ᠪᠦᠭᠦᠳᠡ ᠨᠠᠢᠷᠠᠮᠳᠠᠬᠤ ᠲᠤᠮᠳᠠᠲᠤ ᠠᠷᠠᠳ ᠤᠯᠤᠰ᠎ᠤᠨ ᠤᠯᠤᠰ᠎ᠤᠨ ᠨᠡᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ᠌᠎ᠦᠨ ᠬᠠᠤᠯᠢ (ᠬᠣᠶᠠᠳᠤᠭᠠᠷ ᠪᠦᠯᠦᠭ)
2019.11.14
 

 

       ᠲᠤᠮᠳᠠᠲᠤ ᠤᠯᠤᠰ᠎ᠤᠨ ᠦᠨᠳᠦᠰᠦᠳᠡᠨ᠎ᠦ ᠬᠡᠯᠡᠨ᠎ᠤ ᠤᠷᠴᠢᠭᠤᠯᠭ᠎ᠠ᠎ᠶᠢᠨ ᠲᠦᠪ ᠣᠷᠴᠢᠭᠤᠯᠪᠠ

 

   (2000 ᠣᠨ᠎ᠤ 10 ᠰᠠᠷ᠎ᠠ᠎ᠶᠢᠨ 31᠎ᠤ ᠡᠳᠦᠷ ᠶᠢᠰᠦᠳᠦᠭᠡᠷ ᠬᠤᠭᠤᠴᠠᠭᠠᠨ᠎ᠤ ᠪᠦᠬᠦ ᠤᠯᠤᠰ᠎ᠤᠨ ᠠᠷᠠᠳ᠎ᠤᠨ ᠲᠥᠯᠦᠭᠡᠯᠡᠭᠴᠢᠳ᠎ᠦᠨ ᠶᠡᠬᠡ ᠬᠤᠷᠠᠯ᠎ᠤᠨ ᠪᠠᠢᠩᠭᠤ᠎ᠶᠢᠨ ᠬᠤᠷᠢᠶᠠᠨ᠎ᠤ ᠠᠷᠪᠠᠨ ᠨᠠᠢ᠍ᠮᠠᠳᠤᠭᠠᠷ ᠬᠤᠷᠠᠯᠳᠤᠭᠠᠨ᠎ᠠᠴᠠ ᠪᠠᠲᠤᠯᠠᠪᠠ᠃ 2000 ᠣᠨ᠎ᠤ 10 ᠰᠠᠷ᠎ᠠ᠎ᠶᠢᠨ 31᠎ᠤ ᠡᠳᠦᠷ ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠲᠡᠷᠢᠭᠦᠯᠡᠭᠴᠢ᠎ᠶᠢᠨ ᠭᠤᠴᠢᠨ ᠳᠣᠯᠤᠳᠤᠭᠠᠷ ᠵᠠᠷᠯᠢᠭ᠎ᠢᠶᠠᠷ ᠨᠡᠢᠲᠡᠯᠡᠪᠡ᠃ 2001 ᠣᠨ᠎ᠤ ᠰᠠᠷ᠎ᠠ᠎ᠶᠢᠨ 1᠎ᠤ ᠡᠳᠦᠷ᠎ᠡᠴᠡ ᠡᠬᠢᠯᠡᠵᠦ ᠬᠡᠷᠡᠭᠵᠢᠭᠦᠯᠦᠨ᠎ᠡ᠃ )

 

   

    ᠬᠣᠶᠠᠳᠤᠭᠠᠷ ᠪᠦᠯᠦᠭ  ᠤᠯᠤᠰ᠎ᠤᠨ ᠨᠡᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ᠌᠎ᠦᠨ ᠬᠡᠷᠡᠭᠯᠡᠯᠲᠡ

 

  ᠶᠢᠰᠦᠳᠦᠭᠡᠷ ᠵᠦᠢᠯ   ᠲᠥᠷᠦ᠎ᠶᠢᠨ ᠪᠠᠢᠭᠤᠯᠭ᠎ᠠ᠎ᠨᠤᠭᠤᠳ ᠨᠡᠢᠳᠡᠯᠢᠭ ᠬᠡᠯᠡ ᠪᠠ ᠳᠦᠷᠢᠮᠵᠢᠭᠰᠡᠨ ᠬᠢᠳᠠᠳ ᠦᠰᠦᠭ᠎ᠢᠶᠡᠷ ᠠᠯᠪᠠᠨ ᠠᠵᠢᠯ᠎ᠤᠨ᠎ᠢᠶᠠᠨ ᠬᠡᠷᠡᠭᠯᠡᠭᠡᠨ᠎ᠦ ᠬᠡᠯᠡ᠂ ᠬᠡᠷᠡᠭᠯᠡᠭᠡᠨ᠎ᠦ ᠥᠰᠦᠭ ᠪᠣᠯᠭᠠᠨ᠎ᠠ᠃ ᠬᠠᠦᠯᠢ ᠴᠠᠭᠠᠵᠠ᠎ᠳᠤ ᠠᠰᠲᠠᠭᠠᠨ ᠲᠣᠭᠲᠠᠭᠠᠯ᠎ᠲᠠᠢ᠎ᠨᠢ ᠡᠭᠦᠨ᠎ᠳᠦ ᠪᠠᠭᠲᠠᠬᠤ ᠥᠬᠡᠢ᠃

  ᠠᠷᠪᠠᠳᠦᠭᠠᠷ ᠵᠦᠢᠯ   ᠰᠤᠷᠭᠠᠭᠤᠯᠢ ᠬᠢᠭᠡᠳ ᠰᠤᠷᠭᠠᠨ ᠬᠦᠮᠦᠵᠢᠯ᠎ᠦᠨ ᠪᠣᠰᠤᠳ ᠪᠠᠢᠭᠤᠯᠤᠮᠵᠢ᠎ᠨᠤᠭᠤᠳ ᠨᠡᠢᠳᠡᠯᠢᠭ ᠬᠡᠯᠡ ᠪᠠ ᠳᠦᠷᠢᠮᠵᠢᠭᠰᠡᠨ ᠬᠢᠳᠠᠳ ᠦᠰᠦᠭ᠎ᠢᠶᠡᠷ ᠰᠤᠷᠭᠠᠨ ᠬᠦᠮᠦᠵᠢᠯ ᠵᠢᠭᠠᠨ ᠰᠤᠷᠭᠠᠯᠲᠠ᠎ᠶᠢᠨ᠎ᠢᠶᠠᠨ ᠦᠨᠳᠦᠰᠦᠨ ᠬᠡᠷᠡᠭᠯᠡᠭᠡᠨ᠎ᠦ ᠬᠡᠯᠡ᠂ ᠬᠡᠷᠡᠭᠯᠡᠭᠡᠨ᠎ᠦ ᠥᠰᠦᠭ ᠪᠣᠯᠭᠠᠨ᠎ᠠ᠃ ᠬᠠᠦᠯᠢ ᠴᠠᠭᠠᠵᠠ᠎ᠳᠤ ᠠᠰᠳᠠᠭᠠᠨ ᠲᠣᠭᠳᠠᠭᠠᠯ᠎ᠲᠠᠢ᠎ᠨᠢ ᠡᠭᠦᠨ᠎ᠳᠦ ᠪᠠᠭᠲᠠᠬᠤ ᠥᠬᠡᠢ᠃

  ᠰᠤᠷᠭᠠᠭᠤᠯᠢ ᠬᠢᠭᠡᠳ ᠰᠤᠷᠭᠠᠨ ᠬᠦᠮᠦᠵᠢᠯ᠎ᠦᠨ ᠪᠣᠰᠤᠳ ᠪᠠᠢᠭᠤᠯᠤᠮᠵᠢ᠎ᠨᠤᠭᠤᠳ ᠬᠢᠳᠠᠳ ᠬᠡᠯᠡ ᠪᠢᠴᠢᠭ᠌᠎ᠦᠨ ᠬᠢᠴᠢᠶᠡᠯ᠎ᠢᠶᠡᠷ ᠳᠠᠮᠵᠢᠭᠤᠯᠵᠤ ᠨᠡᠢᠳᠡᠯᠢᠭ ᠬᠡᠯᠡ ᠪᠠ ᠳᠦᠷᠢᠮᠵᠢᠭᠰᠡᠨ ᠬᠢᠳᠠᠳ ᠦᠰᠦᠭ᠎ᠢ ᠵᠢᠭᠠᠨ ᠰᠤᠷᠭᠠᠨ᠎ᠠ᠃ ᠬᠡᠷᠡᠭᠯᠡᠬᠦ ᠬᠢᠳᠠᠳ ᠬᠡᠯᠡ ᠦᠰᠦᠭ ᠪᠢᠴᠢᠭ᠌᠎ᠦᠨ ᠵᠢᠭᠠᠬᠤ ᠮᠠᠲᠧᠷᠢᠶᠠᠯ᠎ᠨᠢ ᠤᠯᠤᠰ᠎ᠤᠨ ᠨᠡᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ᠌᠎ᠦᠨ ᠳᠦᠷᠢᠮᠵᠢᠯ ᠪᠠ ᠪᠠᠷᠢᠮᠵᠢᠶ᠎ᠠ᠎ᠳᠤ ᠨᠡᠢᠴᠡᠭᠰᠡᠨ ᠪᠠᠢᠬᠤ ᠬᠡᠷᠡᠭᠲᠡᠢ᠃

  ᠠᠷᠪᠠᠨ ᠨᠢᠭᠡᠳᠦᠭᠡᠷ ᠵᠦᠢᠯ   ᠬᠢᠲᠠᠳ ᠬᠡᠯᠡ ᠪᠢᠴᠢᠭ᠌᠎ᠦᠨ ᠬᠡᠪᠯᠡᠭᠳᠡᠬᠦᠨ᠎ᠨᠢ ᠤᠯᠤᠰ᠎ᠦᠨ ᠨᠡᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ᠌᠎ᠦᠨ ᠳᠦᠷᠢᠮᠵᠢᠯ ᠪᠠ ᠪᠠᠷᠢᠮᠵᠢᠶ᠎ᠠ᠎ᠳᠤ ᠨᠡᠢᠴᠡᠭᠰᠡᠨ ᠪᠠᠢᠬᠤ ᠬᠡᠷᠡᠭᠲᠡᠢ᠃ ᠬᠢᠲᠠᠳ ᠬᠡᠯᠡ ᠪᠢᠴᠢᠭ᠌᠎ᠦᠨ ᠬᠡᠪᠯᠡᠭᠳᠡᠬᠦᠨ᠎ᠳᠦ ᠭᠠᠳᠠᠭᠠᠳᠤ ᠤᠯᠤᠰ᠎ᠤᠨ ᠦᠭᠡ ᠬᠡᠯᠡ ᠦᠰᠦᠭ ᠪᠢᠴᠢᠭ᠌᠎ᠢ ᠬᠡᠷᠡᠭᠯᠡᠬᠦ ᠴᠢᠬᠤᠯᠠᠲᠠᠢ ᠪᠠᠢᠪᠠᠯ᠂ ᠤᠯᠤᠰ᠎ᠤᠨ ᠨᠡᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ᠌᠎ᠢᠶᠡᠷ ᠴᠢᠬᠤᠯᠠ ᠪᠦᠬᠦᠢ ᠵᠡᠭᠦᠯᠲᠡ ᠲᠠᠢᠯᠪᠤᠷᠢ ᠬᠢᠬᠦ ᠬᠡᠷᠡᠭᠲᠡᠢ᠃

  ᠠᠷᠪᠠᠨ ᠬᠣᠶᠠᠳᠤᠭᠠᠷ ᠵᠦᠢᠯ   ᠷᠠᠳᠢᠣ᠋ ᠨᠡᠪᠲᠡᠷᠡᠭᠦᠯᠭᠡ᠎ᠶᠢᠨ ᠬᠣᠷᠢᠶ᠎ᠠ᠎ᠨᠤᠭᠤᠳ ᠨᠡᠢᠳᠡᠯᠢᠭ ᠬᠡᠯᠡ᠎ᠪᠡᠷ ᠨᠡᠪᠲᠡᠷᠡᠭᠦᠯᠭᠡ᠎ᠶᠢᠨ᠎ᠢᠶᠡᠨ ᠦᠨᠳᠦᠰᠦᠨ ᠬᠡᠷᠡᠭᠯᠡᠭᠡᠨ᠎ᠦ ᠬᠡᠯᠡ ᠪᠣᠯᠭᠠᠨ᠎ᠠ᠃

  ᠭᠠᠳᠠᠭᠠᠳᠦ ᠤᠯᠤᠰ᠎ᠤᠨ ᠬᠡᠯᠡ᠎ᠶᠢ ᠨᠡᠪᠲᠡᠷᠡᠭᠦᠯᠭᠡ᠎ᠶᠢᠨ ᠬᠡᠷᠡᠭᠯᠡᠭᠡᠨ᠎ᠦ ᠬᠡᠯᠡ ᠪᠣᠯᠭᠠᠨ ᠬᠡᠷᠡᠭᠯᠡᠬᠦ ᠴᠢᠬᠤᠯᠠᠲᠠᠢ ᠪᠠᠢᠪᠠᠯ᠂ ᠡᠷᠬᠡᠪᠱᠢ ᠲᠦᠷᠦ᠎ᠶᠢᠨ ᠶᠠᠪᠤᠳᠠᠯ᠎ᠤᠨ ᠬᠤᠷᠢᠶᠠᠨ᠎ᠤ ᠷᠠᠳᠢᠣ᠋ ᠨᠡᠪᠲᠡᠷᠡᠭᠦᠯᠭᠡ ᠲᠧᠯᠸᠢᠰ᠎ᠦᠨ ᠬᠠᠮᠢᠶᠠᠷᠤᠯᠲᠠ᠎ᠶᠢᠨ ᠰᠠᠯᠠᠭ᠎ᠠ ᠮᠥᠴᠢᠷ᠎ᠢᠶᠡᠷ ᠵᠥᠪᠱᠢᠶᠡᠷᠡᠭᠦᠯᠬᠦ ᠬᠡᠷᠡᠭᠲᠡᠢ᠃

  ᠠᠷᠪᠠᠨ ᠭᠤᠷᠪᠠᠳᠤᠭᠠᠷ ᠵᠦᠢᠯ   ᠤᠯᠠᠨ  ᠨᠡᠢᠲᠡ᠎ᠶᠢᠨ ᠦᠢᠯᠡᠴᠢᠯᠡᠭᠡᠨ᠎ᠦ ᠠᠵᠢᠯ ᠲᠥᠷᠦᠯ᠎ᠦᠳ ᠳᠦᠷᠢᠮᠵᠢᠭᠰᠡᠨ ᠬᠢᠲᠠᠳ ᠦᠰᠦᠭ᠎ᠢᠶᠡᠷ ᠦᠢᠯᠡᠴᠢᠯᠡᠭᠡᠨ᠎ᠦ᠎ᠪᠡᠨ ᠦᠨᠳᠦᠰᠦᠨ ᠬᠡᠷᠡᠭᠯᠡᠭᠡᠨ᠎ᠦ ᠥᠰᠦᠭ ᠪᠣᠯᠭᠠᠨ᠎ᠠ᠃ ᠣᠯᠠᠨ ᠨᠡᠢᠲᠡ᠎ᠶᠢᠨ ᠦᠢᠯᠡᠴᠢᠯᠡᠭᠡᠨ᠎ᠦ ᠬᠡᠷᠡᠭᠴᠡᠭᠡ᠎ᠡᠴᠡ ᠪᠣᠯᠵᠤ᠂ ᠬᠤᠳᠠᠯᠳᠤᠭᠠᠨ᠎ᠤ ᠫᠠᠢᠰᠠ᠂ ᠵᠠᠷ᠂ ᠵᠠᠷᠯᠠᠯ᠂ ᠲᠡᠮᠲᠡᠭ ᠫᠠᠢᠰᠠ ᠵᠡᠷᠭᠡ᠎ᠳᠦ ᠭᠠᠳᠠᠭᠠᠳᠤ ᠤᠯᠤᠰ᠎ᠤᠨ ᠦᠰᠦᠭ ᠪᠢᠴᠢᠭ᠌᠎ᠢ ᠬᠡᠷᠡᠭᠯᠡᠬᠦ᠎ᠶᠢᠨ ᠬᠠᠮᠲᠤ ᠬᠢᠲᠠᠳ ᠦᠰᠦᠭ᠎ᠢ ᠵᠡᠷᠭᠡ᠎ᠪᠡᠷ ᠬᠡᠷᠡᠭᠯᠡᠬᠦ᠎ᠳᠦ ᠬᠦᠷᠪᠡᠯ ᠳᠦᠷᠢᠮᠵᠢᠭᠰᠡᠨ ᠬᠢᠲᠠᠳ ᠦᠰᠦᠭ᠎ᠢ ᠬᠡᠷᠡᠭᠯᠡᠬᠦ ᠬᠡᠷᠡᠭᠲᠡᠢ᠃

  ᠣᠯᠠᠨ ᠨᠡᠢᠲᠡ᠎ᠶᠢᠨ ᠦᠢᠯᠡᠴᠢᠯᠡᠭᠡᠨ᠎ᠦ ᠠᠵᠢᠯ ᠲᠥᠷᠦᠯ᠎ᠳᠦ ᠨᠡᠢᠲᠡᠯᠢᠭ ᠬᠡᠯᠡ᠎ᠪᠡᠷ ᠦᠢᠯᠡᠴᠢᠯᠡᠭᠡᠨ᠎ᠦ ᠬᠡᠷᠡᠭᠯᠡᠭᠡᠨ᠎ᠦ ᠬᠡᠯᠡ ᠪᠣᠯᠭᠠᠬᠤ᠎ᠶᠢ ᠡᠷᠬᠢᠮᠯᠡᠨ ᠰᠠᠨᠠᠭᠠᠴᠢᠯᠠᠨ᠎ᠠ᠃

  ᠠᠷᠪᠠᠨ ᠳᠥᠷᠪᠡᠳᠦᠭᠡᠷ ᠵᠦᠢᠯ   ᠳᠣᠤᠷ᠎ᠠ ᠵᠢᠭᠰᠠᠭᠠᠭᠰᠠᠨ ᠪᠠᠢᠳᠠᠯ᠎ᠤᠳ᠎ᠲᠤ ᠤᠯᠤᠰ᠎ᠤᠨ ᠨᠡᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ᠌᠎ᠢ ᠦᠨᠳᠦᠰᠦᠨ ᠬᠡᠷᠡᠭᠯᠡᠭᠡᠨ᠎ᠦ ᠬᠡᠯᠡ᠂ ᠬᠡᠷᠡᠭᠯᠡᠭᠡᠨ᠎ᠦ ᠥᠰᠦᠭ ᠪᠣᠯᠭᠠᠬᠤ ᠬᠡᠷᠡᠭᠲᠡᠢ᠃

   (ᠨᠢᠭᠡ) ᠷᠠᠳᠢᠣ᠋ ᠨᠡᠪᠲᠡᠷᠡᠭᠦᠯᠭᠡ᠂ ᠺᠢᠨᠤ᠋᠂ ᠲᠸᠯᠸᠢᠰ᠎ᠦᠨ ᠬᠡᠷᠡᠭᠯᠡᠭᠡᠨ᠎ᠦ ᠬᠡᠯᠡ᠂ ᠬᠡᠷᠡᠭᠯᠡᠭᠡᠨ᠎ᠦ ᠥᠰᠦᠭ;

   (ᠬᠣᠶᠠᠷ) ᠣᠯᠠᠨ ᠨᠡᠢᠲᠡ᠎ᠶᠢᠨ ᠭᠠᠵᠠᠷ᠎ᠤᠨ ᠲᠦᠭᠦᠭᠡᠷᠦᠮᠵᠢ᠎ᠶᠢᠨ ᠬᠡᠷᠡᠭᠯᠡᠭᠡᠨ᠎ᠦ ᠥᠰᠦᠭ;

   (ᠭᠤᠷᠪᠠ) ᠬᠤᠳᠠᠯᠳᠤᠭᠠᠨ᠎ᠤ ᠫᠠᠢᠰᠠ᠂ ᠵᠠᠷ᠎ᠤᠨ ᠬᠡᠷᠡᠭᠯᠡᠭᠡᠨ᠎ᠦ ᠦᠰᠦᠭ;

   (ᠳᠥᠷᠪᠡ) ᠠᠵᠦ ᠠᠬᠤᠢᠯᠠᠯ ᠠᠵᠢᠯ ᠦᠢᠯᠡᠰ᠎ᠦᠨ ᠵᠣᠬᠢᠶᠠᠨ ᠪᠠᠢᠭᠤᠯᠤᠯᠲᠠ᠎ᠶᠢᠨ ᠨᠡᠷᠡᠢᠳᠦᠯ;

   (ᠲᠠᠪᠦ) ᠬᠢᠯᠢ᠎ᠶᠢᠨ ᠳᠣᠲᠤᠷ᠎ᠠ ᠪᠣᠷᠤᠯᠠᠭᠤᠯᠬᠤ ᠲᠠᠸᠠᠷ᠎ᠤᠨ ᠪᠣᠭᠤᠳᠠᠯ ᠪᠠᠭᠯᠠᠭ᠎ᠠ ᠳᠡᠭᠡᠷᠡᠬᠢ ᠦᠰᠦᠭ᠂ ᠲᠣᠳᠤᠷᠬᠠᠢᠯᠠᠯ᠃

  ᠠᠷᠪᠠᠨ ᠲᠠᠪᠤᠳᠤᠭᠠᠷ ᠵᠦᠢᠯ   ᠮᠡᠳᠡᠭᠡ ᠵᠠᠩᠭᠢ᠎ᠶᠢᠨ ᠱᠢᠢᠳᠪᠦᠷᠢᠯᠡᠯᠲᠡ ᠪᠠ ᠮᠡᠳᠡᠭᠡ ᠵᠠᠩᠭᠢ᠎ᠶᠢᠨ ᠲᠧᠭᠨᠢᠭ ᠮᠡᠷᠭᠡᠵᠢᠯ᠎ᠦᠨ ᠦᠢᠯᠡᠳᠬᠦᠨ᠎ᠳᠦ ᠤᠯᠤᠰ᠎ᠤᠨ ᠨᠡᠢᠳᠡᠮ ᠬᠡᠷᠡᠭᠯᠡᠬᠦ ᠦᠭᠡ ᠬᠡᠯᠡ ᠦᠰᠦᠭ  ᠪᠢᠴᠢᠭ᠌᠎ᠨᠢ ᠤᠯᠤᠰ᠎ᠤᠨ ᠳᠦᠷᠢᠮᠵᠢᠯ ᠪᠠ ᠪᠠᠷᠢᠮᠵᠢᠶ᠎ᠠ᠎ᠳᠤ ᠨᠡᠢᠴᠡᠭᠰᠡᠨ ᠪᠠᠢᠬᠤ ᠬᠡᠷᠡᠭᠲᠡᠢ᠃

  ᠠᠷᠪᠠᠨ ᠵᠢᠷᠭᠤᠳᠤᠭᠠᠷ ᠵᠦᠢᠯ   ᠲᠤᠰ ᠪᠦᠯᠦᠭ᠎ᠦᠨ ᠬᠣᠯᠪᠤᠭᠳᠠᠯ ᠪᠦᠬᠦᠢ ᠲᠣᠭᠲᠠᠭᠠᠯ᠎ᠤᠨ ᠳᠣᠲᠤᠷ᠎ᠠ ᠳᠣᠤᠷ᠎ᠠ ᠵᠢᠭᠰᠠᠭᠠᠭᠰᠠᠨ ᠪᠠᠢᠳᠠᠯ᠎ᠤᠳ ᠪᠠᠢᠪᠠᠯ ᠨᠤᠲᠤᠭ᠎ᠤᠨ ᠠᠶᠠᠯᠭᠤ᠎ᠶᠢ ᠬᠡᠷᠡᠭᠯᠡᠵᠦ ᠪᠣᠯᠤᠨ᠎ᠠ᠄

   (ᠨᠢᠭᠡ) ᠲᠦᠷᠦ᠎ᠶᠢᠨ ᠪᠠᠢᠭᠤᠯᠭ᠎ᠠ᠎ᠶᠢᠨ ᠠᠵᠢᠯᠲᠠᠨ ᠠᠯᠪᠠᠨ ᠠᠵᠢᠯ ᠭᠦᠢᠴᠡᠳᠬᠡᠬᠦ ᠦᠶᠡᠰ᠎ᠲᠦ ᠦᠨᠡᠬᠡᠷ ᠬᠡᠷᠡᠭᠯᠡᠬᠦ ᠴᠢᠬᠤᠯᠠᠲᠠᠢ ᠪᠠᠢᠬᠤ;

   (ᠬᠣᠶᠠᠷ) ᠲᠥᠷᠦ᠎ᠶᠢᠨ ᠶᠠᠪᠤᠳᠠᠯ᠎ᠤᠨ ᠬᠤᠷᠢᠶᠠᠨ᠎ᠤ ᠷᠠᠳᠢᠣ᠋ ᠨᠡᠪᠲᠡᠷᠡᠭᠦᠯᠭᠡ ᠲᠧᠯᠸᠢᠰ᠎ᠦᠨ ᠬᠠᠮᠢᠶᠠᠷᠤᠯᠲᠠ᠎ᠶᠢᠨ ᠰᠠᠯᠠᠭ᠎ᠠ ᠮᠥᠴᠢᠷ ᠪᠤᠶᠤ ᠮᠣᠵᠢ᠎ᠶᠢᠨ ᠱᠠᠳᠤᠨ᠎ᠤ ᠷᠠᠳᠢᠣ᠋ ᠨᠡᠪᠲᠡᠷᠡᠭᠦᠯᠭᠡ ᠲᠧᠯᠸᠢᠰ᠎ᠦᠨ ᠬᠠᠮᠢᠶᠠᠷᠤᠯᠳᠠ᠎ᠶᠢᠨ ᠰᠠᠯᠠᠭ᠎ᠠ ᠮᠥᠴᠢᠷ᠎ᠦᠨ ᠵᠦᠪᠱᠢᠶᠡᠷᠡᠭᠦᠯᠦᠭᠰᠡᠨ ᠨᠡᠪᠲᠡᠷᠡᠭᠦᠯᠭᠡ᠎ᠶᠢᠨ ᠬᠡᠷᠡᠭᠯᠡᠭᠡᠨ᠎ᠦ ᠬᠡᠯᠡ;

   (ᠭᠤᠷᠪᠠ) ᠰᠢ ᠵᠦᠴᠦᠭᠡ᠂ ᠺᠢᠨᠣ᠋ ᠲᠧᠯᠸᠢᠰ ᠵᠡᠷᠭᠡ ᠤᠷᠠᠯᠢᠭ᠎ᠤᠨ ᠬᠡᠯᠪᠡᠷᠢ᠎ᠳᠦ ᠬᠡᠷᠡᠭᠯᠡᠬᠦ ᠴᠢᠬᠤᠯᠠᠲᠠᠢ ᠪᠠᠢᠬᠤ;

   (ᠳᠥᠷᠪᠡ) ᠬᠡᠪᠯᠡᠯ᠂ ᠵᠢᠭᠠᠨ ᠰᠤᠷᠭᠠᠯᠲᠠ᠂ ᠰᠤᠳᠤᠯᠭᠠᠨ᠎ᠤ ᠲᠤᠮᠳᠠ ᠦᠨᠡᠬᠡᠷ ᠬᠡᠷᠡᠭᠯᠡᠬᠦ ᠴᠢᠬᠤᠯᠠᠲᠠᠢ ᠪᠠᠢᠬᠤ᠃

  ᠠᠷᠪᠠᠨ ᠳᠤᠯᠤᠳᠤᠭᠠᠷ ᠵᠦᠢᠯ   ᠲᠤᠰ ᠪᠦᠯᠦᠭ᠎ᠦᠨ ᠬᠤᠯᠪᠤᠭᠳᠠᠯ ᠪᠦᠬᠦᠢ ᠲᠤᠭᠳᠠᠭᠠᠯ᠎ᠤᠨ ᠲᠤᠳᠤᠷ᠎ᠠ ᠳᠣᠤᠷ᠎ᠠ ᠵᠢᠭᠰᠠᠭᠠᠭᠰᠠᠨ ᠪᠠᠢᠳᠠᠯ᠎ᠤᠳ ᠪᠠᠢᠪᠠᠯ ᠪᠢᠴᠢᠯᠭᠡ ᠶᠠᠷᠱᠢᠭᠳᠠᠢ ᠦᠰᠦᠭ᠂ ᠣᠨᠳᠤᠤ ᠪᠢᠴᠢᠯᠭᠡᠳᠠᠢ ᠦᠰᠦᠭ᠎ᠢ ᠦᠯᠡᠳᠡᠭᠡᠬᠦ ᠪᠤᠶᠤ ᠬᠡᠷᠡᠭᠯᠡᠵᠤ ᠪᠤᠯᠤᠨ᠎ᠠ᠄

   (ᠨᠢᠭᠡ) ᠳᠡᠤᠬᠡ᠎ᠶᠢᠨ ᠳᠤᠷᠠᠰᠭᠠᠯᠲᠦ ᠵᠦᠢᠯ᠎ᠦᠳ;

   (ᠬᠤᠶᠠᠷ) ᠣᠪᠤᠭ᠎ᠨᠡᠷ᠎ᠡ᠎ᠶᠢᠨ ᠲᠤᠳᠤᠷᠠᠬᠢ ᠤᠨᠳᠤᠤ ᠪᠢᠴᠢᠯᠭᠡᠳᠠᠢ ᠦᠰᠦᠭ;

   (ᠭᠤᠷᠪᠠ) ᠤᠷᠠᠨ  ᠪᠢᠴᠢᠯᠭᠡ᠂  ᠲᠠᠮᠠᠭ᠎ᠠ ᠰᠡᠢᠯᠦᠮᠡᠯ ᠵᠡᠷᠭᠡ ᠤᠷᠠᠯᠢᠭ᠎ᠤᠨ ᠪᠦᠲᠦᠭᠡᠯ;

   (ᠳᠥᠷᠪᠡ) ᠪᠢᠴᠢᠭᠡᠰᠦ ᠪᠠ ᠬᠤᠳᠠᠯᠳᠤᠭᠠᠨ᠎ᠤ ᠫᠠᠢᠰᠠ᠎ᠶᠢᠨ ᠳᠡᠭᠡᠷᠡᠬᠢ ᠭᠠᠷ ᠪᠢᠴᠢᠮᠡᠯ ᠦᠰᠦᠭ;

   (ᠲᠠᠪᠦ) ᠬᠡᠪᠯᠡᠯ᠂ ᠵᠢᠭᠠᠨ ᠰᠤᠷᠭᠠᠯᠲᠠ᠂ ᠰᠤᠳᠤᠯᠭᠠᠨ᠎ᠤ ᠳᠤᠮᠳᠠ ᠬᠡᠷᠡᠭᠯᠡᠬᠦ ᠴᠢᠬᠤᠯᠠᠳᠠᠢ ᠵᠦᠢᠯᠡᠰ;

   (ᠵᠢᠷᠭᠤᠭ᠎ᠠ) ᠲᠦᠷᠦ᠎ᠶᠢᠨ ᠶᠠᠪᠤᠳᠠᠯ᠎ᠤᠨ ᠬᠤᠷᠢᠶᠠᠨ᠎ᠤ ᠬᠤᠯᠪᠤᠭᠳᠠᠯ ᠪᠦᠬᠦᠢ ᠰᠠᠯᠠᠭ᠎ᠠ ᠮᠦᠴᠢᠷ᠎ᠢᠶᠡᠷ ᠵᠦᠪᠱᠢᠶᠡᠷᠡᠭᠦᠯᠦᠭᠰᠡᠨ ᠤᠨᠴᠠᠭᠠᠢ ᠪᠠᠢᠳᠠᠯ᠃

  ᠠᠷᠪᠠᠨ ᠨᠠᠢ᠍ᠮᠠᠳᠤᠭᠠᠷ ᠵᠦᠢᠯ   ᠤᠯᠤᠰ᠎ᠤᠨ ᠨᠡᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ᠌᠎ᠨᠢ 《ᠬᠢᠲᠠᠳ ᠬᠡᠯᠡᠨ᠎ᠦ ᠠᠪᠢᠶ᠎ᠠ ᠳᠡᠮᠳᠡᠭᠯᠡᠬᠦ ᠲᠦᠰᠦᠯ》᠎ᠢᠶᠡᠷ᠎ᠠᠪᠢᠶᠠᠴᠢᠯᠠᠨ ᠪᠢᠴᠢᠬᠦ ᠪᠠ ᠠᠪᠢᠶ᠎ᠠ ᠬᠠᠳᠠᠬᠤ ᠪᠠᠭᠠᠵᠢ ᠬᠡᠷᠡᠭᠯᠡᠭᠦᠷ ᠪᠤᠯᠭᠠᠨ᠎ᠠ᠃ 《ᠬᠢᠲᠠᠳ ᠬᠡᠯᠡᠨ᠎ᠦ ᠠᠪᠢᠶ᠎ᠠ ᠳᠡᠮᠳᠡᠭᠯᠡᠬᠦ ᠲᠦᠰᠦᠯ》 ᠪᠤᠯ ᠲᠤᠮᠳᠠᠳᠤ ᠤᠯᠤᠰ᠎ᠤᠨ ᠬᠦᠮᠦᠨ᠎ᠦ᠎ᠨᠡᠷ᠎ᠠ᠂ ᠭᠠᠵᠠᠷ᠎ᠤᠨ᠎ᠨᠡᠷ᠎ᠡ ᠪᠤᠯᠤᠨ ᠬᠢᠲᠠᠳ ᠬᠡᠯᠡᠨ᠎ᠦ ᠰᠤᠷᠪᠤᠯᠵᠢ ᠪᠢᠴᠢᠭ᠌᠎ᠢ ᠷᠤᠮᠨ ᠦᠰᠦᠭ᠎ᠢᠶᠡᠷ ᠠᠪᠢᠶᠠᠴᠢᠯᠠᠨ ᠪᠢᠴᠢᠬᠦ ᠠᠷᠭ᠎ᠠ᠎ᠶᠢᠨ ᠨᠢᠭᠡᠳᠦᠯᠳᠠᠢ ᠳᠦᠷᠢᠮᠵᠢᠯ ᠪᠤᠯᠬᠤ ᠪᠦᠭᠡᠳ ᠳᠡᠬᠦᠨ᠎ᠢ ᠬᠢᠲᠠᠳ ᠬᠡᠯᠡ᠎ᠶᠢ ᠬᠡᠷᠡᠭᠯᠡᠬᠦ᠎ᠳᠦ ᠲᠦᠭᠦᠮ᠎ᠦᠭᠡᠢ ᠪᠤᠶᠤ ᠬᠡᠷᠡᠭᠯᠡᠵᠦ ᠪᠣᠯᠬᠤ᠎ᠦᠭᠡᠢ ᠭᠠᠵᠠᠷ᠎ᠲᠤ ᠬᠡᠷᠡᠭᠯᠡᠨ᠎ᠡ᠃

  ᠠᠩᠬ᠎ᠠ ᠵᠡᠷᠭᠡ᠎ᠶᠢᠨ ᠰᠤᠷᠭᠠᠨ ᠬᠥᠮᠦᠵᠢᠯ᠎ᠳᠦ ᠬᠢᠳᠠᠳ ᠬᠡᠯᠡᠨ᠎ᠦ ᠠᠪᠢᠶ᠎ᠠ ᠳᠡᠮᠳᠡᠭᠯᠡᠬᠦ ᠵᠢᠭᠠᠨ ᠰᠤᠷᠭᠠᠯᠳᠠ ᠬᠢᠬᠦ ᠬᠡᠷᠡᠭᠳᠠᠢ᠃

  ᠠᠷᠪᠠ ᠶᠢᠰᠦᠳᠦᠭᠡᠷ ᠵᠦᠢᠯ   ᠨᠡᠢᠲᠡᠯᠢᠭ ᠬᠡᠯᠡ᠎ᠪᠡᠷ ᠠᠵᠢᠯ᠎ᠤᠨ ᠬᠡᠯᠡ ᠪᠤᠯᠭᠠᠭᠰᠠᠨ ᠠᠵᠢᠯ᠎ᠤᠨ ᠪᠠᠢᠷᠢ ᠪᠦᠬᠦᠨ᠎ᠦ ᠠᠵᠢᠯᠳᠠᠳ ᠨᠡᠢᠲᠡᠯᠢᠭ ᠬᠡᠯᠡ᠎ᠶᠢ ᠬᠡᠯᠡᠵᠦ ᠴᠢᠳᠠᠬᠤ ᠴᠢᠳᠠᠪᠤᠷᠢ ᠪᠦᠷᠢᠯᠳᠦᠭᠦᠯᠦᠭᠰᠡᠨ ᠪᠠᠢᠬᠤ ᠬᠡᠷᠡᠭᠳᠠᠢ᠃

  ᠨᠡᠢᠳᠡᠯᠢᠭ ᠬᠡᠯᠡ᠎ᠪᠡᠷ ᠠᠵᠢᠯ᠎ᠤᠨ ᠬᠡᠯᠡ ᠪᠤᠯᠭᠠᠭᠰᠠᠨ ᠨᠡᠪᠳᠡᠷᠡᠭᠦᠯᠦᠭᠴᠢ᠂ ᠫᠷᠤᠭ᠌ᠷᠠᠮ᠎ᠤᠨ ᠳᠠᠭᠠᠭᠠᠮᠠᠯ ᠪᠤᠯᠤᠨ ᠺᠢᠨᠣ᠋ ᠲᠧᠯᠸᠢᠰ ᠶᠠᠷᠢᠶᠠᠳᠤ ᠵᠦᠴᠦᠭᠡ᠎ᠶᠢᠨ ᠲᠤᠭᠯᠠᠭᠴᠢ᠂ ᠪᠠᠭᠱᠢ᠂ ᠲᠦᠷᠦ᠎ᠶᠢᠨ ᠪᠠᠢᠭᠤᠯᠭ᠎ᠠ᠎ᠶᠢᠨ ᠠᠵᠢᠯᠳᠠᠨ᠎ᠤ ᠨᠡᠢᠲᠡᠯᠢᠭ ᠬᠡᠯᠡᠨ᠎ᠦ ᠬᠢᠷᠢ ᠬᠡᠮᠵᠢᠶ᠎ᠡ᠎ᠨᠢ ᠤᠯᠤᠰ᠎ᠤᠨ ᠳᠤᠭᠳᠠᠭᠠᠭᠰᠠᠨ ᠳᠡᠰ᠎ᠦᠨ ᠪᠠᠷᠢᠮᠵᠢᠶ᠎ᠠ᠎ᠳᠤ ᠳᠤᠰ ᠳᠤᠰ ᠬᠦᠷᠦᠭᠰᠡᠨ ᠪᠠᠢᠬᠤ ᠬᠡᠷᠡᠭᠳᠠᠢ᠃ ᠤᠯᠤᠰ᠎ᠠᠴᠠ ᠲᠣᠭᠲᠠᠭᠠᠭᠰᠠᠨ ᠨᠡᠢᠳᠡᠯᠢᠭ ᠬᠡᠯᠡᠨ᠎ᠦ ᠳᠡᠰ᠎ᠦᠨ ᠪᠠᠷᠢᠮᠵᠢᠶ᠎ᠠ᠎ᠳᠤ ᠬᠠᠷᠠᠬᠠᠨ ᠬᠦᠷᠦᠭᠡᠳᠦᠢ ᠪᠠᠢᠪᠠᠯ᠂ ᠪᠠᠢᠳᠠᠯ᠎ᠢ᠎ᠨᠢ ᠢᠯᠭᠠᠨ ᠦᠵᠡᠵᠦ ᠪᠠᠢᠭᠠᠳ ᠪᠤᠯᠪᠠᠰᠤᠷᠠᠯ ᠬᠢᠯᠭᠡᠬᠦ ᠬᠡᠷᠡᠭᠳᠠᠢ᠃

  ᠬᠣᠷᠢᠳᠤᠭᠠᠷ ᠵᠦᠢᠯ   ᠭᠠᠳᠠᠭᠠᠲᠤ᠎ᠶᠢᠨ ᠬᠦᠮᠦᠨ᠎ᠳᠦ ᠵᠤᠷᠢᠭᠤᠯᠤᠭᠰᠠᠨ ᠬᠢᠳᠠᠳ ᠬᠡᠯᠡᠨ᠎ᠤ ᠵᠢᠭᠠᠨ ᠰᠤᠷᠭᠠᠯᠲᠠ᠎ᠨᠢ ᠨᠡᠢᠳᠡᠯᠢᠭ ᠬᠡᠯᠡ ᠪᠠ ᠳᠦᠷᠢᠮᠵᠢᠭᠰᠡᠨ ᠬᠢᠲᠠᠳ ᠦᠰᠦᠭ᠎ᠢ ᠵᠢᠭᠠᠨ ᠰᠤᠷᠭᠠᠬᠤ ᠬᠡᠷᠡᠭᠳᠠᠢ᠃

(ᠬᠠᠷᠢᠭᠤᠴᠠᠭᠰᠠᠨ ᠨᠠᠢᠷᠠᠭᠤᠯᠤᠭᠴᠢ : ᠤᠷᠢᠬᠠᠨ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604