ᠬᠥᠬᠡᠬᠣᠲᠠ ᠳ᠋ᠡᠬᠢ ᠬᠢᠩᠭᠠᠨ ᠨᠤᠲᠤᠭᠲᠡᠳ ᠲᠥᠷᠦᠭᠰᠡᠨ ᠨᠤᠲᠤᠭ ᠲᠤ᠌ ᠪᠠᠨ ᠲᠦᠮᠡ ᠭᠠᠷᠥᠢ ᠲᠠᠪᠳᠡᠷ ᠮᠣᠩᠭᠤᠯ ᠨᠣᠮ ᠬᠠᠨᠳᠢᠪᠯᠠᠯ᠎ᠠ
2019.12.31

  12 ᠰᠠᠷ᠎ᠠ ᠶ᠋ᠢᠨ 11  ᠤ᠋ ᠡᠳᠦᠷ᠂ ᠬᠢᠩᠭᠠᠨ ᠠᠢᠮᠠᠭ ᠤ᠋ᠨ ᠰᠣᠶᠤᠯ ᠵᠤᠭᠠᠴᠠᠯ ᠪᠡᠶ᠎ᠡ ᠶ᠋ᠢᠨ ᠲᠠᠮᠢᠷ  ᠤ᠋ᠨ ᠲᠣᠪᠴᠢᠶ᠎ᠠ ᠡᠴᠡ ᠵᠣᠬᠢᠶᠠᠨ ᠪᠠᠢᠭᠤᠯᠤᠭᠰᠠᠨ 《ᠨᠤᠲᠤᠭᠴᠢ ᠰᠡᠳᠭᠢᠯᠭᠡ ᠬᠢᠩᠭᠠᠨ ᠲᠡᠢᠰᠢ ᠲᠡᠮᠡᠤᠯᠡᠵᠦ ᠶᠡᠬᠡ ᠬᠠᠢᠷ᠎ᠠ ᠨᠣᠮ ᠤ᠋ᠨ ᠬᠠᠭᠤᠳᠠᠰᠦᠨ᠎ᠠ ᠱᠢᠩᠭᠡᠨᠡᠮ》 ᠭᠡᠬᠦ ᠬᠢᠩᠭᠠᠨ ᠠᠢᠮᠠᠭ ᠤ᠋ᠨ ᠨᠣᠮ ᠤ᠋ᠨ ᠰᠠᠩ ᠳ᠋ᠤ᠌ ᠮᠣᠩᠭᠤᠯ ᠨᠣᠮ ᠬᠠᠨᠳᠢᠪᠯᠠᠬᠤ ᠭᠣᠣᠯ ᠰᠡᠳᠦᠪᠲᠦ ᠠᠵᠢᠯᠯᠠᠭ᠎ᠠ ᠬᠥᠬᠡᠬᠣᠲᠠ ᠳ᠋ᠤ᠌ ᠶᠠᠪᠤᠭᠳᠠᠯ᠎ᠠ᠃ ᠠᠵᠢᠯᠯᠠᠭᠠᠨ ᠳ᠋ᠦ᠍᠂ ᠰᠣᠨᠢᠨ ᠮᠡᠳᠡᠭᠡ ᠬᠡᠪᠯᠡᠯ ᠤ᠋ᠨ ᠪᠠᠢᠭᠤᠯᠭ᠎ᠠ ᠪᠣᠯᠤᠨ ᠶᠡᠬᠡ ᠳᠡᠭᠡᠳᠦ ᠰᠤᠷᠭᠠᠭᠤᠯᠢ᠂ ᠰᠤᠳᠤᠯᠭᠠᠨ ᠤ᠋ ᠪᠠᠢᠭᠤᠯᠤᠮᠵᠢ ᠵᠢᠴᠢ ᠬᠢᠩᠭᠠᠨ ᠨᠤᠲᠤᠭᠲᠠᠢ ᠬᠥᠬᠡᠬᠣᠲᠠ ᠳ᠋ᠤ᠌ ᠠᠵᠢᠯᠯᠠᠵᠦ ᠠᠮᠢᠳᠦᠷᠠᠵᠦ ᠪᠠᠢᠭ᠎ᠠ ᠨᠤᠲᠤᠭ ᠨᠢᠭᠡᠲᠡᠳ ᠡᠴᠡ ᠨᠠᠢᠳᠠ ᠲᠦᠮᠡ ᠭᠠᠷᠥᠢ ᠳᠡᠪᠲᠡᠷ ᠮᠣᠩᠭᠤᠯ ᠨᠣᠮ ᠬᠠᠨᠳᠢᠪᠯᠠᠭᠰᠠᠨ ᠪᠠᠢᠨ᠎ᠠ᠃

  ᠣᠢᠯᠠᠭᠠᠭᠰᠠᠨ ᠵᠢᠷ᠂ ᠬᠢᠩᠭᠠᠨ ᠠᠢᠮᠠᠭ  ᠤ᠋ᠨ ᠨᠣᠮ ᠤ᠋ᠨ ᠰᠠᠩ 1991 ᠣᠨ ᠳ᠋ᠤ᠌ ᠪᠠᠢᠭᠤᠯᠤᠭᠳᠡᠵᠦ᠂ 2017 ᠣᠨ ᠳ᠋ᠤ᠌ ᠱᠢᠨ᠎ᠡ ᠪᠠᠭᠤᠴᠠ ᠳ᠋ᠤ᠌ ᠪᠠᠨ ᠨᠡᠭᠦᠭᠰᠡᠨ ᠶᠤᠮ᠃ ᠭᠡᠪᠡᠴᠦ᠂ ᠮᠣᠩᠭᠤᠯ ᠨᠣᠮ ᠤ᠋ᠨ ᠬᠠᠳᠠᠭᠠᠯᠠᠮᠵᠢ ᠠᠷᠠᠢ ᠭᠡᠵᠦ 3000 ᠭᠠᠷᠥᠢ ᠳᠡᠪᠲᠡᠷ ᠪᠠᠢᠵᠦ᠂ ᠮᠣᠩᠭᠤᠯ ᠤᠩᠰᠢᠭᠴᠢᠳ ᠤ᠋ᠨ ᠬᠡᠷᠡᠭᠴᠡᠭᠡ ᠱᠠᠭᠠᠷᠳᠠᠯᠭ᠎ᠠ ᠶ᠋ᠢ ᠬᠠᠩᠭ᠋ᠠᠵᠦ ᠳᠡᠢᠯᠬᠦ ᠦᠭᠡᠢ ᠪᠠᠢᠵᠠᠢ᠃《ᠤᠭ ᠰᠠᠨᠠᠭ᠎ᠠ ᠪᠠᠨ ᠦᠯᠦ ᠮᠠᠷᠲᠠᠨ ᠡᠭᠦᠷᠭᠡ ᠬᠠᠷᠢᠭᠤᠴᠠᠯᠭ᠎ᠠ ᠪᠠᠨ ᠪᠠᠲᠦ ᠴᠡᠭᠡᠵᠢᠯᠡᠬᠦ》 ᠭᠣᠣᠯ ᠰᠡᠳᠦᠪᠲᠦ ᠬᠥᠮᠦᠵᠢᠯ ᠤ᠋ᠨ ᠠᠵᠢᠯᠯᠠᠭ᠎ᠠ ᠳᠤᠮᠳᠠ ᠬᠢᠩᠭᠠᠨ ᠠᠢᠮᠠᠭ ᠤ᠋ᠨ ᠰᠣᠶᠤᠯ ᠵᠤᠭᠠᠴᠠᠯ ᠪᠡᠶ᠎ᠡ ᠶ᠋ᠢᠨ ᠲᠠᠮᠢᠷ ᠤ᠋ᠨ ᠲᠣᠪᠴᠢᠶ᠎ᠠ  ᠶ᠋ᠢᠨ ᠬᠢᠨ ᠠᠷᠠᠳ ᠣᠯᠡᠨ ᠤ᠋ ᠢᠷᠡᠭᠦᠯᠦᠭᠰᠡᠨ《ᠠᠢᠮᠠᠭ ᠤ᠋ᠨ ᠨᠣᠮ ᠤ᠋ᠨ ᠰᠠᠩ  ᠳ᠋ᠤ᠌ ᠮᠣᠩᠭᠤᠯ ᠨᠣᠮ ᠳᠤᠲᠠᠮᠠᠭ᠂ ᠲᠥᠷᠦᠯ ᠵᠦᠢᠯ ᠨᠢ ᠴᠦ᠋ᠬᠡᠨ᠂ ᠮᠣᠩᠭᠤᠯ ᠠᠵᠢᠯᠲᠠᠨ ᠤ᠋ ᠲᠣᠭ᠎ᠠ ᠪᠠᠭ᠎ᠠ ᠪᠠᠢᠨ᠎ᠠ》 ᠭᠡᠰᠡᠨ ᠰᠠᠨᠠᠯ ᠰᠠᠨᠠᠭᠤᠯᠭ᠎ᠠ ᠶ᠋ᠢ ᠲᠣᠰᠦᠨ ᠣᠯᠤᠭᠰᠠᠨ ᠤ᠋ ᠳᠠᠷᠠᠭ᠎ᠠ᠂ ᠲᠤᠰᠭᠠᠢ ᠠᠵᠢᠯᠯᠠᠬᠤ ᠳᠤᠭᠤᠢᠯᠠᠩ ᠪᠠᠢᠭᠤᠯᠵᠦ ᠬᠢᠩᠭᠠᠨ ᠠᠢᠮᠠᠭ ᠤ᠋ᠨ ᠨᠣᠮ ᠤ᠋ᠨ ᠰᠠᠩ ᠳ᠋ᠤ᠌ ᠮᠣᠩᠭᠤᠯ ᠨᠣᠮ ᠪᠢᠴᠢᠭ ᠤ᠋ᠨ ᠬᠠᠳᠠᠭᠠᠯᠠᠮᠵᠢ ᠶ᠋ᠢᠨ ᠲᠤᠬᠠᠢ ᠪᠠᠢᠴᠠᠭᠠᠯᠠᠯᠲᠠ ᠬᠢᠭᠰᠡᠨ ᠰᠠᠭᠤᠷᠢᠨ ᠳᠡᠭᠡᠷ᠎ᠡ ᠬᠢᠩᠭᠠᠨ ᠠᠢᠮᠠᠭ ᠤ᠋ᠨ ᠨᠣᠮ  ᠤ᠋ᠨ ᠰᠠᠩ ᠳ᠋ᠤ᠌ ᠮᠣᠩᠭᠤᠯ ᠨᠣᠮ ᠪᠢᠴᠢᠭ ᠤ᠋ᠨ ᠬᠡᠯᠲᠡᠰ ᠢ᠋ ᠪᠡᠯᠡᠳᠬᠡᠨ ᠪᠠᠢᠭᠤᠯᠵᠦ᠂ 800 m²  ᠤ᠋ᠨ ᠮᠣᠩᠭᠤᠯ ᠨᠣᠮ ᠤ᠋ᠨ ᠣᠩᠱᠢᠯᠭ᠎ᠠ ᠶ᠋ᠢᠨ ᠥᠷᠦᠭᠡ ᠭᠠᠷᠭᠠᠵᠤ᠂ ᠠᠢᠮᠠᠭ ᠤ᠋ᠨ ᠨᠠᠮ ᠤ᠋ᠨ ᠬᠣᠷᠢᠶ᠎ᠠ᠂ ᠠᠢᠮᠠᠭ ᠤ᠋ᠨ ᠵᠠᠬᠢᠷᠭ᠎ᠠ ᠡᠴᠡ ᠲᠤᠰᠭᠠᠢ ᠪᠡᠯᠡ ᠮᠥᠩᠭᠦ ᠪᠠ ᠴᠢᠳᠠᠪᠤᠷᠢᠲᠠᠨ ᠲᠣᠬᠢᠷᠠᠭᠤᠯᠵᠦ᠂ ᠥᠷᠭᠡᠨ ᠣᠯᠠᠨ ᠮᠣᠩᠭᠤᠯ ᠤᠩᠰᠢᠭᠴᠢᠳ ᠲᠦ᠍ ᠪᠡᠨ ᠨᠡᠩ ᠰᠠᠢᠨ ᠦᠢᠯᠡᠴᠢᠯᠡᠬᠦ ᠪᠡᠷ ᠵᠣᠷᠢᠭ ᠨᠢᠭᠡᠲᠠᠢ ᠠᠵᠢᠯᠯᠠᠵᠦ ᠪᠠᠢᠭ᠎ᠠ ᠶᠤᠮ᠃ ᠮᠥᠨ ᠴᠦ᠍᠂ ᠲᠤᠰ ᠨᠣᠮ  ᠤ᠋ᠨ ᠰᠠᠩ ᠤ᠋ᠨ ᠬᠢᠨ ᠮᠣᠩᠭᠤᠯ ᠨᠣᠮ ᠪᠢᠴᠢᠭ ᠬᠤᠳᠠᠯᠳᠤᠨ ᠠᠪᠬᠤ᠂ ᠬᠠᠨᠳᠢᠪ ᠲᠣᠰᠬᠤ᠂ ᠬᠦᠷᠭᠡᠨ ᠬᠠᠳᠠᠭᠠᠯᠠᠭᠤᠯᠬᠤ ᠵᠡᠷᠭᠡ ᠣᠯᠠᠨ ᠠᠷᠭ᠎ᠠ ᠠᠪᠴᠠᠯ ᠢ᠋ᠶ᠋ᠡᠷ ᠮᠣᠩᠭᠤᠯ ᠨᠣᠮ ᠪᠢᠴᠢᠭ ᠤ᠋ᠨ ᠴᠦ᠋ᠬᠡᠨ ᠪᠠᠢᠭ᠎ᠠ ᠪᠠᠨ ᠨᠥᠬᠦᠪᠦᠷᠢᠯᠡᠬᠦ ᠪᠡᠷ ᠪᠣᠢ᠃

  《ᠪᠢᠳᠡ ᠨᠤᠲᠤᠭ ᠨᠢᠭᠡᠲᠡᠳ ᠬᠢᠭᠡᠳ ᠡᠯ᠎ᠡ ᠡᠲᠡᠭᠡᠳ ᠤ᠋ᠨ ᠬᠠᠷᠠᠮ ᠦᠭᠡᠢ ᠬᠠᠨᠳᠢᠪᠯᠠᠭᠰᠠᠨ ᠮᠣᠩᠭᠤᠯ ᠨᠣᠮ ᠪᠢᠴᠢᠭ  ᠢ᠋ ᠰᠠᠢᠲᠤᠷ ᠬᠠᠳᠠᠭᠠᠯᠠᠨ᠂ ᠲᠡᠭᠦᠨ ᠤ᠋ ᠦᠢᠯᠡᠳᠦᠯ ᠢ᠋ ᠭᠦᠢᠴᠡᠳ ᠪᠠᠳᠠᠷᠠᠭᠤᠯᠬᠤ ᠪᠡᠷ ᠦᠯᠦ ᠪᠠᠷᠠᠨ ᠮᠣᠩᠭᠤᠯ ᠣᠩᠱᠢᠯᠭ᠎ᠠ ᠶ᠋ᠢᠨ ᠥᠷᠦᠭᠡᠨ ᠳ᠋ᠤ᠌ ᠪᠠᠨ ᠮᠣᠩᠭᠤᠯ ᠰᠣᠶᠤᠯ ᠲᠠᠢ ᠬᠣᠯᠪᠤᠭᠳᠠᠭᠰᠠᠨ ᠣᠯᠠᠨ ᠵᠦᠢᠯ ᠤ᠋ᠨ ᠨᠡᠢᠭᠡᠮ ᠤ᠋ᠨ ᠠᠵᠢᠯᠯᠠᠭ᠎ᠠ ᠶ᠋ᠢ ᠡᠷᠬᠢᠯᠡᠨ ᠶᠠᠪᠤᠭᠳᠠᠭᠤᠯᠬᠤ ᠪᠡᠷ ᠵᠣᠷᠢᠭ ᠰᠢᠭᠤᠳᠴᠦ ᠪᠠᠢᠨ᠎ᠠ᠃ ᠮᠥᠨ ᠴᠦ᠍᠂ ᠨᠡᠢᠭᠡᠮ ᠤ᠋ᠨ ᠡᠯ᠎ᠡ ᠡᠲᠡᠭᠡᠳ  ᠤ᠋ᠨ ᠬᠠᠯᠠᠭᠤᠨ ᠰᠡᠳᠭᠢᠯᠲᠦ ᠬᠥᠮᠦᠰ ᠤ᠋ᠨ ᠬᠢᠩᠭᠠᠨ ᠠᠢᠮᠠᠭ ᠤ᠋ᠨ ᠨᠣᠮ ᠤ᠋ᠨ ᠰᠠᠩ ᠤ᠋ᠨ ᠮᠣᠩᠭᠤᠯ ᠣᠩᠱᠢᠯᠭ᠎ᠠ ᠶ᠋ᠢᠨ ᠥᠷᠦᠭᠡᠨ ᠳ᠋ᠤ᠌ ᠨᠣᠮ ᠪᠢᠴᠢᠭ ᠢ᠋ᠶ᠋ᠡᠨ ᠬᠦᠷᠭᠡᠨ ᠬᠠᠢᠷᠠᠯᠠᠬᠤ ᠶ᠋ᠢ ᠬᠦᠰᠡᠨ ᠬᠦᠯᠢᠶᠡᠵᠦ ᠪᠠᠢᠨ᠎ᠠ》 ᠭᠡᠵᠦ ᠬᠢᠩᠭᠠᠨ ᠠᠢᠮᠠᠭ ᠤ᠋ᠨ ᠨᠣᠮ ᠤ᠋ᠨ ᠰᠠᠩ ᠤ᠋ᠨ ᠬᠠᠷᠢᠭᠤᠴᠠᠯᠭᠠᠲᠠᠨ ᠰᠤᠷᠪᠤᠯᠵᠢᠯᠠᠭ᠎ᠠ ᠬᠦᠯᠢᠶᠡᠬᠦ ᠳ᠋ᠤ᠌ ᠪᠠᠨ ᠶᠠᠷᠢᠯ᠎ᠠ᠃

 

 

        ᠰᠤᠷᠪᠤᠯᠵᠢᠯᠠᠭᠴᠢ᠄ ᠴᠡᠩ ᠡᠾᠸ  ᠶᠢᠰᠦᠨ᠎ᠡ   ᠹᠦ ᠬᠸᠡ

        ᠢᠷᠡᠯᠲᠡ᠄ ᠥᠪᠦᠷ ᠮᠣᠩᠭᠤᠯ ᠤ᠋ᠨ ᠡᠳᠦᠷ  ᠤ᠋ᠨ ᠰᠣᠨᠢᠨ

(ᠬᠠᠷᠢᠭᠤᠴᠠᠭᠰᠠᠨ ᠨᠠᠢᠷᠠᠭᠤᠯᠤᠭᠴᠢ : ᠰᠠᠭᠤᠷᠢᠪᠡᠬᠢ)

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠦᠪᠦᠷ
ᠮᠤᠩᠭ᠋ᠤᠯ ᠤᠨ
ᠬᠡᠪᠯᠡᠯ ᠤ᠋ᠨ
ᠪᠦᠯᠦᠭᠯᠡᠯ
ᠬᠡᠪᠯᠡᠯ ᠤ᠋ᠨ
ᠡᠷᠬᠡ ᠲᠡᠢ
ᠦᠪᠦᠷ
ᠮᠤᠩᠭ᠋ᠤᠯ ᠤᠨ
ᠮᠤᠨᠢ
ᠨᠡᠷᠡᠮᠵᠢᠲᠦ
ᠰᠤᠶᠤᠯ ᠤᠨ
ᠵᠠᠭᠤᠴᠢ
ᠪᠦᠷᠢᠨ 
ᠪᠤᠰᠤ
ᠬᠠᠷᠢᠭᠤᠴᠠᠯᠭᠠᠳᠤ 
ᠺᠤᠮᠫᠠᠨᠢ
ᠲᠦᠰᠦᠪᠯᠡᠨ
ᠦᠢᠯᠡᠳᠪᠡ
ᠦᠪᠦᠷ
ᠮᠤᠩᠭ᠋ᠤᠯ ᠤᠨ
ᠳᠡᠯᠡᠬᠡᠢ
ᠮᠡᠳᠡᠭᠡ
ᠵᠠᠩᠬᠢ
ᠮᠡᠷᠭᠡᠵᠢᠯ ᠤᠨ
ᠬᠢᠵᠠᠭᠠᠷᠲᠤ
ᠺᠤᠮᠫᠠᠨᠢ
ᠮᠡᠷᠭᠡᠵᠢᠯ
ᠬᠠᠩᠭ᠋ᠠᠪᠠ
ᠬᠠᠶᠢ᠍ᠭ᠄
ᠦᠪᠦᠷ
ᠮᠤᠩᠭ᠋ᠤᠯ ᠤᠨ
ᠦᠪᠡᠷᠲᠡᠭᠡᠨ
ᠵᠠᠰᠠᠬᠤ
ᠤᠷᠤᠨ ᠤ
ᠬᠦᠬᠡᠬᠤᠳᠠ ᠵᠢᠨ ᠰᠢᠨ᠎ᠡ
ᠬᠤᠲᠠ
ᠲᠤᠭᠤᠷᠢᠭ ᠤᠨ
ᠰᠢᠩᠬᠤᠸᠠ
ᠵᠡᠬᠦᠨ
ᠵᠡᠭᠡᠯᠢ ᠵᠢᠨ
89ᠨᠤᠮᠧᠷ
ᠦᠪᠤᠷ
ᠮᠤᠩᠭ᠋ᠤᠯ ᠤᠨ
ᠬᠡᠪᠯᠡᠯ ᠤᠨ
ᠪᠦᠯᠦᠭᠯᠡᠯ