩᠨᠡᠯ᠎ᠢᠶᠠᠨ ᠳᠡᠪᠱᠢᠭᠦᠯᠪᠡ᠃ ᠳᠤᠮᠳᠠᠳᠤ ᠤᠯᠤᠰ ᠬᠡᠦᠬᠡᠳ᠎ᠦᠨ ᠤᠷᠠᠨ ᠵᠣᠬᠢᠶᠠᠯ᠎ᠤᠨ ᠰᠣᠩᠭᠤᠳᠠᠭ ᠪᠣᠯᠤᠭᠰᠠᠨ 《ᠵᠠᠭᠤᠨ ᠵᠢᠯ᠎ᠤᠨ ᠵᠠᠭᠤᠨ ᠪᠦᠳᠦᠬᠡᠯ》᠎ᠨᠢ ᠥᠪᠡᠷᠮᠢᠴᠡ ᠤᠷᠠᠯᠢᠭ᠎ᠤᠨ ᠷᠢᠳᠢ ᠱᠢᠳᠢ ᠪᠠ ᠭᠤᠸ᠎ᠠ ᠳᠠᠭᠠᠱᠢᠶᠠᠯ᠎ᠤᠨ ᠣᠨᠴᠠᠯᠢᠭ᠎ᠢᠶᠠᠷ᠎ᠢᠶᠡᠨ ᠣᠳᠤ ᠦᠶ᠎ᠡ᠎ᠶᠢᠨ ᠳᠤᠮᠳᠠᠳᠤ ᠤᠯᠤᠰ᠎ᠤᠨ ᠱᠢᠯᠢᠳᠡᠭ ᠬᠡᠦᠬᠡᠳ᠎ᠦᠨ ᠤᠷᠠᠨ ᠵᠣᠬᠢᠶᠠᠯᠴᠢᠳ᠎ᠤᠨ ᠵᠣᠬᠢᠶᠠᠨ ᠪᠦᠳᠦᠬᠡᠬᠦ ᠬᠡᠪ ᠨᠠᠮᠪᠠ᠎ᠶᠢ ᠢᠯᠡᠷᠡᠭᠦᠯᠵᠦ᠂ ᠦᠶ᠎ᠡ ᠦᠶ᠎ᠡ᠎ᠶᠢᠨ ᠬᠡᠦᠬᠡᠳ ᠪᠠᠭᠠᠴᠤᠳ᠎ᠤᠨ ᠤᠬᠠᠭᠠᠨ ᠪᠢᠯᠢᠭ᠎ᠢ ᠤᠮᠳᠠᠯᠠᠭᠰᠠᠠᠶᠤᠮ᠃ ᠡᠢᠮᠦ᠎ᠡᠴᠡ ᠲᠤᠰ ᠴᠤᠪᠤᠷᠠᠯ ᠨᠣᠮ᠎ᠢ ᠭᠠᠳᠠᠭᠱᠢ ᠭᠠᠷᠭᠠᠬᠤ᠎ᠨᠢ ᠳᠤᠳᠤᠭᠠᠳᠤ ᠭᠠᠳᠠᠭᠠᠳᠤ᠎ᠶᠢᠨ ᠨᠡᠩ ᠥᠷᠭᠡᠨ ᠬᠡᠪᠴᠢᠶ᠎ᠡ᠂ ᠨᠡᠩ ᠥᠨᠳᠦᠷ ᠳᠡᠭᠳᠡᠷ᠎ᠤᠨ ᠰᠣᠶᠤᠯ᠎ᠤᠨ ᠰᠣᠯᠢᠯᠴᠠᠭ᠎ᠠ᠎ᠶᠢ ᠠᠬᠢᠭᠤᠯᠵᠦ᠂ ᠨᠥᠬᠦᠷᠰᠡᠭ ᠬᠥᠷᠱᠢ᠎ᠶᠢᠨ ᠬᠠᠷᠢᠴᠠᠭ᠎ᠠ᠎ᠶᠢ ᠦᠨᠢᠳᠡ ᠠᠬᠢᠭᠤᠯᠤᠨ ᠬᠦᠨᠵᠡᠬᠡᠢᠷᠡᠬᠦᠯᠬᠦ᠎ᠨᠢ ᠯᠠᠪᠳᠠᠢ᠃
ᠦ ᠱᠦ ᠯᠢᠨ ᠢᠯᠡᠷᠬᠡᠢᠯᠡᠭᠰᠡᠨ᠎ᠨᠢ᠂ 《ᠵᠠᠭᠤᠨ ᠵᠢᠯ᠎ᠤᠨ ᠵᠠᠭᠤᠨ ᠪᠦᠳᠦᠬᠡᠯ》᠎ᠦᠨ ᠬᠡᠪᠯᠡᠯ᠎ᠦᠨ ᠡᠷᠬᠡ᠎ᠶᠢ ᠭᠠᠳᠠᠭᠱᠢ ᠭᠠᠷᠭᠠᠬᠤ᠎ᠨᠢ ᠳᠤᠮᠳᠠᠳᠤ ᠤᠯᠤᠰ᠎ᠤᠨ ᠬᠡᠦᠬᠡᠳ᠎ᠦᠨ ᠤᠷᠠᠨ ᠵᠣᠬᠢᠶᠠᠯ᠎ᠤᠨ ᠳᠡᠯᠡᠬᠡᠢ᠎ᠳᠡᠬᠢ ᠨᠥᠯᠦᠭᠡᠯᠡᠬᠦ ᠬᠦᠴᠦᠨ᠎ᠢ ᠴᠢᠩᠭ᠋ᠠᠳᠭᠠᠵᠦ᠂ ᠮᠣᠩᠭᠤᠯ ᠤᠯᠤᠰ᠎ᠤᠨ ᠤᠩᠱᠢᠭᠴᠢᠳ ᠳᠤᠮᠳᠠᠳᠤ ᠤᠯᠤᠰ᠎ᠤᠨ ᠬᠡᠦᠬᠡᠳ᠎ᠦᠨ ᠤᠷᠠᠨ ᠵᠣᠬᠢᠶᠠᠯ᠎ᠤᠨ ᠱᠢᠯᠢᠳᠡᠭ ᠪᠦᠳᠦᠬᠡᠯ᠎ᠢ ᠣᠢᠯᠠᠭᠠᠨ ᠳᠠᠨᠢᠬᠤ᠎ᠳᠤ ᠠᠱᠢᠭᠳᠠᠢ᠂ ᠡᠪᠯᠢᠭ ᠤᠨᠤᠪᠴᠢᠳᠠᠢ ᠤᠷᠴᠢᠭᠤᠯᠵᠦ᠂ ᠨᠡᠩ ᠠᠯᠤᠰ ᠬᠡᠳᠦ᠎ᠶᠢᠨ ᠨᠥᠯᠦᠭᠡ ᠭᠠᠷᠭᠠᠬᠤ᠎ᠶᠢ ᠬᠦᠰᠡᠵᠦ ᠪᠠᠢᠨ᠎ᠠ᠃
ᠦᠨᠡᠨᠴᠢ ᠢᠯᠡᠷᠬᠡᠢᠯᠡᠭᠰᠡᠨ᠎ᠨᠢ᠂ ᠬᠡᠪᠯᠡᠯ᠎ᠦᠨ ᠦᠢᠯᠡᠰ᠎ᠦᠨ ᠠᠵᠢᠯ ᠨᠢᠬᠡᠳᠡᠳ ᠡᠭᠦᠷᠭᠡ ᠬᠠᠷᠢᠭᠤᠴᠠᠯᠭ᠎ᠠ᠎ᠪᠠᠨ ᠡᠭᠦᠷᠭᠡᠯᠡᠨ ᠵᠢᠳᠭᠦᠵᠦ᠂ ᠳᠤᠮᠳᠠᠳᠤ᠎ᠶᠢᠨ ᠦᠯᠢᠭᠡᠷ᠎ᠢ ᠰᠠᠢᠳᠤᠷ ᠶᠠᠷᠢᠵᠦ᠂ ᠳᠤᠮᠳᠠᠳᠤ᠎ᠶᠢᠨ ᠳᠠᠭᠤᠨ᠎ᠢ ᠳᠠᠭᠤᠷᠢᠰᠭᠠᠨ᠂ ᠦᠨᠡᠨ ᠪᠤᠳᠠᠳᠤ᠂ ᠪᠣᠰᠤᠭ᠎ᠠ ᠴᠤᠭᠴᠠᠳᠤ᠂ ᠪᠦᠬᠦ ᠲᠠᠯ᠎ᠠ᠎ᠶᠢᠨ ᠳᠤᠮᠳᠠᠳᠤ ᠤᠯᠤᠰ᠎ᠢ ᠳᠠᠯᠡᠬᠡᠢ ᠳ᠋ᠡᠬᠢᠨᠡ ᠳᠡᠯᠭᠡᠨ ᠦᠵᠡᠭᠦᠯᠵᠦ᠂ ᠳᠤᠮᠳᠠᠳᠤ᠎ᠶᠢᠨ ᠰᠣᠶᠤᠯ᠎ᠤᠨ ᠤᠯᠠᠮᠵᠢᠯᠠᠨ ᠳᠡᠯᠭᠡᠷᠡᠬᠦ᠎ᠶᠢ ᠳᠦᠯᠬᠢᠨ ᠠᠬᠢᠭᠤᠯᠬᠤ ᠬᠡᠷᠡᠭᠳᠡᠢ᠃
ᠴᠸᠨ ᠱᠦ ᠯᠢᠨ ᠢᠯᠡᠷᠬᠡᠢᠯᠡᠭᠰᠡᠨ᠎ᠨᠢ᠂ 《ᠵᠠᠭᠤᠨ ᠵᠢᠯ᠎ᠤᠨ ᠵᠠᠭᠤᠨ ᠪᠦᠳᠦᠬᠡᠯ》᠎ᠨᠢ ᠠᠵᠢᠯ ᠳᠥᠷᠦᠯ᠎ᠤᠨ ᠳᠤᠳᠤᠭᠠᠳᠤ᠎ᠳᠤ ᠥᠨᠳᠦᠷ ᠪᠠᠢᠷᠢ ᠰᠠᠭᠤᠷᠢ ᠪᠦᠬᠦᠢ ᠱᠢᠯᠢᠳᠡᠭ ᠵᠣᠬᠢᠶᠠᠯ ᠪᠦᠳᠦᠬᠡᠯᠤ᠋ᠳᠢᠶᠠᠷ ᠪᠦᠷᠢᠯᠳᠦᠵᠦ᠂ ᠳᠡᠬᠦᠨ᠎ᠦ ᠺᠢᠷᠢᠯ ᠮᠣᠩᠭᠤᠯ ᠦᠰᠦᠭ᠎ᠦᠨ ᠬᠡᠪᠯᠡᠯ᠎ᠦᠨ ᠡᠷᠬᠡ᠎ᠶᠢ ᠭᠠᠳᠠᠭᠱᠢ ᠭᠠᠷᠭᠠᠬᠤ ᠫᠷᠤᠭ᠌ᠷᠠᠮ ᠪᠣᠯ ᠤᠯᠤᠰ᠎ᠤᠨ 《ᠨᠢᠭᠡ ᠪᠦᠰᠡ ᠨᠢᠭᠡ ᠵᠠᠮ》᠎ᠤᠨ ᠰᠠᠨᠠᠭᠠᠴᠢᠯᠠᠭ᠎ᠠ᠎ᠶᠢ ᠳᠤᠭᠤᠱᠢᠯᠠᠭᠤᠯᠬᠤ ᠵᠣᠷᠢᠯᠭ᠎ᠠ᠎ᠡᠴᠡ ᠰᠡᠳᠦᠨ ᠬᠡᠷᠡᠭᠵᠢᠭᠦᠯᠦᠭᠰᠡᠨ ᠭᠠᠳᠠᠭᠠᠳᠤ ᠬᠠᠨᠳᠤᠯᠭᠠᠳᠤ ᠬᠡᠪᠯᠡᠯ᠎ᠦᠨ ᠴᠢᠬᠤᠯᠠ ᠨᠢᠭᠡᠨ ᠢᠨᠵᠧᠨᠧᠷᠢᠩ ᠪᠣᠯᠬᠤ᠎ᠶᠤᠮ᠃ ᠮᠠᠨ᠎ᠤ ᠤᠯᠤᠰ᠎ᠤᠨ ᠬᠡᠦᠬᠡᠳ᠎ᠦᠨ ᠤᠷᠠᠨ ᠵᠣᠬᠢᠶᠠᠯ᠎ᠤᠨ ᠪᠠᠶᠠᠨ ᠰᠠᠩ᠎ᠳᠤ ᠰᠠᠭᠤᠷᠢᠯᠠᠨ ᠪᠣᠰᠤᠭᠰᠠᠨ ᠪᠡᠯᠭᠡ ᠳᠡᠮᠳᠡᠭ ᠪᠦᠬᠦᠢ ᠡᠳᠡᠭᠡᠷ ᠪᠦᠳᠦᠬᠡᠯ ᠤᠯᠤᠰ᠎ᠤᠨ ᠳᠤᠳᠤᠭᠠᠳᠤ᠎ᠳᠤ ᠭᠦᠨ ᠬᠦᠷᠢᠶᠡᠯᠡᠯ ᠤᠯᠬᠤ᠎ᠪᠡᠷ ᠪᠠᠷᠠᠬᠤ᠎ᠦᠭᠡᠢ ᠳᠤᠮᠳᠠᠳᠤ ᠮᠣᠩᠭᠤᠯ ᠬᠤᠶᠠᠷ ᠤᠯᠤᠰ᠎ᠤᠨ ᠤᠩᠱᠢᠭᠴᠢᠳᠢ ᠬᠣᠯᠪᠤᠭᠰᠠᠨ ᠰᠣᠶᠤᠯ᠎ᠤᠨ ᠬᠥᠭᠦᠷᠭᠡ ᠪᠤᠯᠵᠦ᠂ ᠮᠣᠩᠭᠤᠯ ᠤᠯᠤᠰ᠎ᠡᠴᠡ ᠳᠤᠮᠳᠠᠳᠤ᠎ᠶᠢᠨ ᠰᠣᠶᠤᠯ᠎ᠢ ᠨᠡᠩ ᠣᠢᠷ᠎ᠠ ᠵᠠᠢ᠎ᠡᠴᠡ ᠣᠢᠯᠠᠭᠠᠨ ᠳᠠᠨᠢᠵᠦ᠂ ᠳᠤᠮᠳᠠᠳᠤ ᠤᠯᠤᠰ᠎ᠤᠨ ᠵᠠᠯᠠᠭᠤᠴᠤᠳ ᠪᠠᠭᠠᠴᠤᠳ᠎ᠤᠨ ᠣᠶᠤᠨ᠎ᠤ ᠳᠦᠷᠢ ᠳᠥᠷᠬᠦ᠎ᠶᠢ ᠠᠵᠢᠭᠯᠠᠬᠤ ᠴᠢᠬᠤᠯᠠ ᠴᠣᠩᠬᠤ ᠪᠣᠯᠤᠨ᠎ᠠ ᠭᠡᠳᠡᠭ᠎ᠢ ᠢᠳᠡᠬᠡᠵᠦ ᠪᠠᠢᠨ᠎ᠠ᠃
ᠱᠤᠸᠠᠩ ᠯᠦᠩ ᠢᠯᠡᠷᠬᠡᠢᠯᠡᠭᠰᠡᠨ᠎ᠨᠢ᠂ 《ᠵᠠᠭᠤᠨ ᠵᠢᠯ᠎ᠤᠨ ᠵᠠᠭᠤᠨ ᠪᠦᠳᠦᠬᠡᠯ》 ᠪᠣᠯ ᠥᠨᠢ ᠤᠳᠠᠭᠠᠨ ᠤᠯᠠᠮᠵᠢᠯᠠᠭᠳᠠᠭᠰᠠᠨ ᠳᠤᠮᠳᠠᠳᠤ ᠤᠯᠤᠰ᠎ᠤᠨ ᠬᠡᠦᠬᠡᠳ᠎ᠦᠨ ᠤᠷᠠᠨ ᠵᠣᠬᠢᠶᠠᠯᠤᠨᠨᠡᠷᠡ ᠳᠡᠮᠳᠡᠭ᠂ ᠥᠷᠭᠡᠨ ᠳᠡᠯᠭᠡᠷ ᠪᠥᠭᠡᠳ ᠠᠯᠤᠰ ᠬᠡᠳᠦ᠎ᠶᠢᠨ ᠢᠷᠠᠭᠤ ᠳᠠᠭᠤᠷᠢᠰᠭᠠᠯᠲᠠᠢ᠃ ᠡᠨᠡ ᠤᠳᠠᠭᠠᠨ᠎ᠤ ᠭᠡᠷ᠎ᠡ ᠳᠤᠭᠳᠠᠭᠠᠬᠤ ᠠᠵᠢᠯᠯᠠᠭ᠎ᠠ ᠪᠣᠯ ᠬᠤᠶᠡᠷ ᠳᠣᠮᠤ ᠪᠦᠯᠦᠭᠯᠡᠯ᠎ᠡᠴᠡ 《ᠨᠢᠭᠡ ᠪᠦᠰᠡ ᠨᠢᠭᠡ ᠵᠠᠮ》᠎ᠤᠨ ᠰᠠᠨᠠᠭᠠᠴᠢᠯᠠᠭ᠎ᠠ᠎ᠶᠢ ᠦᠢᠯᠡᠳᠦᠯᠭᠡᠵᠢᠭᠦᠯᠵᠦ᠂ ᠭᠠᠷ ᠬᠣᠯᠪᠤᠨ 《ᠭᠠᠳᠠᠭᠱᠢ ᠭᠠᠷᠭᠠᠬᠤ》᠎ᠶᠢ ᠨᠠᠢᠳᠠᠪᠤᠷᠢᠵᠢᠭᠤᠯᠤᠭᠰᠠᠨ ᠴᠢᠬᠤᠯᠠ ᠦᠷ᠎ᠡ ᠪᠦᠳᠦᠬᠡᠯ ᠪᠠᠢᠵᠦ᠂ ᠳᠤᠮᠳᠠᠳᠤ ᠤᠯᠤᠰ᠎ᠤᠨ ᠬᠡᠦᠬᠡᠳ᠎ᠦᠨ ᠤᠷᠠᠨ ᠵᠣᠬᠢᠶᠠᠯ᠎ᠤᠨ ᠱᠢᠯᠢᠳᠡᠭ ᠪᠦᠳᠦᠬᠡᠯ ᠳᠡᠯᠡᠬᠡᠢ ᠵᠦᠭ ᠵᠠᠮᠨᠠᠬᠤ ᠶᠠᠪᠤᠴᠠ᠎ᠳᠡᠬᠢ ᠢᠳᠡᠪᠬᠢᠳᠡᠢ ᠰᠦᠪᠡᠭᠴᠢᠯᠡᠯᠳᠡ ᠪᠣᠯᠤᠨ᠎ᠠ᠃
ᠴᠸᠨᠢ ᠭᠦᠤᠸ ᠢᠯᠡᠷᠬᠡᠢᠯᠡᠭᠰᠡᠨ᠎ᠨᠢ᠂ ᠡᠨᠡ ᠤᠳᠠᠭ᠎ᠠ ᠴᠠᠩ ᠵᠢᠶᠠᠩ ᠪᠠᠭᠠᠴᠤᠳ ᠬᠡᠦᠬᠡᠳ᠎ᠦᠨ ᠬᠡᠪᠯᠡᠯ᠎ᠦᠨ ᠬᠣᠷᠢᠶ᠎ᠠ ᠪᠣᠯᠤᠨ ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠂ ᠮᠣᠩᠭᠤᠯ ᠤᠯᠤᠰ᠎ᠤᠨ ᠠᠨᠳᠠ ᠺᠣᠮᠫᠠᠨᠢ ᠬᠠᠮᠳᠤᠷᠠᠵᠦ᠂ 《ᠵᠠᠭᠤᠨ ᠵᠢᠯ᠎ᠤᠨ ᠵᠠᠭᠤᠨ ᠪᠦᠳᠦᠬᠡᠯ》᠎ᠦᠨ ᠺᠢᠷᠢᠯ ᠮᠣᠩᠭᠤᠯ ᠦᠰᠦᠭ᠎ᠦᠨ ᠬᠡᠪᠯᠡᠯ᠎ᠦᠨ ᠡᠷᠬᠡ᠎ᠶᠢ ᠭᠠᠳᠠᠭᠱᠢ ᠭᠠᠷᠭᠠᠬᠤ ᠠᠵᠢᠯᠯᠠᠭ᠎ᠠ᠎ᠳᠤ ᠳᠤᠮᠳᠠᠳᠤ᠎ᠶᠢᠨ ᠦᠨᠳᠦᠰᠦᠳᠡᠨ᠎ᠦ ᠱᠢᠯᠢᠳᠡᠭ ᠰᠣᠶᠤᠯ᠎ᠢ ᠤᠯᠠᠮᠵᠢᠯᠠᠨ᠂ ᠦᠨᠳᠦᠰᠦᠳᠡᠨ᠎ᠦ ᠰᠦᠭ ᠰᠦᠯᠳᠡ᠎ᠶᠢ ᠪᠠᠳᠠᠷᠠᠭᠠᠵᠦ᠂ ᠣᠳᠤ ᠦᠶ᠎ᠡ᠎ᠶᠢᠨ ᠳᠤᠮᠳᠠᠳᠤ ᠤᠯᠤᠰ᠎ᠤᠨ ᠬᠡᠦᠬᠡᠳ᠎ᠦᠨ ᠤᠷᠠᠨ ᠵᠣᠬᠢᠶᠠᠯ᠎ᠤᠨ ᠱᠢᠯᠢᠳᠡᠭ ᠵᠣᠬᠢᠶᠠᠯᠴᠢᠳ᠎ᠤᠨ ᠵᠣᠬᠢᠶᠠᠨ ᠪᠦᠳᠦᠬᠡᠬᠦ ᠬᠡᠪ ᠨᠠᠮᠪᠠ᠎ᠶᠢ ᠢᠯᠡᠷᠡᠭᠦᠯᠦᠭᠰᠡᠨ ᠰᠣᠳᠤᠨ ᠪᠦᠳᠦᠬᠡᠯᠦ᠋ᠳᠢ ᠮᠣᠩᠭᠤᠯ ᠤᠯᠤᠰ᠎ᠤᠨ ᠤᠩᠱᠢᠭᠴᠢᠳ᠎ᠤᠨ ᠬᠠᠷᠠᠭᠠᠨ᠎ᠳᠤ ᠣᠷᠤᠭᠤᠯᠤᠯ᠎ᠠ᠃ ᠡᠨᠡ᠎ᠨᠢ ᠳᠤᠮᠳᠠᠳᠤ ᠤᠯᠤᠰ᠎ᠤᠨ ᠰᠣᠶᠤᠯ᠎ᠤᠨ ᠭᠠᠳᠠᠭᠠᠳᠤ᠎ᠳᠡᠬᠢ ᠨᠥᠯᠦᠭᠡᠯᠡᠬᠦ ᠬᠦᠴᠦᠨ᠎ᠢ ᠥᠷᠭᠡᠳᠭᠡᠵᠦ᠂ ᠳᠡᠯᠡᠬᠡᠢ᠎ᠶᠢᠨ ᠡᠯ᠎ᠡ ᠤᠯᠤᠰ᠎ᠤᠨ ᠤᠩᠱᠢᠭᠴᠢᠳ᠎ᠲᠤ ᠳᠤᠮᠳᠠᠳᠤ ᠤᠯᠤᠰ᠎ᠤᠨ ᠬᠡᠦᠬᠡᠳ᠎ᠦᠨ ᠤᠷᠠᠨ ᠵᠣᠬᠢᠶᠠᠯ᠎ᠤᠨ ᠱᠢᠯᠢᠳᠡᠭ ᠪᠦᠳᠦᠬᠡᠯᠤ᠋ᠳᠢ ᠳᠠᠨᠢᠭᠤᠯᠤᠨ᠂ ᠮᠠᠨ᠎ᠤ ᠤᠯᠤᠰ᠎ᠤᠨ ᠪᠠᠭᠠᠴᠤᠳ ᠬᠡᠦᠬᠡᠳ᠎ᠦᠨ ᠬᠡᠪᠯᠡᠭᠳᠡᠬᠦᠨ᠎ᠦ ᠤᠯᠠᠨ ᠤᠯᠤᠰ᠎ᠤᠨ ᠬᠡᠪᠯᠡᠭᠳᠡᠬᠦᠨ᠎ᠦ ᠵᠠᠬ᠎ᠠ ᠳᠡᠯᠭᠡᠭᠦᠷ᠎ᠳᠡᠬᠢ ᠥᠷᠢᠰᠦᠯᠳᠦᠭᠦ ᠬᠦᠴᠦᠨ ᠪᠠ ᠨᠥᠯᠦᠭᠡᠯᠡᠬᠦ ᠬᠦᠴᠦᠨ᠎ᠢ ᠥᠷᠭᠡᠳᠭᠡᠬᠦ᠎ᠳᠤ ᠳᠤᠰᠠᠳᠠᠢ᠃
《ᠵᠠᠭᠤᠨ ᠵᠢᠯ᠎ᠤᠨ ᠵᠠᠭᠤᠨ ᠪᠦᠳᠦᠬᠡᠯ》᠎ᠤᠨ ᠵᠣᠬᠢᠶᠠᠯᠴᠢᠳ᠎ᠤᠨ ᠳᠦᠯᠦᠭᠡᠯᠡᠭᠴᠢ᠎ᠶᠢᠨ ᠬᠤᠪᠢ᠎ᠪᠡᠷ ᠵᠠᠩ ᡁᠢ ᠯᠤ ᠨᠢᠭᠡ ᠪᠠᠭᠴᠠ ᠠᠷᠪᠠᠢ᠎ᠶᠢᠨ ᠴᠡᠴᠡᠭ᠎ᠢᠶᠡᠷ 《ᠵᠠᠭᠤᠨ ᠵᠢᠯ᠎ᠤᠨ ᠵᠠᠭᠤᠨ ᠪᠦᠳᠦᠬᠡᠯ》᠎ᠳᠤ ᠴᠢᠩ ᠰᠡᠳᠭᠢᠯ᠎ᠦᠨ ᠬᠦᠰᠡᠯ ᠵᠥᠩᠨᠡᠯ᠎ᠢᠶᠡᠨ ᠳᠡᠪᠱᠢᠭᠦᠯᠪᠡ᠃
ᠼᠤᠤ ᠸᠸᠨ ᠱᠢᠤᠸᠠᠨ ᠢᠯᠡᠷᠬᠡᠢᠯᠡᠭᠰᠡᠨ᠎ᠨᠢ᠂ ᠳᠤᠮᠳᠠᠳᠤ ᠤᠯᠤᠰ᠎ᠤᠨ ᠬᠠᠮᠤᠭ᠎ᠤᠨ ᠱᠢᠯᠢᠳᠡᠭ ᠬᠡᠦᠬᠡᠳ᠎ᠦᠨ ᠤᠷᠠᠨ ᠵᠣᠬᠢᠶᠠᠯ ᠪᠣᠯ ᠳᠠᠷᠤᠢ ᠳᠡᠯᠡᠬᠡᠢ᠎ᠶᠢᠨ ᠳᠦᠪᠱᠢᠨᠦ ᠬᠡᠦᠬᠡᠳ᠎ᠦᠨ ᠤᠷᠠᠨ ᠵᠣᠬᠢᠶᠠᠯ ᠮᠦᠨ ᠭᠡᠵᠦ ᠪᠢ ᠪᠠᠳᠤ ᠢᠳᠡᠬᠡᠨ᠎ᠡ᠃ ᠣᠳᠤ ᠳᠤᠮᠳᠠᠳᠤ ᠤᠯᠤᠰ᠎ᠤᠨ ᠬᠡᠦᠬᠡᠳ᠎ᠦᠨ ᠤᠷᠠᠨ ᠵᠣᠬᠢᠶᠠᠯ ᠶᠠᠭ 《ᠠᠯᠬᠤᠨ ᠭᠠᠷᠬᠤ》᠎ᠡᠴᠡ 《ᠠᠯᠬᠤᠨ ᠣᠷᠤᠬᠤ》 ᠵᠦᠭ ᠳᠠᠪᠱᠢᠵᠦ ᠪᠠᠢᠨ᠎ᠠ᠃ ᠡᠢᠮᠦ᠎ᠶᠢᠨ ᠳᠤᠯᠠᠳᠠ 《ᠵᠠᠭᠤᠨ ᠵᠢᠯ᠎ᠤᠨ ᠵᠠᠭᠤᠨ ᠪᠦᠳᠦᠬᠡᠯ》 ᠦᠨᠡᠨᠬᠦ ᠮᠣᠩᠭᠤᠯ ᠪᠢᠴᠢᠬᠠᠨ ᠤᠩᠱᠢᠭᠴᠢᠳ᠎ᠤᠨ ᠰᠡᠳᠭᠢᠯ᠎ᠳᠤ ᠠᠯᠬᠤᠨ ᠣᠷᠤᠬᠤ᠎ᠶᠢ ᠬᠦᠰᠡᠵᠦ ᠪᠠᠢᠨ᠎ᠠ᠃
ᠯᠢ ᠳ᠋ᠦᠩ ᠬᠤᠸᠠ ᠢᠯᠡᠷᠬᠡᠢᠯᠡᠭᠰᠡᠨ᠎ᠨᠢ᠂ 《ᠵᠠᠭᠤᠨ ᠵᠢᠯ᠎ᠤᠨ ᠵᠠᠭᠤᠨ ᠪᠦᠳᠦᠬᠡᠯ》 ᠳᠤᠮᠳᠠᠳᠤ ᠤᠯᠤᠰ᠎ᠤᠨ ᠬᠡᠦᠬᠡᠳ᠎ᠦᠨ ᠤᠷᠠᠨ ᠵᠣᠬᠢᠶᠠᠯ᠎ᠤᠨ ᠥᠨᠳᠦᠷᠴᠡ ᠪᠠ ᠥᠷᠭᠡᠴᠡ᠎ᠶᠢ ᠳᠦᠯᠦᠬᠡᠯᠡᠵᠦ ᠪᠤᠢ᠂ ᠡᠭᠦᠨ᠎ᠤ ᠳᠤᠳᠤᠷ᠎ᠠ ᠳᠡᠯᠡᠬᠡᠢ᠎ᠶᠢᠨ ᠳᠦᠪᠱᠢᠨ᠎ᠤ ᠪᠦᠳᠦᠬᠡᠯᠦ᠋ᠳ ᠤᠯᠠᠨ ᠪᠠᠭᠳᠠᠵᠦ᠂ ᠣᠢᠷ᠎ᠠ᠎ᠶᠢᠨ ᠵᠢᠯ᠎ᠳᠤ ᠨᠡᠩ᠎ᠴᠤ ᠳᠠᠰᠤᠷᠠᠯᠳᠠ ᠦᠬᠡᠢ 《ᠭᠠᠳᠠᠭᠱᠢ ᠭᠠᠷᠴᠤ》 ᠪᠠᠢᠨ᠎ᠠ᠃ ᠨᠢᠭᠡᠨ ᠵᠣᠬᠢᠶᠠᠯᠴᠢ᠎ᠶᠢᠨ ᠬᠤᠪᠢ᠎ᠡᠴᠡ ᠪᠢ ᠡᠳᠡᠭᠡᠷ ᠤᠷᠠᠨ ᠪᠦᠳᠦᠬᠡᠯ᠎ᠦᠨ ᠥᠨᠳᠦᠷ ᠠᠮᠵᠢᠯᠳᠠ᠎ᠶᠢ ᠦᠵᠡᠭᠡᠳ ᠣᠮᠤᠭ ᠪᠠᠬᠠᠳᠤᠨ ᠰᠡᠳᠭᠢᠯ ᠳᠤᠭᠳᠤᠯᠵᠦ ᠪᠠᠢᠨ᠎ᠠ᠃ 《ᠵᠠᠭᠤᠨ ᠵᠢᠯ᠎ᠤᠨ ᠵᠠᠭᠤᠨ ᠪᠦᠳᠦᠬᠡᠯ》 ᠬᠣᠢᠱᠢᠳᠠ ᠳᠡᠯᠡᠬᠡᠢ᠎ᠶᠢᠨ ᠡᠯ᠎ᠡ ᠭᠠᠵᠠᠷ᠎ᠤᠨ ᠨᠡᠩ ᠤᠯᠠᠨ ᠤᠩᠱᠢᠭᠴᠢᠳ᠎ᠲᠠᠢ ᠪᠣᠯᠬᠤ᠎ᠶᠢ ᠬᠦᠰᠡᠵᠦ ᠪᠠᠢᠨ᠎ᠠ᠃
ᠰᠠᠩᠵᠠᠢ ᠢᠯᠡᠷᠬᠡᠢᠯᠡᠭᠰᠡᠨ᠎ᠨᠢ᠂ ᠡᠨᠡ ᠤᠳᠠᠭᠠᠨ᠎ᠤ ᠭᠡᠷ᠎ᠡ ᠳᠤᠭᠳᠠᠬᠤ ᠠᠵᠢᠯᠯᠠᠭ᠎ᠠ᠎ᠨᠢ ᠬᠡᠦᠬᠡᠳ᠎ᠦᠨ ᠨᠣᠮ ᠪᠢᠴᠢᠭ᠎ᠤᠨ ᠴᠢᠬᠤᠯᠠ ᠰᠣᠯᠢᠯᠴᠠᠭ᠎ᠠ ᠬᠠᠮᠳᠤᠷᠠᠯᠴᠠᠭ᠎ᠠ ᠪᠣᠯᠬᠤ᠎ᠪᠡᠷ ᠪᠠᠷᠠᠬᠤ᠎ᠦᠭᠡᠢ ᠮᠥᠨ᠎ᠴᠤ ᠳᠤᠮᠳᠠᠳᠤ ᠤᠯᠤᠰ᠎ᠤᠨ ᠬᠡᠦᠬᠡᠳ᠎ᠦᠨ ᠤᠷᠠᠨ ᠵᠣᠬᠢᠶᠠᠯ ᠮᠣᠩᠭᠤᠯ ᠤᠯᠤᠰ᠎ᠤᠨ ᠤᠩᠱᠢᠭᠴᠢᠳ᠎ᠲᠠᠢ ᠵᠤᠯᠭᠠᠵᠦ᠂ ᠮᠣᠩᠭᠤᠯ ᠤᠯᠤᠰ᠎ᠤᠨ ᠬᠡᠦᠬᠡᠳ᠎ᠦᠨ ᠤᠷᠠᠨ ᠵᠣᠬᠢᠶᠠᠯ᠎ᠤᠨ ᠤᠳᠭ᠎ᠠ ᠰᠠᠨᠠᠭ᠎ᠠ ᠠᠭᠤᠯᠤᠭᠳᠠᠬᠤᠨ᠎ᠢ ᠳᠡᠯᠭᠡᠨ ᠨᠡᠭᠡᠭᠡᠭᠰᠡᠨ᠎ᠦ ᠴᠢᠬᠤᠯᠠ ᠪᠡᠯᠭᠡ ᠳᠡᠮᠳᠡᠭ ᠪᠣᠯᠤᠨ᠎ᠠ᠃ ᠡᠨᠡ᠎ᠨᠢ ᠮᠣᠩᠭᠤᠯ ᠤᠯᠤᠰ᠎ᠤᠨ ᠤᠩᠱᠢᠭᠴᠢᠳ᠎ᠡᠴᠡ ᠳᠤᠮᠳᠠᠳᠤ ᠤᠯᠤᠰ᠎ᠤᠨ ᠬᠡᠦᠬᠡᠳ᠎ᠦᠨ ᠤᠷᠠᠨ ᠵᠣᠬᠢᠶᠠᠯ᠎ᠤᠨ ᠬᠦᠭᠵᠢᠯᠳᠠ᠎ᠶᠢᠨ ᠲᠡᠦᠬᠡ᠎ᠶᠢ ᠣᠢᠯᠠᠭᠠᠬᠤ ᠬᠥᠭᠦᠷᠭᠡ ᠪᠣᠯᠬᠤ᠎ᠪᠡᠷ ᠦᠯᠦ ᠪᠠᠷᠠᠮ ᠨᠡᠩ᠎ᠴᠤ ᠳᠤᠮᠳᠠᠳᠤ ᠮᠣᠩᠭᠤᠯ ᠬᠤᠶᠠᠷ ᠤᠯᠤᠰ᠎ᠤᠨ ᠰᠣᠶᠤᠯ᠎ᠤᠨ ᠰᠣᠯᠢᠯᠴᠠᠭᠠᠨ᠎ᠤ ᠨᠠᠨᠳᠢᠨ ᠮᠥᠴᠡ ᠪᠣᠯᠬᠤ᠎ᠶᠤᠮ᠃
ᠴᠠᠩ ᠵᠢᠶᠠᠩ ᠪᠠᠭᠠᠴᠤᠳ ᠬᠡᠦᠬᠡᠳ᠎ᠤᠨ ᠬᠡᠪᠯᠡᠯ᠎ᠤᠨ ᠬᠣᠷᠢᠶᠠᠨ (ᠪᠦᠯᠦᠭᠯᠡᠯ)᠎ᠤ ᠬᠢᠵᠠᠭᠠᠷᠲᠤ ᠺᠣᠮᠫᠠᠨᠢ᠎ᠶᠢᠨ ᠬᠡᠷᠡᠭ ᠮᠡᠳᠡᠭᠴᠢᠳ᠎ᠦᠨ ᠳᠠᠷᠤᠭ᠎ᠠ ᠾᠸ ᠯᠦᠩ᠂ ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠦᠨ ᠪᠠᠢᠩᠭᠤ᠎ᠶᠢᠨ ᠳᠡᠳ ᠶᠡᠷᠦᠩᠬᠡᠢ ᠳᠠᠭᠠᠭᠠᠮᠠᠯ᠂ ᠥᠪᠦᠷ ᠮᠣᠩᠭᠤᠯ᠎ᠤᠨ ᠰᠤᠷᠭᠠᠨ ᠬᠥᠮᠦᠵᠢᠯ᠎ᠦᠨ ᠬᠡᠪᠯᠡᠯ᠎ᠦᠨ ᠬᠣᠷᠢᠶᠠᠨ᠎ᠤ ᠳᠠᠷᠤᠭ᠎ᠠ ᠦ᠊·ᠰᠣᠶᠤᠯ᠂ ᠮᠣᠩᠭᠤᠯ ᠤᠯᠤᠰ᠎ᠤᠨ ᠠᠨᠳᠠ ᠺᠣᠮᠫᠠᠨᠢ᠎ᠶᠢᠨ ᠬᠡᠷᠡᠭ ᠮᠡᠳᠡᠭᠴᠢᠳ᠎ᠦᠨ ᠳᠠᠷᠤᠭ᠎ᠠ ᠰᠠᠢᠯᠤᠩᠬᠤᠸᠠᠷ ᠬᠠᠮᠳᠤᠪᠡᠷ 《ᠵᠠᠭᠤᠨ ᠵᠢᠯ᠎ᠤᠨ ᠵᠠᠭᠤᠨ ᠪᠦᠳᠦᠬᠡᠯ》 ᠴᠤᠪᠤᠷᠠᠯ ᠨᠣᠮ᠎ᠤᠨ ᠺᠢᠷᠢᠯ ᠮᠣᠩᠭᠤᠯ ᠦᠰᠦᠭ᠎ᠦᠨ ᠬᠡᠪᠯᠡᠯ᠎ᠦᠨ ᠡᠷᠬᠡ᠎ᠶᠢ ᠭᠠᠳᠠᠭᠱᠢ ᠭᠠᠷᠭᠠᠬᠤ ᠬᠡᠯᠡᠯᠴᠡᠭᠡᠷ᠎ᠲᠦ ᠭᠠᠷᠤᠨ ᠦᠰᠦᠭ ᠵᠢᠷᠤᠵᠦ᠂ ᠳᠤᠮᠳᠠᠳᠤ ᠤᠯᠤᠰ᠎ᠤᠨ ᠬᠡᠦᠬᠡᠳ᠎ᠦᠨ ᠤᠷᠠᠨ ᠵᠣᠬᠢᠶᠠᠯ᠎ᠤᠨ ᠳᠡᠯᠡᠬᠡᠢ ᠵᠦᠭ ᠵᠠᠮᠨᠠᠵᠦ᠂ ᠳᠤᠳᠤᠭᠠᠳᠤ ᠭᠠᠳᠠᠭᠠᠳᠤ᠎ᠶᠢᠨ ᠤᠩᠱᠢᠭᠴᠢᠳ᠎ᠲᠤ ᠰᠣᠶᠤᠯ᠎ᠤᠨ ᠬᠥᠭᠦᠷᠭᠡ ᠳᠠᠯᠪᠢᠬᠤ᠎ᠳᠤ ᠴᠢᠬᠤᠯᠠ ᠬᠤᠪᠢ ᠨᠡᠮᠡᠷᠢ ᠦᠵᠡᠭᠦᠯᠦᠭᠰᠡᠨ ᠪᠠᠢᠨ᠎ᠠ᠃
ᠡᠨᠡ ᠤᠳᠠᠭ᠎ᠠ 《ᠵᠠᠭᠤᠨ ᠵᠢᠯ᠎ᠤᠨ ᠵᠠᠭᠤᠨ ᠪᠦᠳᠦᠬᠡᠯ》 ᠳᠤᠳᠤᠷ᠎ᠠ᠎ᠡᠴᠡ ᠼᠤᠤ ᠸᠸᠨ ᠱᠢᠤᠸᠠᠨᠤ 《ᠣᠪᠤᠬᠠᠢ》᠂ ᠱᠤᠸᠠᠩ ᠱᠢ ᠰᠢ᠎ᠶᠢᠨ 《ᠴᠢᠨ᠋ᠸ᠎ᠠ ᠸᠠᠩ᠎ᠤᠨ ᠵᠡᠭᠦᠳᠦ》᠂ ᠵᠠᠩ ᡁᠢ ᠯᠤᠶᠢᠨ 《ᠭᠤᠷᠪᠠᠳᠤᠭᠠᠷ ᠠᠷᠮᠢ》᠂ ᠵᠠᠩ ᠲᠢᠶᠠᠨᠢᠶᠢᠨ 《ᠡᠷᠳᠡᠨᠢ᠎ᠶᠢᠨ ᠬᠤᠯᠤ᠎ᠶᠢᠨ ᠨᠢᠭᠤᠴᠠ》᠂ᠵᠢᠨ ᠪᠦᠤᠸᠶᠢᠨ 《ᠴᠣᠩᠬᠤ᠎ᠪᠠᠨ ᠨᠡᠬᠡᠬᠡᠬᠦᠶᠡ ᠴᠢ ᠬᠠᠷᠠᠭᠳᠠᠨ᠎ᠠ》᠂ ᠭᠤᠤ ᠬᠣᠩ ᠪᠦᠤᠸᠶᠢᠨ 《ᠪᠠᠬᠠᠷᠬᠠᠯ᠎ᠢ ᠳᠠᠳᠠᠭᠰᠠᠨ ᠦᠨᠡᠭᠡ》᠂ ᠵᠤᠤ ᠯᠢ ᠬᠣᠩ᠎ᠤᠨ 《ᠪᠠᠭ᠎ᠠ ᠨᠠᠰᠤᠨ᠎ᠤ ᠭᠣᠷᠤᠭᠠ》᠂ ᠯᠢ ᠳ᠋ᠦᠩ ᠬᠤᠸᠠ᠎ᠶᠢᠨ 《ᠸᠸᠢᠯᠠᠶᠢᠨ ᠴᠡᠩᠭᠡᠷ ᠤᠭᠳᠠᠷᠭᠤᠢ》᠂ ᠳ᠋ᠧᠨᠭ ᠱᠢᠶᠠᠩ ᠽᠢ᠎ᠶᠢᠨ 《ᠦᠯᠢᠶᠡᠬᠦ ᠰᠠᠯᠬᠢᠨ ᠱᠢᠭ ᠵᠢᠷᠢᠯᠵᠡᠨᠡ》᠂ ᠰᠦᠨ ᠢᠸᠦ ᠵᠢᠶᠦ᠋ᠨ᠎ᠦ 《ᠪᠢᠴᠢᠬᠠᠨ ᠬᠡᠦᠬᠡᠯᠳᠡᠢ᠎ᠶᠢᠨ ᠬᠠᠴᠢᠨ ᠤᠴᠠᠷᠠᠯ》 ᠬᠡᠭᠦ ᠠᠷᠪᠠᠨ ᠨᠣᠮ᠎ᠢ ᠰᠣᠩᠭᠤᠨ ᠺᠢᠷᠢᠯ ᠮᠣᠩᠭᠤᠯ ᠦᠰᠦᠭᠲᠦ ᠣᠷᠴᠢᠭᠤᠯᠤᠨ᠂ ᠮᠣᠩᠭᠤᠯ ᠤᠯᠤᠰ᠎ᠤᠨ ᠤᠩᠱᠢᠭᠴᠢᠳ᠎ᠲᠤ ᠬᠦᠷᠳᠡᠭᠡᠬᠦ᠎ᠪᠡᠷ ᠪᠤᠢ᠃
ᠪᠢᠳᠡ 《ᠵᠠᠭᠤᠨ ᠵᠢᠯ᠎ᠤᠨ ᠵᠠᠭᠤᠨ ᠪᠦᠳᠦᠬᠡᠯ》 ᠴᠤᠪᠤᠷᠠᠯ ᠨᠣᠮ᠎ᠢ ᠺᠢᠷᠢᠯ᠎ᠢᠶᠠᠷ ᠬᠡᠪᠯᠡᠭᠦᠯᠬᠦ ᠬᠡᠪᠯᠡᠯ᠎ᠦᠨ ᠡᠷᠬᠡ᠎ᠳᠤ ᠵᠥᠪᠱᠢᠶᠡᠷᠡᠯ ᠣᠯᠭᠤᠬᠤ ᠳᠣᠬᠢᠶᠠᠯ᠎ᠢ ᠠᠱᠢᠭᠯᠠᠨ᠂ ᠱᠢᠯᠢᠳᠡᠭ ᠵᠣᠬᠢᠶᠠᠯᠴᠢ ᠪᠠ ᠵᠣᠬᠢᠶᠠᠯ ᠪᠦᠳᠦᠬᠡᠯ᠎ᠳᠤ ᠤᠯᠠᠨ ᠤᠯᠤᠰ᠎ᠤᠨ ᠰᠣᠯᠢᠯᠴᠠᠭᠠᠨ᠎ᠤ ᠳᠠᠪᠴᠠᠩ ᠬᠠᠩᠭᠠᠨ᠂ ᠤᠯᠠᠨ ᠤᠯᠤᠰ᠎ᠤᠨ ᠰᠣᠶᠤᠯ᠎ᠤᠨ ᠰᠣᠯᠢᠯᠴᠠᠭ᠎ᠠ ᠬᠠᠮᠳᠤᠷᠠᠯᠴᠠᠭ᠎ᠠ᠂ ᠰᠣᠶᠤᠯ᠎ᠤᠨ ᠳᠠᠶᠠᠩᠴᠢᠯᠠᠯᠳᠠ᠂ ᠤᠯᠠᠨ ᠶᠠᠩᠵᠤᠴᠢᠯᠠᠯᠳᠠ ᠪᠠ ᠳᠡᠯᠬᠡᠷᠡᠯᠳᠡᠶᠢ ᠠᠬᠢᠭᠤᠯᠬᠤ᠎ᠪᠡᠷ ᠴᠢᠷᠮᠠᠢᠵᠦ ᠪᠠᠢᠨ᠎ᠠ᠃ ᠡᠨᠡ᠎ᠨᠢ ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ ᠪᠣᠯᠤᠨ ᠮᠣᠩᠭᠤᠯ ᠤᠯᠤᠰ᠎ᠤᠨ ᠬᠡᠪᠯᠡᠯ᠎ᠦᠨ ᠬᠢᠨ᠎ᠦ ᠰᠣᠶᠤᠯ᠎ᠤᠨ ᠰᠣᠯᠢᠯᠴᠠᠭ᠎ᠠ ᠪᠠ ᠬᠠᠮᠳᠤᠷᠠᠯᠴᠠᠭ᠎ᠠ᠎ᠶᠢ ᠥᠷᠭᠡᠳᠭᠡᠨ ᠲᠡᠯᠡᠬᠦ᠎ᠳᠤ ᠠᠱᠢᠭᠳᠠᠢ᠎ᠪᠡᠷ ᠪᠠᠷᠠᠬᠤ᠎ᠦᠭᠡᠢ ᠳᠤᠳᠤᠭᠠᠳᠤ ᠭᠠᠳᠠᠭᠠᠳᠤ᠎ᠶᠢᠨ ᠰᠣᠶᠤᠯ᠎ᠤᠨ ᠠᠭᠤᠰᠤᠯᠴᠠᠯ᠂ ᠠᠷᠠᠳ ᠤᠯᠠᠨ᠎ᠤ ᠣᠢᠯᠠᠭᠠᠯᠴᠠᠯ ᠨᠡᠪᠳᠡᠷᠡᠯᠴᠡᠯ᠎ᠳᠤ ᠱᠢᠨ᠎ᠡ ᠬᠥᠭᠦᠷᠭᠡ ᠳᠠᠯᠪᠢᠵᠦ ᠥᠭᠬᠦ᠎ᠨᠢ ᠯᠠᠪᠳᠠᠢᠶᠤᠮ᠃ ᠪᠢᠳᠡᠨ᠎ᠦ ᠬᠠᠮᠳᠤ᠎ᠶᠢᠨ ᠴᠢᠷᠮᠠᠢᠯᠭ᠎ᠠ ᠮᠠᠨᠢ ᠳᠤᠮᠳᠠᠳᠤ ᠤᠯᠤᠰ ᠴᠢᠨᠠᠭᠱᠢᠯᠠᠭᠠᠳ ᠳᠡᠯᠡᠬᠡᠢ᠎ᠶᠢᠨ ᠰᠣᠶᠤᠯ᠎ᠤᠨ ᠴᠡᠴᠡᠭᠯᠡᠯᠳᠠ ᠬᠦᠭᠵᠢᠯᠳᠠ᠎ᠶᠢ ᠳᠦᠯᠬᠢᠨ ᠠᠬᠢᠭᠤᠯᠬᠤ ᠪᠤᠯᠳᠤᠭᠠᠢ᠃
ᠣᠷᠴᠢᠭᠤᠯᠤᠭᠴᠢ᠄ ᠲᠡᠷᠭᠡᠯ