ᠥᠪᠤᠷ ᠮᠣᠩᠭᠤᠯ ᠤ᠋ᠨ ᠬᠡᠪᠯᠡᠯ ᠦ᠋ᠨ ᠪᠦᠯᠦᠭᠯᠡᠯ ᠨᠠᠮ ᠤ᠋ᠨ ᠪᠠᠢᠭᠤᠯᠤᠯᠲᠠ ᠶ᠋ᠢᠨ ᠠᠵᠢᠯ ᠤ᠋ᠨ ᠬᠤᠷᠠᠯ ᠬᠤᠷᠠᠯᠳᠤᠪᠠ
2020.03.19

  ᠥᠪᠤᠷ ᠮᠣᠩᠭᠤᠯ ᠤ᠋ᠨ ᠬᠡᠪᠯᠡᠯ ᠦ᠋ᠨ ᠪᠦᠯᠦᠭᠯᠡᠯ ᠨᠢ 3 ᠰᠠᠷ᠎ᠠ ᠶ᠋ᠢᠨ 19 ᠤ᠋ ᠡᠳᠦᠷ ᠦ᠋ᠨ ᠦᠳᠡ ᠶ᠋ᠢᠨ ᠡᠮᠦᠨ᠎ᠡ ᠶ᠋ᠢᠨ 9 ᠴᠠᠭ ᠲᠤ᠌ ᠨᠠᠮ ᠤ᠋ᠨ ᠪᠠᠢᠭᠤᠯᠤᠯᠲᠠ ᠶ᠋ᠢᠨ ᠠᠵᠢᠯ ᠤ᠋ᠨ ᠬᠤᠷᠠᠯᠳᠤᠭᠠᠨ ᠬᠤᠷᠠᠯᠳᠤᠭᠤᠯᠪᠠ᠃ ᠬᠤᠷᠠᠯ ᠨᠢ ᠲᠦᠷᠰᠦ ᠰᠢᠩᠭᠡᠭᠡᠯᠳᠡ ᠶ᠋ᠢᠨ ᠬᠤᠷᠠᠯ ᠤ᠋ᠨ ᠬᠡᠯᠪᠡᠷᠢ ᠪᠡᠷ ᠶᠠᠪᠤᠭᠳᠠᠵᠤ᠂ ᠨᠢᠭᠡ ᠭᠣᠣᠯ ᠬᠤᠷᠠᠯ ᠤ᠋ᠨ ᠲᠠᠯᠠᠪᠠᠢ ᠪᠠ ᠭᠤᠷᠪᠠᠨ ᠬᠤᠪᠢᠶᠠᠷᠢ ᠬᠤᠷᠠᠯ ᠤ᠋ᠨ ᠲᠠᠯᠠᠪᠠᠢ ᠶ᠋ᠢ ᠲᠣᠬᠢᠷᠠᠭᠤᠯᠵᠠᠢ᠃

ᠭᠣᠣᠯ ᠬᠤᠷᠠᠯ ᠤ᠋ᠨ ᠲᠠᠯᠠᠪᠠᠢ

  ᠥᠪᠤᠷ ᠮᠣᠩᠭᠤᠯ ᠤ᠋ᠨ ᠬᠡᠪᠯᠡᠯ ᠦ᠋ᠨ ᠪᠦᠯᠦᠭᠯᠡᠯ ᠦ᠋ᠨ ᠶᠡᠷᠦᠩᠬᠡᠢ ᠨᠠᠢᠷᠠᠭᠤᠯᠤᠭᠴᠢ ᠴᠡᠴᠡᠭ ᠨᠥᠬᠦᠷ ᠬᠤᠷᠠᠯ ᠢ᠋ ᠡᠷᠬᠢᠯᠡᠵᠤ᠂ ᠥᠪᠤᠷ ᠮᠣᠩᠭᠤᠯ ᠤ᠋ᠨ ᠬᠡᠪᠯᠡᠯ ᠦ᠋ᠨ ᠪᠦᠯᠦᠭᠯᠡᠯ ᠦ᠋ᠨ ᠨᠠᠮ ᠤ᠋ᠨ ᠬᠣᠷᠢᠶᠠᠨ ᠤ᠋ ᠱᠦᠵᠢ᠂ ᠬᠡᠷᠡᠭ ᠮᠡᠳᠡᠭᠴᠢᠳ ᠦ᠋ᠨ ᠳᠠᠷᠤᠭ᠎ᠠ ᠱᠤᠸᠠᠩ ᠯᠦᠩ ᠨᠥᠬᠦᠷ ᠬᠡᠪᠯᠡᠯ ᠦ᠋ᠨ ᠪᠦᠯᠦᠭᠯᠡᠯ ᠦ᠋ᠨ 2019 ᠣᠨ ᠤ᠋ ᠨᠠᠮ ᠦ᠋ᠨ ᠪᠠᠢᠭᠤᠯᠤᠯᠲᠠ ᠶ᠋ᠢᠨ ᠠᠵᠢᠯ ᠢ᠋ ᠪᠥᠬᠦ ᠲᠠᠯ᠎ᠠ ᠪᠠᠷ ᠳ᠋ᠦᠩᠨᠠᠵᠤ᠂ 2020 ᠣᠨ ᠤ᠋ ᠨᠠᠮ ᠤ᠋ᠨ ᠪᠠᠢᠭᠤᠯᠤᠯᠳᠠ ᠶ᠋ᠢᠨ ᠠᠵᠢᠯ ᠳ᠋ᠤ᠌ ᠨᠠᠷᠢᠨ ᠪᠠᠢᠷᠢᠯᠠᠭᠤᠯᠤᠯᠳᠠ ᠬᠢᠭᠰᠡᠨ ᠪᠠᠢᠨ᠎ᠠ᠃

ᠥᠪᠤᠷ ᠮᠣᠩᠭᠤᠯ ᠤ᠋ᠨ ᠬᠡᠪᠯᠡᠯ ᠦ᠋ᠨ ᠪᠦᠯᠦᠭᠯᠡᠯ ᠦ᠋ᠨ ᠨᠠᠮ ᠤ᠋ᠨ ᠬᠣᠷᠢᠶᠠᠨ ᠤ᠋ ᠱᠦᠵᠢ᠂ ᠬᠡᠷᠡᠭ ᠮᠡᠳᠡᠭᠴᠢᠳ ᠦ᠋ᠨ ᠳᠠᠷᠤᠭ᠎ᠠ ᠱᠤᠸᠠᠩ ᠯᠦᠩ ᠶᠠᠷᠢᠶ᠎ᠠ ᠲᠠᠯᠪᠢᠵᠤ ᠪᠠᠢᠭ᠎ᠠ ᠨᠢ

  ᠬᠡᠪᠯᠡᠯ ᠦ᠋ᠨ ᠪᠦᠯᠦᠭᠯᠡᠯ ᠦ᠋ᠨ ᠨᠠᠮ ᠤ᠋ᠨ ᠬᠣᠷᠢᠶᠠᠨ ᠤ᠋ ᠱᠦᠵᠢ᠂ ᠬᠡᠷᠡᠭ ᠮᠡᠳᠡᠭᠴᠢᠳ ᠦ᠋ᠨ ᠳᠠᠷᠤᠭ᠎ᠠ ᠱᠤᠸᠠᠩ ᠯᠦᠩ ᠨᠥᠬᠦᠷ ᠠᠵᠢᠯ ᠤ᠋ᠨ ᠳ᠋ᠦᠩᠨᠡᠯᠲᠡ ᠳ᠋ᠦ᠍ ᠪᠡᠨ᠄《ᠬᠡᠪᠯᠡᠯ ᠦ᠋ᠨ ᠪᠦᠯᠦᠭᠯᠡᠯ ᠨᠢ ᠨᠠᠮ ᠤ᠋ᠨ ᠠᠷᠪᠠ ᠶᠢᠰᠦᠳᠦᠭᠡᠷ ᠶᠡᠬᠡ ᠬᠤᠷᠠᠯ ᠵᠢᠴᠢ ᠠᠷᠪᠠ ᠶᠢᠰᠦᠳᠦᠭᠡᠷ ᠬᠤᠭᠤᠴᠠᠭᠠᠨ ᠤ᠋ ᠬᠣᠶᠠᠳᠤᠭᠠᠷ᠂ ᠭᠤᠷᠪᠠᠳᠤᠭᠠᠷ᠂ ᠳᠥᠷᠪᠡᠳᠦᠭᠡᠷ ᠪᠦᠭᠦᠳᠡ ᠬᠤᠷᠠᠯᠳᠤᠭᠠᠨ ᠤ᠋ ᠦᠵᠡᠯ ᠰᠠᠨᠠᠭ᠎ᠠ ᠶ᠋ᠢ ᠲᠤᠭᠤᠰᠢᠯᠠᠭᠤᠯᠵᠤ᠂ ᠰᠢ ᠶᠢᠨ ᠫᠢᠩ ᠦᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠪᠥᠬᠥᠶ ᠨᠡᠢᠭᠡᠮ ᠵᠢᠷᠤᠮ ᠤᠨ ᠦᠵᠡᠯ ᠰᠠᠨᠠᠭ᠎ᠠ ᠪᠣᠯᠤᠨ ᠰᠢ ᠵᠢᠨ ᠫᠢᠩ ᠶᠡᠷᠦᠩᠬᠡᠢ ᠱᠦᠵᠢ ᠶ᠋ᠢᠨ ᠥᠪᠤᠷ ᠮᠣᠩᠭᠤᠯ ᠳ᠋ᠤ᠌ ᠪᠠᠢᠴᠠᠭᠠᠨ ᠰᠤᠳᠤᠯᠤᠯᠳᠠ ᠬᠢᠬᠦ ᠦᠶ᠎ᠡ ᠶ᠋ᠢᠨ ᠴᠢᠬᠤᠯᠡ ᠶᠠᠷᠢᠶᠠᠨ ᠤ᠋ ᠵᠣᠷᠢᠭ ᠰᠠᠨᠠᠭ᠎ᠠ ᠶ᠋ᠢ ᠭᠦᠨᠵᠡᠭᠡᠢ ᠰᠤᠷᠤᠯᠴᠠᠵᠤ ᠪᠠᠳᠤᠳᠠᠢ ᠲᠤᠭᠤᠰᠢᠯᠠᠭᠤᠯᠤᠨ᠂ ᠦᠪᠡᠷᠳᠡᠭᠡᠨ ᠵᠠᠰᠠᠬᠤ ᠣᠷᠤᠨ ᠤ᠋ ᠨᠠᠮ ᠤ᠋ᠨ ᠬᠤᠷᠢᠶ᠎ᠠ ᠵᠠᠰᠠᠭ ᠦ᠋ᠨ ᠣᠷᠳᠤᠨ ᠤ᠋ ᠰᠢᠢᠳᠪᠦᠷᠢᠲᠦ ᠪᠣᠳᠤᠯᠭ᠎ᠠ ᠶ᠋ᠢᠨ ᠪᠠᠢᠷᠢᠯᠠᠭᠤᠯᠤᠯᠲᠠ ᠶ᠋ᠢ ᠨᠠᠢᠳᠠᠪᠤᠷᠢᠵᠢᠭᠤᠯᠤᠨ᠂ ᠤᠳᠤᠷᠢᠳᠤᠯᠭ᠎ᠠ ᠶ᠋ᠢᠨ ᠬᠡᠪ ᠳᠠᠭᠤᠷᠢᠶᠠᠯ ᠦᠵᠡᠭᠦᠯᠬᠦ ᠶ᠋ᠢ ᠴᠢᠩᠭᠠᠳᠭᠠᠨ᠂ᠳᠥᠷᠪᠡᠨ ᠤᠬᠠᠮᠰᠠᠷ ᠢ᠋ ᠪᠠᠲᠦ ᠪᠤᠢ ᠪᠣᠯᠭᠠᠨ᠂ᠲᠦᠷᠪᠡᠨ ᠢᠳᠡᠭᠡᠯᠢ᠋ ᠪᠠᠲᠤᠵᠢᠭᠤᠯᠣᠨ᠂ᠬᠤᠶᠠᠷ ᠢ᠋ ᠬᠠᠮᠠᠭᠠᠯᠠᠬᠤ ᠶ᠋ᠢ ᠦᠨᠡᠨᠴᠢ ᠪᠠᠷ ᠦᠢᠯᠡᠳᠦᠯᠭᠡᠵᠢᠭᠦᠯᠵᠦ᠂ᠤᠭ ᠰᠠᠨᠠᠭ᠎ᠠ ᠪᠠᠨ ᠦᠯᠦ ᠮᠠᠷᠳᠠᠨ ᠡᠭᠦᠷᠭᠡ ᠬᠠᠷᠢᠭᠤᠴᠠᠯᠭ᠎ᠠ ᠪᠠᠨ ᠪᠠᠲᠦ ᠴᠡᠭᠡᠵᠢᠯᠡᠬᠦ ᠭᠣᠣᠯ ᠰᠡᠳᠦᠪᠲᠦ ᠰᠤᠷᠤᠯᠴᠠᠯᠭ᠎ᠠ ᠶ᠋ᠢ ᠨᠠᠷᠢᠨ ᠬᠢᠨᠠᠮᠠᠭᠠᠢ ᠥᠷᠨᠢᠭᠦᠯᠵᠦ᠂ ᠪᠦᠬᠦ ᠲᠠᠯ᠎ᠠ ᠪᠡᠷ ᠨᠠᠮ ᠤ᠋ᠨ ᠪᠠᠢᠭᠤᠯᠤᠯᠳᠠ ᠶ᠋ᠢ ᠴᠢᠩᠭᠠᠳᠭᠠᠬᠤ ᠶ᠋ᠢ ᠲᠦᠯᠬᠢᠨ ᠠᠬᠢᠭᠤᠯᠵᠤ᠂ ᠪᠦᠯᠦᠭᠯᠡᠯ ᠦ᠋ᠨ ᠥᠨᠳᠦᠷ ᠬᠤᠷᠳᠤᠴᠠᠲᠦ ᠳᠡᠭᠡᠳᠦ ᠪᠠᠷᠢᠮᠵᠢᠶᠠᠲᠦ ᠭᠥᠭᠵᠢᠯᠳᠠ ᠶ᠋ᠢ ᠪᠠᠲᠤᠯᠠᠵᠤ᠂ ᠠᠵᠤ ᠠᠬᠤᠢᠯᠠᠯ ᠤ᠋ᠨ ᠠᠮᠢᠯᠠᠯ ᠤ᠋ᠨ ᠬᠦᠴᠦᠨ ᠪᠠ ᠭᠥᠭᠵᠢᠯᠳᠠ ᠶ᠋ᠢᠨ ᠬᠦᠴᠦᠨ ᠢ᠋ ᠤᠯᠠᠮ ᠨᠢᠭᠡ ᠠᠯᠬᠤᠮ ᠨᠡᠮᠡᠭᠳᠡᠭᠦᠯᠦᠭᠰᠡᠭᠡᠷ ᠢᠷᠡᠵᠠᠢ ᠭᠡᠪᠠ᠃

ᠥᠪᠤᠷ ᠮᠣᠩᠭᠤᠯ ᠤ᠋ᠨ ᠬᠡᠪᠯᠡᠯ ᠦ᠋ᠨ ᠪᠦᠯᠦᠭᠯᠡᠯ ᠦ᠋ᠨ ᠶᠡᠷᠦᠩᠬᠡᠢ ᠨᠠᠢᠷᠠᠭᠤᠯᠤᠭᠴᠢ ᠴᠡᠴᠡᠭ

  ᠳ᠋ᠦᠩᠨᠡᠯᠲᠡ ᠪᠡᠨ ᠵᠢᠷᠭᠤᠭᠠᠨ ᠲᠠᠯ᠎ᠠ ᠡᠴᠡ ᠳᠡᠭᠡᠲᠦ ᠬᠡᠮᠵᠢᠶ᠎ᠡ ᠪᠡᠷ ᠬᠤᠷᠢᠶᠠᠩᠭᠤᠢᠯᠠᠵᠠᠢ᠄ ᠨᠢᠭᠡ ᠳ᠋ᠦ᠍᠂ ᠭᠣᠣᠯ ᠴᠣᠭᠴᠠ ᠶ᠋ᠢᠨ ᠡᠭᠦᠷᠭᠡ ᠬᠠᠷᠢᠭᠤᠴᠠᠯᠭ᠎ᠠ ᠪᠠᠨ ᠠᠳᠭᠤᠵᠤ᠂ ᠨᠠᠮ ᠤ᠋ᠨ ᠤᠳᠤᠷᠢᠳᠬᠤ ᠦᠢᠯᠡᠳᠤᠯ ᠢ᠋ ᠪᠠᠳᠠᠷᠠᠭᠤᠯᠪᠠ᠃ ᠬᠤᠶᠠᠷ ᠲᠤ᠌᠂ ᠭᠣᠣᠯ ᠰᠠᠳᠤᠪᠲᠦ ᠬᠥᠮᠦᠵᠢᠯ ᠢ᠋ ᠠᠳᠭᠤᠵᠤ᠂ ᠤᠯᠤᠰ ᠲᠥᠷᠦ ᠶ᠋ᠢᠨ ᠡᠭᠦᠷᠭᠡᠯᠡᠯ ᠢ᠋ ᠤᠯᠠᠮ ᠨᠢᠭᠡ ᠠᠯᠬᠤᠮ ᠴᠢᠩᠭᠠᠳᠭᠠᠪᠠ᠃ ᠭᠤᠷᠪᠠ ᠳ᠋ᠤ᠌᠂ ᠵᠣᠬᠢᠶᠠᠨ ᠪᠠᠢᠭᠤᠯᠤᠯᠲᠠ ᠶ᠋ᠢᠨ ᠪᠠᠢᠭᠤᠯᠤᠯᠳᠠ ᠶ᠋ᠢ ᠠᠳᠭᠤᠵᠤ᠂ ᠨᠠᠮ ᠤ᠋ᠨ ᠡᠭᠦᠷ ᠦ᠋ᠨ ᠠᠵᠢᠯ ᠢ᠋ ᠦᠷᠭᠦᠯᠵᠢᠯᠡᠨ ᠳᠦᠷᠢᠮᠵᠢᠭᠦᠯᠪᠡ᠃ ᠳᠥᠷᠪᠡ ᠳ᠋ᠦ᠍᠂ ᠰᠢᠨ᠎ᠡ ᠶ᠋ᠢ ᠡᠭᠦᠳᠬᠦ ᠶ᠋ᠢ ᠠᠳᠭᠤᠵᠤ ᠂ ᠨᠠᠮ ᠤ᠋ᠨ ᠪᠠᠢᠭᠤᠯᠤᠯᠳᠠ ᠶ᠋ᠢᠨ ᠬᠥᠳᠡᠯᠭᠡᠭᠡᠨ ᠦ᠌ ᠤᠯᠠᠨ ᠶᠠᠩᠵᠤᠲᠦ ᠴᠢᠨᠠᠷ ᠢ᠋ ᠪᠠᠲᠤᠯᠠᠪᠠ᠃ ᠲᠠᠪᠤ ᠳ᠋ᠤ᠌᠂ ᠦᠵᠡᠯ ᠤᠬᠠᠮᠰᠠᠷ ᠤ᠋ᠨ ᠬᠡᠯᠪᠡᠷᠢ ᠶ᠋ᠢ ᠠᠳᠭᠤᠵᠤ᠂ ᠠᠵᠢᠯ ᠦᠢᠯᠡᠰ ᠴᠣᠭᠴᠠᠯᠠᠬᠤ ᠤᠷᠮ᠎ᠠ ᠵᠣᠷᠢᠭ ᠢ᠋ ᠬᠦᠭᠵᠢᠭᠡᠪᠠ᠃ ᠵᠢᠷᠭᠤᠭ᠎ᠠ ᠳ᠋ᠤ᠌᠂ ᠰᠠᠬᠢᠯᠭ᠎ᠠ ᠪᠠᠲᠦ ᠶ᠋ᠢᠨ ᠪᠠᠢᠭᠤᠯᠤᠯᠳᠠ ᠶ᠋ᠢ ᠠᠳᠭᠤᠵᠤ ᠂ ᠨᠠᠮ ᠤ᠋ᠨ ᠬᠠᠮᠢᠶᠠᠷᠤᠯᠲᠠ ᠨᠠᠮ ᠤ᠋ᠨ ᠴᠡᠭᠴᠡᠯᠡᠯᠳᠡ ᠶ᠋ᠢ ᠪᠦᠬᠦ ᠲᠠᠯ᠎ᠠ ᠪᠠᠷ ᠴᠢᠩᠭᠠᠳᠭᠠᠵᠠᠢ᠃

  2020 ᠣᠨ ᠤ᠋ ᠨᠠᠮ ᠤ᠋ᠨ ᠪᠠᠢᠭᠤᠯᠤᠯᠳᠠ ᠶ᠋ᠢᠨ ᠠᠵᠢᠯ ᠤ᠋ᠨ ᠪᠠᠢᠷᠢᠯᠠᠭᠤᠯᠤᠯᠲᠠ ᠳ᠋ᠤ᠌ ᠪᠠᠨ᠂ 2020 ᠣᠨ ᠪᠣᠯ《ᠠᠷᠪᠠᠨ ᠭᠤᠷᠪᠠᠳᠤᠭᠠᠷ ᠲᠠᠪᠤᠨ ᠵᠢᠯ ᠤ᠋ᠨ ᠲᠥᠯᠦᠪᠵᠢᠭᠦᠯᠭᠡ ᠶ᠋ᠢᠨ ᠰᠡᠭᠦᠯ ᠬᠤᠷᠢᠶᠠᠬᠤ ᠵᠢᠯ ᠮᠦᠷᠳᠡᠭᠡᠨ ᠬᠡᠪᠯᠡᠯ ᠦ᠋ᠨ ᠪᠦᠯᠦᠭᠯᠡᠯ ᠦ᠋ᠨ ᠥᠭᠡᠷᠡᠴᠢᠯᠡᠯᠲᠡ ᠭᠦᠭᠵᠢᠯᠳᠡ ᠶ᠋ᠢᠨ ᠶᠠᠪᠤᠴᠠ ᠳ᠋ᠡᠬᠢ ᠴᠢᠬᠤᠯᠡ ᠨᠢᠭᠡᠨ ᠵᠢᠯ ᠮᠥᠨ᠃ ᠬᠡᠪᠯᠡᠯ ᠦ᠋ᠨ ᠪᠦᠯᠦᠭᠯᠡᠯ ᠦ᠋ᠨ 2020 ᠣᠨ ᠤ᠋ ᠨᠠᠮ ᠤ᠋ᠨ ᠪᠠᠢᠭᠤᠯᠤᠯᠲᠠ ᠶ᠋ᠢᠨ ᠠᠵᠢᠯ ᠤ᠋ᠨ ᠶᠡᠷᠦᠩᠬᠡᠢ ᠱᠠᠭᠠᠷᠳᠠᠯᠭ᠎ᠠ ᠪᠣᠯ᠄ ᠰᠢ ᠶᠢᠨ ᠫᠢᠩ ᠦᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠪᠥᠬᠥᠶ ᠨᠡᠢᠭᠡᠮ ᠵᠢᠷᠤᠮ ᠤᠨ ᠦᠵᠡᠯ ᠰᠠᠨᠠᠭ᠎ᠠ ᠪᠠᠷ ᠵᠢᠯᠤᠭᠤᠳᠤᠯᠭ᠎ᠠ ᠪᠣᠯᠭᠠᠨ᠂ ᠨᠠᠮ ᠤ᠋ᠨ ᠠᠷᠪᠠ ᠶᠢᠰᠦᠳᠦᠭᠡᠷ ᠶᠡᠬᠡ ᠬᠤᠷᠠᠯ ᠪᠠ ᠠᠷᠪᠠ ᠶᠢᠰᠦᠳᠦᠭᠡᠷ ᠬᠤᠭᠤᠴᠠᠭᠠᠨ ᠤ᠋ ᠬᠣᠶᠠᠳᠤᠭᠠᠷ᠂ ᠭᠤᠷᠪᠠᠳᠤᠭᠠᠷ᠂ ᠳᠥᠷᠪᠡᠳᠦᠭᠡᠷ ᠪᠦᠭᠦᠳᠡ ᠬᠤᠷᠠᠯᠳᠤᠭᠠᠨ ᠤ᠋ ᠦᠵᠡᠯ ᠰᠠᠨᠠᠭ᠎ᠠ ᠵᠢᠴᠢ ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠶᠠᠨ ᠤ ᠠᠷᠪᠠᠳᠤᠭᠠᠷ ᠬᠤᠭᠤᠴᠠᠭᠠᠨ ᠤ ᠠᠷᠪᠠᠨ ᠨᠢᠭᠡᠳᠦᠭᠡᠷ ᠪᠦᠭᠦᠳᠡ ᠬᠤᠷᠠᠯᠳᠤᠭᠠᠨ ᠤ᠋ ᠵᠣᠷᠢᠭ ᠰᠠᠨᠠᠭ᠎ᠠ  ᠶ᠋ᠢ ᠪᠦᠬᠦ ᠲᠠᠯ᠎ᠠ ᠪᠠᠷ ᠲᠤᠭᠤᠰᠢᠯᠠᠭᠤᠯᠵᠤ᠂ᠳᠥᠷᠪᠡᠨ ᠤᠬᠠᠮᠰᠠᠷ ᠢ᠋ ᠪᠠᠲᠦ ᠪᠤᠢ ᠪᠣᠯᠭᠠᠨ᠂ᠲᠦᠷᠪᠡᠨ ᠢᠳᠡᠭᠡᠯᠢ᠋ ᠪᠠᠲᠤᠵᠢᠭᠤᠯᠤᠨ᠂ᠬᠤᠶᠠᠷ ᠢ᠋ ᠬᠠᠮᠠᠭᠠᠯᠠᠬᠤ ᠶ᠋ᠢ ᠦᠨᠡᠨᠴᠢ ᠪᠠᠷ ᠦᠢᠯᠡᠳᠦᠯᠭᠡᠵᠢᠭᠦᠯᠵᠦ ᠂ ᠨᠠᠮ ᠤ᠋ᠨ ᠤᠯᠤᠰ ᠲᠥᠷᠦ ᠶ᠋ᠢᠨ ᠵᠣᠬᠢᠶᠠᠨ ᠪᠠᠢᠭᠤᠯᠤᠯᠲᠠ ᠪᠠᠷ ᠵᠢᠯᠤᠭᠤᠳᠤᠭᠤᠯᠵᠤ᠂ ᠤᠭ ᠰᠠᠨᠠᠭ᠎ᠠ ᠪᠠᠨ ᠦᠯᠦ ᠮᠠᠷᠳᠠᠨ ᠡᠭᠦᠷᠭᠡ ᠬᠠᠷᠢᠭᠤᠴᠠᠯᠭ᠎ᠠ ᠪᠠᠨ ᠪᠠᠲᠦ ᠴᠡᠭᠡᠵᠢᠯᠡᠬᠦ ᠪᠠᠷ ᠨᠠᠮ ᠤ᠋ᠨ ᠪᠠᠢᠭᠤᠯᠤᠯᠲᠠ ᠶ᠋ᠢ ᠴᠢᠩᠭᠠᠳᠭᠠᠬᠤ ᠦᠨᠢᠲᠡ ᠶ᠋ᠢᠨ ᠰᠤᠷᠭᠠᠯ᠂ ᠪᠥᠬᠦ ᠨᠠᠮ ᠤ᠋ᠨ ᠬᠡᠰᠢᠬᠦᠨ ᠺᠠᠳ᠋ᠷ ᠠᠵᠢᠯᠳᠠᠨ ᠤ᠋ ᠨᠠᠰᠤᠨ ᠳᠤᠷᠰᠢᠳᠡ ᠶ᠋ᠢᠨ ᠰᠤᠷᠤᠯᠴᠠᠬᠤ ᠬᠠᠷᠠᠯᠳᠠ ᠪᠠᠨ ᠪᠣᠯᠭᠠᠨᠳᠤᠮᠳᠠᠳᠦ ᠤᠯᠤᠰ ᠤ᠋ᠨ ᠡᠪ ᠬᠠᠮᠲᠦ ᠨᠠᠮ ᠤ᠋ᠨ ᠤᠬᠠᠭᠤᠯᠭ᠎ᠠ ᠶ᠋ᠢᠨ ᠠᠵᠢᠯ ᠤ᠋ᠨ ᠲᠦᠷᠢᠮ ᠳᠤᠮᠳᠠᠳᠦ ᠤᠯᠤᠰ ᠤ᠋ᠨ ᠡᠪ ᠬᠠᠮᠲᠦ ᠨᠠᠮ ᠤ᠋ᠨ ᠤᠯᠤᠰ ᠤ᠋ᠨ ᠥᠮᠴᠢᠯᠡᠯᠲᠦ ᠠᠵᠤ ᠠᠬᠤᠢᠯᠠᠯ ᠤ᠋ᠨ ᠦᠨᠳᠦᠰᠦᠨ ᠱᠠᠳᠤᠨ ᠤ᠋ ᠵᠣᠬᠢᠶᠠᠨ ᠪᠠᠢᠭᠤᠯᠤᠯᠲᠠ ᠶ᠋ᠢᠨ ᠠᠵᠢᠯ ᠤ᠋ᠨ ᠲᠦᠷᠢᠮ ᠢ᠋ ᠭᠦᠨᠵᠡᠭᠡᠢ ᠲᠤᠭᠤᠰᠢᠯᠠᠭᠤᠯᠤᠨ᠂ ᠨᠠᠮ ᠤ᠋ᠨ ᠤᠯᠤᠰ ᠲᠥᠷᠦ᠂ ᠦᠵᠡᠯ ᠰᠠᠨᠠᠭ᠎ᠠ᠂ ᠵᠣᠬᠢᠶᠠᠨ ᠪᠠᠢᠭᠤᠯᠤᠯᠲᠠ᠂ ᠰᠤᠷᠳᠠᠯ ᠤ᠋ᠨ ᠪᠠᠢᠭᠤᠯᠤᠯᠲᠠ ᠶ᠋ᠢ ᠪᠦᠬᠦ ᠲᠠᠯ᠎ᠠ ᠪᠠᠷ ᠴᠢᠩᠭᠠᠳᠭᠠᠵᠤ᠂ ᠦᠨᠳᠦᠰᠦᠨ ᠱᠠᠳᠤᠨ ᠤ᠋ ᠨᠠᠮ ᠤ᠋ᠨ ᠵᠣᠬᠢᠶᠠᠨ ᠪᠠᠢᠭᠤᠯᠤᠯᠲᠠ ᠶ᠋ᠢᠨ ᠤᠯᠤᠰ ᠲᠥᠷᠦ ᠶ᠋ᠢᠨ ᠤᠳᠤᠷᠢᠳᠬᠤ ᠴᠢᠳᠠᠪᠤᠷᠢ᠂ ᠵᠣᠬᠢᠶᠠᠨ ᠪᠠᠢᠭᠤᠯᠤᠯᠲᠠ ᠶ᠋ᠢᠨ ᠪᠦᠷᠬᠦᠴᠡ᠂ ᠠᠷᠠᠳ ᠤᠯᠠᠨ ᠤ᠋ ᠪᠦᠯᠬᠦᠮᠳᠡᠯ ᠤ᠋ᠨ ᠬᠦᠴᠦᠨ᠂ ᠬᠦᠭᠵᠢᠯᠳᠠ ᠶ᠋ᠢ ᠠᠬᠢᠭᠤᠯᠬᠤ ᠬᠦᠴᠦᠨ ᠪᠠ ᠰᠢᠨ᠎ᠡ ᠶ᠋ᠢ ᠡᠭᠦᠳᠬᠦ ᠴᠢᠳᠠᠪᠤᠷᠢ ᠶ᠋ᠢ ᠦᠨᠡᠨ ᠬᠦ᠌ ᠳᠡᠭᠡᠭᠰᠢᠯᠡᠭᠦᠯᠵᠦ᠂ ᠨᠠᠮ ᠤ᠋ᠨ ᠪᠠᠢᠭᠤᠯᠤᠯᠲᠠ ᠶ᠋ᠢᠨ ᠰᠢᠰᠲ᠋ᠧᠮᠲᠦ ᠴᠢᠨᠠᠷ᠂ ᠲᠦᠷᠢᠮᠵᠢᠭᠦᠨ ᠴᠢᠨᠠᠷ ᠪᠠ ᠰᠢᠨᠵᠢᠯᠡᠬᠦ ᠤᠬᠠᠭᠠᠨᠴᠢ ᠴᠢᠨᠠᠷ ᠤ᠋ᠨ ᠬᠢᠷᠢ ᠲᠦᠪᠰᠢᠨ ᠢ᠋ ᠤᠯᠠᠮ ᠨᠢᠭᠡ ᠠᠯᠬᠤᠮ ᠳᠡᠭᠡᠭᠰᠢᠯᠡᠬᠦᠯᠵᠤ᠂ ᠬᠡᠪᠯᠡᠯ ᠦ᠋ᠨ ᠪᠦᠯᠦᠭᠯᠡᠯ ᠦ᠋ᠨ ᠦᠷᠭᠦᠯᠵᠢᠯᠡᠨ ᠭᠥᠭᠵᠢᠬᠦ ᠳ᠋ᠤ᠌ ᠤᠯᠤᠰ ᠲᠥᠷᠦ᠂ ᠦᠵᠡᠯ ᠰᠠᠨᠠᠭ᠎ᠠ᠂ ᠵᠣᠬᠢᠶᠠᠨ ᠪᠠᠢᠭᠤᠯᠤᠯᠲᠠ ᠶ᠋ᠢᠨ ᠪᠠᠳᠤᠳᠠᠢ ᠪᠠᠲᠤᠯᠠᠭ᠎ᠠ ᠬᠠᠩᠭᠠᠨ᠎ᠠ ᠬᠡᠮᠡᠨ ᠢᠯᠡᠷᠬᠡᠢᠯᠡᠪᠠ᠃

  ᠠᠵᠢᠯ ᠤ᠋ᠨ ᠪᠠᠢᠷᠢᠯᠠᠭᠤᠯᠤᠯᠳᠠ ᠪᠠᠨ ᠳᠣᠯᠤᠭᠠᠨ ᠲᠠᠯ᠎ᠠ (21 ᠵᠤᠷᠪᠤᠰ) ᠪᠠᠷ ᠬᠤᠷᠢᠶᠠᠩᠭᠤᠢᠯᠠᠵᠠᠢ᠄ ᠨᠢᠭᠡ ᠳ᠋ᠦ᠍᠂《ᠲᠦᠷᠪᠡᠨ ᠤᠬᠠᠮᠰᠠᠷ ᠢ᠋ ᠪᠠᠳᠤᠳᠠᠢ ᠴᠢᠩᠭᠠᠳᠭᠠᠵᠤ᠂ ᠨᠠᠮ ᠤ᠋ᠨ ᠤᠯᠤᠰ ᠲᠥᠷᠦ ᠶ᠋ᠢᠨ ᠪᠦᠲᠦᠭᠡᠨ ᠪᠠᠢᠭᠤᠯᠤᠯᠲᠠ ᠶ᠋ᠢ ᠯᠠᠪᠳᠠᠭᠤᠨ ᠠᠬᠢᠭᠤᠯᠤᠨ᠎ᠠ᠃ ᠬᠤᠶᠠᠷ ᠲᠤ᠌᠂ ᠣᠷᠤᠯᠳᠤᠯᠭ᠎ᠠ ᠰᠤᠷᠤᠯᠴᠠᠯᠭ᠎ᠠ ᠲᠤᠭᠤᠰᠢᠯᠠᠭᠤᠯᠭ᠎ᠠ ᠳᠡᠭᠡᠷ᠎ᠡ ᠬᠦᠴᠦ ᠲᠠᠯᠪᠢᠵᠤ᠂ ᠰᠢ ᠶᠢᠨ ᠫᠢᠩ ᠦᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠪᠥᠬᠥᠶ ᠨᠡᠢᠭᠡᠮ ᠵᠢᠷᠤᠮ ᠤᠨ ᠦᠵᠡᠯ ᠰᠠᠨᠠᠭ᠎ᠠ ᠶ᠋ᠢ ᠭᠦᠨᠵᠡᠭᠡᠢ ᠰᠤᠷᠤᠯᠴᠠᠵᠤ ᠪᠠᠳᠤᠳᠠᠢ ᠲᠤᠭᠤᠰᠢᠯᠠᠭᠤᠯᠤᠨ᠎ᠠ᠃ ᠭᠤᠷᠪᠠ ᠳ᠋ᠤ᠌᠂ ᠦᠨᠳᠦᠰᠦᠨ ᠱᠠᠳᠤᠨ ᠤ᠋ ᠨᠠᠮ ᠤ᠋ᠨ ᠡᠭᠦᠷ ᠦ᠋ᠨ ᠴᠣᠭᠴᠠᠯᠠᠨ ᠪᠠᠢᠭᠤᠯᠤᠯᠲᠠ ᠶ᠋ᠢ ᠴᠢᠩᠭᠠᠳᠭᠠᠵᠤ᠂ ᠪᠦᠯᠦᠭᠯᠡᠯ ᠦ᠋ᠨ ᠦᠨᠳᠦᠰᠦᠨ ᠱᠠᠳᠤᠨ ᠤ᠋ ᠨᠠᠮ ᠤ᠋ᠨ ᠪᠠᠢᠭᠤᠯᠤᠯᠲᠠ ᠶ᠋ᠢᠨ ᠠᠵᠢᠯ ᠢ᠋ ᠪᠦᠬᠦ ᠲᠠᠯ᠎ᠠ ᠪᠠᠷ ᠲᠦᠯᠬᠢᠨ ᠠᠬᠢᠭᠤᠯᠵᠤ ᠪᠥᠬᠦ ᠲᠠᠯ᠎ᠠ ᠪᠠᠷ ᠪᠠᠲᠤᠳᠭᠠᠨ᠎ᠠ᠃ ᠳᠦᠷᠪᠠ ᠳ᠋ᠤ᠌᠂ ᠦᠷᠭᠦᠯᠵᠢᠯᠡᠨ ᠲᠥᠪ ᠴᠢᠬᠡᠴᠢ ᠰᠠᠬᠢᠯᠭ᠎ᠠ ᠪᠠᠲᠦ ᠶ᠋ᠢ ᠪᠠᠷᠢᠮᠳᠠᠯᠠᠨ᠂ ᠨᠠᠮ ᠵᠠᠰᠠᠭ ᠤ᠋ᠨ ᠰᠤᠷᠳᠠᠯ ᠤ᠋ᠨ ᠪᠠᠢᠭᠤᠯᠤᠯᠲᠠ ᠶ᠋ᠢ ᠪᠥᠬᠦ ᠲᠠᠯ᠎ᠠ ᠡᠴᠡ ᠭᠦᠨᠴᠡ ᠲᠠᠢ ᠳᠦᠯᠬᠢᠨ ᠠᠬᠢᠭᠤᠯᠤᠨ᠎ᠠ᠃ ᠲᠠᠪᠤ ᠳ᠋ᠤ᠌᠂ ᠲᠦᠷᠢᠮ ᠳᠤᠭᠳᠠᠭᠠᠯ ᠤ᠋ᠨ ᠪᠦᠳᠦᠭᠡᠨ ᠪᠠᠢᠭᠤᠯᠤᠯᠲᠠ ᠶ᠋ᠢ ᠴᠢᠩᠭᠠᠳᠭᠠᠵᠤ᠂ ᠨᠠᠮ ᠤ᠋ᠨ ᠪᠠᠢᠭᠤᠯᠤᠯᠲᠠ ᠶ᠋ᠢᠨ ᠠᠵᠢᠯ ᠢ᠋ ᠠᠯᠬᠤᠮ ᠳᠠᠷᠠᠭ᠎ᠠ ᠳᠤᠳᠤᠷᠬᠠᠢ᠂ ᠥᠨᠳᠦᠷ ᠪᠦᠲᠦᠮᠵᠢᠲᠠᠢ ᠠᠬᠢᠭᠤᠯᠤᠨ᠎ᠠ᠃ ᠵᠢᠷᠭᠤᠭ᠎ᠠ ᠳ᠋ᠤ᠌᠂ ᠤᠯᠤᠰ ᠲᠥᠷᠦ ᠶ᠋ᠢᠨ ᠬᠥᠲᠦᠯᠬᠦ ᠬᠦᠴᠦᠨ ᠢ᠋ ᠴᠢᠩᠭᠠᠳᠭᠠᠵᠤ᠂ ᠤᠯᠠᠨ ᠲᠦᠮᠡᠨ ᠦ᠌ ᠠᠵᠢᠯ ᠢ᠋ ᠪᠤᠳᠠᠳᠠᠢ ᠲᠦᠯᠬᠢᠨ ᠠᠬᠢᠭᠤᠯᠤᠨ᠎ᠠ᠃ ᠳᠣᠯᠤᠭ᠎ᠠ ᠳ᠋ᠤ᠌᠂ ᠬᠠᠷᠢᠭᠤᠴᠠᠯᠭ᠎ᠠ ᠡᠭᠦᠷᠭᠡᠯᠡᠯ ᠢ᠋ᠶ᠋ᠡᠨ ᠴᠢᠩᠭᠠᠳᠭᠠᠵᠤ᠂ ᠪᠦᠯᠦᠭᠯᠡᠯ ᠦ᠋ᠨ ᠨᠠᠮ ᠤ᠋ᠨ ᠪᠠᠢᠭᠤᠯᠤᠯᠲᠠ ᠶ᠋ᠢᠨ ᠠᠵᠢᠯ ᠢ᠋ ᠲᠦᠯᠬᠢᠨ ᠠᠬᠢᠭᠤᠯᠬᠤ ᠬᠦᠴᠦᠲᠦ ᠡᠩᠨᠡᠭᠡ ᠶ᠋ᠢ ᠪᠦᠷᠢᠯᠳᠦᠭᠦᠯᠬᠦ ᠬᠡᠷᠡᠭᠳᠠᠢ ᠬᠡᠵᠠᠢ᠃

(ᠬᠠᠷᠢᠭᠤᠴᠠᠭᠰᠠᠨ ᠨᠠᠢᠷᠠᠭᠤᠯᠤᠭᠴᠢ : ᠰᠠᠭᠤᠷᠢᠪᠡᠬᠢ)

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠦᠪᠦᠷ
ᠮᠤᠩᠭ᠋ᠤᠯ ᠤᠨ
ᠬᠡᠪᠯᠡᠯ ᠤ᠋ᠨ
ᠪᠦᠯᠦᠭᠯᠡᠯ
ᠬᠡᠪᠯᠡᠯ ᠤ᠋ᠨ
ᠡᠷᠬᠡ ᠲᠡᠢ
ᠦᠪᠦᠷ
ᠮᠤᠩᠭ᠋ᠤᠯ ᠤᠨ
ᠮᠤᠨᠢ
ᠨᠡᠷᠡᠮᠵᠢᠲᠦ
ᠰᠤᠶᠤᠯ ᠤᠨ
ᠵᠠᠭᠤᠴᠢ
ᠪᠦᠷᠢᠨ 
ᠪᠤᠰᠤ
ᠬᠠᠷᠢᠭᠤᠴᠠᠯᠭᠠᠳᠤ 
ᠺᠤᠮᠫᠠᠨᠢ
ᠲᠦᠰᠦᠪᠯᠡᠨ
ᠦᠢᠯᠡᠳᠪᠡ
ᠦᠪᠦᠷ
ᠮᠤᠩᠭ᠋ᠤᠯ ᠤᠨ
ᠳᠡᠯᠡᠬᠡᠢ
ᠮᠡᠳᠡᠭᠡ
ᠵᠠᠩᠬᠢ
ᠮᠡᠷᠭᠡᠵᠢᠯ ᠤᠨ
ᠬᠢᠵᠠᠭᠠᠷᠲᠤ
ᠺᠤᠮᠫᠠᠨᠢ
ᠮᠡᠷᠭᠡᠵᠢᠯ
ᠬᠠᠩᠭ᠋ᠠᠪᠠ
ᠬᠠᠶᠢ᠍ᠭ᠄
ᠦᠪᠦᠷ
ᠮᠤᠩᠭ᠋ᠤᠯ ᠤᠨ
ᠦᠪᠡᠷᠲᠡᠭᠡᠨ
ᠵᠠᠰᠠᠬᠤ
ᠤᠷᠤᠨ ᠤ
ᠬᠦᠬᠡᠬᠤᠳᠠ ᠵᠢᠨ ᠰᠢᠨ᠎ᠡ
ᠬᠤᠲᠠ
ᠲᠤᠭᠤᠷᠢᠭ ᠤᠨ
ᠰᠢᠩᠬᠤᠸᠠ
ᠵᠡᠬᠦᠨ
ᠵᠡᠭᠡᠯᠢ ᠵᠢᠨ
89ᠨᠤᠮᠧᠷ
ᠦᠪᠤᠷ
ᠮᠤᠩᠭ᠋ᠤᠯ ᠤᠨ
ᠬᠡᠪᠯᠡᠯ ᠤᠨ
ᠪᠦᠯᠦᠭᠯᠡᠯ