ᠮᠣᠩᠭᠤᠯ ᠬᠡᠯᠡᠨ᠎ᠤ ᠬᠡᠷᠡᠭᠯᠡᠭᠡᠨ᠎ᠤ ᠴᠢᠳᠠᠪᠬᠢ᠎ᠶᠢ ᠨᠡᠭᠡᠭᠡᠨ ᠠᠱᠢᠭᠯᠠᠬᠤ᠎ᠶᠢᠨ ᠤᠴᠢᠷ
2019.06.27

       

  ᠤᠯᠠᠨ᠎ᠤ ᠮᠡᠳᠡᠭᠡᠵᠢ᠎ᠪᠡᠷ᠂ ᠳᠡᠭᠡᠷ᠎ᠡ ᠵᠠᠭᠤᠨ᠎ᠠᠴᠠ ᠨᠠᠭᠠᠱᠢ ᠪᠦᠬᠦᠢᠯᠡ ᠬᠡᠯᠡᠨ᠎ᠤ ᠱᠢᠨᠵᠢᠯᠡᠯ᠎ᠦᠨ ᠬᠦᠷᠢᠶᠡᠨ᠎ᠳᠤ ᠰᠸᠢᠰ᠎ᠤᠨ ᠬᠡᠯᠡᠨ᠎ᠤ ᠡᠷᠳᠡᠮᠲᠡᠨ ᠹᠸᠷᠳᠢᠨᠠᠨᠲ·ᠳ᠋ᠸ·ᠰᠤᠱᠢᠦᠢᠷ (Ferdinand de Saussure¸1857-1913)᠎ᠤᠨ ᠬᠡᠯᠡᠨ᠎ᠤ ᠪᠦᠲᠦᠴᠡ᠎ᠶᠢᠨ ᠱᠢᠰᠲᠧᠮ᠎ᠤᠨ ᠰᠤᠳᠤᠯᠤᠯ ᠭᠠᠵᠠᠷ ᠠᠪᠴᠦ ᠪᠠᠢᠭᠰᠠᠨ᠎ᠤ ᠤᠯᠠᠮ᠎ᠢᠶᠠᠷ ᠬᠡᠯᠡᠨ᠎ᠤ ᠡᠷᠳᠡᠮᠲᠡᠳ᠎ᠨᠢ ᠤᠬᠠᠮᠰᠠᠷ᠎ᠠᠴᠠ᠎ᠪᠠᠨ ᠪᠤᠶᠤ ᠰᠠᠨᠠᠮᠰᠠᠷ᠎ᠦᠭᠡᠢ ᠪᠠᠢᠳᠠᠯ᠎ᠢᠶᠠᠷ ᠬᠡᠯᠡᠨ᠎ᠤ ᠪᠦᠲᠦᠴᠡ᠎ᠶᠢᠨ ᠰᠤᠳᠤᠯᠤᠯ-ᠬᠡᠯᠡᠨ᠎ᠤ ᠲᠣᠭᠲᠠᠩᠭᠤᠢ ᠪᠠᠢᠳᠠᠯ᠎ᠤᠨ ᠰᠤᠳᠤᠯᠤᠯ ᠳᠡᠭᠡᠷ᠎ᠡ ᠠᠩᠬᠠᠷᠤᠯ᠎ᠢᠶᠠᠨ ᠬᠠᠨᠳᠤᠭᠤᠯᠤᠭᠰᠠᠨ᠎ᠨᠢ ᠳᠡᠢᠯᠦᠩᠬᠡᠢ᠂ ᠬᠠᠷᠢᠨ ᠬᠡᠯᠡᠨ᠎ᠤ ᠴᠢᠳᠠᠪᠬᠢ ᠰᠤᠳᠤᠯᠤᠯ-ᠬᠥᠳᠡᠯᠦᠩᠭᠢ ᠪᠠᠢᠳᠠᠯ᠎ᠤᠨ ᠰᠤᠳᠤᠯᠤᠯ᠎ᠢ ᠳᠡᠮᠡᠢ ᠤᠴᠢᠷ ᠪᠣᠯᠭᠠᠭᠰᠠᠨ᠎ᠦᠭᠡᠢ ᠪᠤᠶᠤ ᠣᠷᠬᠢᠭᠳᠠᠭᠤᠯᠤᠭᠰᠠᠨ ᠪᠠᠢᠳᠠᠯ᠎ᠲᠠᠢ᠃ ᠶᠠᠭ ᠲᠡᠢᠮᠦ᠎ᠴᠦ ᠤᠴᠢᠷ᠎ᠠᠴᠠ ᠮᠣᠩᠭᠤᠯ ᠬᠡᠯᠡᠨ᠎ᠤ ᠢᠯᠡᠳᠭᠡᠬᠦ ᠴᠢᠳᠠᠪᠬᠢ ᠶᠠᠪᠤᠬᠤ ᠳᠤᠲᠤᠮ ᠢᠪᠴᠤᠷᠠᠨ ᠰᠤᠯᠠᠷᠠᠵᠤ᠂ ᠬᠠᠷᠢ ᠬᠡᠯᠡ᠎ᠪᠡᠷ ᠰᠡᠳᠭᠢᠨ᠂ ᠬᠣᠯᠢᠶ᠎ᠠ ᠮᠣᠩᠭᠤᠯ ᠬᠡᠯᠡ᠎ᠪᠡᠷ ᠢᠯᠡᠳᠭᠡᠵᠦ ᠪᠠᠢᠭ᠎ᠠ ᠶᠠᠪᠤᠳᠠᠯ ᠵᠥᠩᠳᠡᠭᠡᠨ ᠬᠠᠷᠠᠭᠳᠠᠵᠤ ᠲᠥᠷᠦᠯᠬᠢ ᠬᠡᠯᠡ᠎ᠪᠠᠨ ᠲᠦᠢᠯ᠎ᠢᠶᠠᠷ ᠪᠤᠬᠢᠷᠳᠤᠭᠤᠯᠵᠤ ᠪᠠᠢᠭ᠎ᠠ᠎ᠨᠢ ᠬᠠᠷᠠᠮᠰᠠᠯᠲᠠᠢ᠃ ᠡᠭᠦᠨ᠎ᠤ ᠤᠴᠢᠷ᠎ᠨᠢ ᠬᠠᠮᠢᠭ᠎ᠠ᠎ᠪᠠᠨ ᠪᠠᠢᠨ᠎ᠠ ᠪᠤᠢ ᠭᠡᠬᠦ ᠠᠰᠠᠭᠤᠳᠠᠯ᠎ᠤᠨ ᠲᠠᠯ᠎ᠠ᠎ᠪᠠᠷ ᠪᠢ ᠥᠪᠡᠷ᠎ᠦᠨ ᠦᠵᠡᠯᠲᠡ᠎ᠪᠠᠨ ᠶᠠᠷᠢᠮᠠᠷ ᠪᠠᠢᠨ᠎ᠠ᠃

  ᠨᠢᠭᠡ᠂ ᠭᠡᠷ ᠠᠬᠤᠢ᠎ᠶᠢᠨ ᠪᠠᠭᠠᠵᠢ ᠬᠡᠷᠡᠭᠰᠡᠯ᠎ᠦᠨ ᠤᠯᠠᠷᠢᠯ ᠬᠤᠪᠢᠷᠠᠯ᠎ᠠᠴᠠ ᠣᠳᠤᠬᠢ ᠮᠣᠩᠭᠤᠯ ᠬᠡᠯᠡᠨ᠎ᠤ ᠢᠯᠡᠳᠭᠡᠬᠦ ᠴᠢᠳᠠᠪᠬᠢ᠎ᠶᠢ ᠱᠢᠨᠵᠢᠬᠦ᠎ᠨᠢ

  ᠬᠡᠯᠡ ᠪᠤᠯ ᠨᠢᠭᠡᠨ ᠲᠥᠷᠦᠯ᠎ᠦᠨ ᠪᠠᠭᠠᠵᠢ ᠮᠥᠨ᠂ ᠲᠡᠷᠡ᠎ᠨᠢ ᠪᠤᠰᠤᠳ ᠲᠥᠷᠦᠯ᠎ᠦᠨ ᠪᠠᠭᠠᠵᠢ᠎ᠲᠠᠢ ᠠᠳᠠᠯᠢᠪᠲᠤᠷ᠃ ᠪᠦᠲᠦᠴᠡ ᠪᠠ ᠴᠢᠳᠠᠪᠬᠢ ᠬᠤᠶᠠᠷ᠎ᠢᠶᠠᠷ ᠪᠦᠷᠢᠯᠳᠦᠭᠰᠡᠨ ᠪᠠᠢᠳᠠᠭ᠃ ᠡᠨᠳᠡ ᠪᠢᠳᠡ ᠬᠥᠮᠦᠨ ᠲᠥᠷᠦᠯᠭᠢᠲᠡᠨ᠎ᠤ ᠠᠮᠢᠳᠤᠷᠠᠯ᠎ᠳᠤ ᠦᠢᠯᠡᠴᠢᠯᠡᠭᠡ ᠬᠠᠩᠭᠠᠵᠤ ᠪᠠᠢᠭ᠎ᠠ ᠭᠡᠷ ᠠᠬᠤᠢ᠎ᠶᠢᠨ ᠬᠡᠷᠡᠭᠰᠡᠯ᠎ᠦᠨ ᠨᠢᠭᠡ ᠪᠣᠯᠬᠤ ᠠᠷᠢᠭᠤᠨ ᠴᠡᠪᠡᠷ᠎ᠦᠨ ᠪᠠᠭᠠᠵᠢ- 《ᠬᠤᠪᠴᠠᠰᠤ ᠤᠭᠢᠶᠠᠬᠤ ᠮᠠᠱᠢᠨ》 (ᠬᠠᠯᠠᠭᠴᠤᠳ 《ᠤᠭᠢᠶᠠᠯᠭ᠎ᠠ᠎ᠶᠢᠨ ᠮᠠᠱᠢᠨ》 ᠭᠡᠳᠡᠭ)᠎ᠳᠤ ᠵᠠᠳᠠᠯᠤᠯᠲᠠ ᠬᠢᠪᠡᠯ᠄

  ᠬᠥᠮᠦᠨ ᠲᠥᠷᠦᠯᠭᠢᠲᠡᠨ ᠡᠷᠲᠡ ᠦᠶ᠎ᠡ᠎ᠳᠤ ᠬᠤᠪᠴᠠᠰᠤ᠎ᠪᠠᠨ ᠭᠠᠷ᠎ᠢᠶᠠᠷ ᠤᠭᠢᠶᠠᠵᠤ ᠪᠠᠢᠭᠰᠠᠨ᠎ᠢᠶᠠᠨ ᠤᠭᠢᠶᠠᠭᠤᠷ ᠬᠠᠪᠲᠠᠰᠤ᠂ ᠬᠤᠪᠴᠠᠰᠤ ᠤᠭᠢᠶᠠᠬᠤ ᠬᠠᠪᠲᠠᠰᠤ᠂ ᠬᠤᠪᠴᠠᠰᠤ ᠤᠭᠢᠶᠠᠬᠤ ᠱᠢᠳᠠᠮ ᠮᠡᠲᠦ ᠳᠥᠭᠦᠮᠬᠡᠨ ᠪᠠᠭᠠᠵᠢ᠎ᠶᠢ ᠵᠣᠬᠢᠶᠠᠨ ᠪᠦᠲᠦᠭᠡᠵᠡᠢ᠃ ᠱᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠦᠨ ᠬᠥᠭᠵᠢᠯ᠎ᠢ ᠳᠠᠭᠠᠯᠳᠤᠨ ᠳᠠᠩ ᠰᠠᠭᠤᠯᠠᠭᠠᠲᠦ ᠬᠤᠪᠴᠠᠰᠤ ᠤᠭᠢᠶᠠᠬᠤ ᠮᠠᠱᠢᠨ᠂ ᠬᠠᠭᠠᠰ ᠥᠪᠡᠷ᠎ᠢᠶᠡᠨ ᠬᠥᠳᠡᠯᠬᠦ ᠬᠤᠪᠴᠠᠰᠤ ᠤᠭᠢᠶᠠᠬᠤ ᠮᠠᠱᠢᠨ (ᠬᠠᠯᠠᠭᠴᠤᠳ 《ᠬᠠᠭᠠᠰ ᠠᠦ᠋ᠲ᠋ᠤᠮᠠᠲ ᠤᠭᠢᠶᠠᠯᠭ᠎ᠠ᠎ᠶᠢᠨ ᠮᠠᠱᠢᠨ》 ᠭᠡᠳᠡᠭ)᠂ ᠬᠤᠪᠴᠠᠰᠤ ᠤᠭᠢᠶᠠᠬᠤ ᠠᠦ᠋ᠲ᠋ᠤ ᠮᠠᠱᠢᠨ (ᠬᠠᠯᠠᠭᠴᠤᠳ 《ᠪᠦᠷᠢᠨ ᠠᠦ᠋ᠲ᠋ᠤᠮᠠᠲ ᠤᠭᠢᠶᠠᠯᠭ᠎ᠠ᠎ᠶᠢᠨ ᠮᠠᠱᠢᠨ》 ᠭᠡᠳᠡᠭ) ᠵᠡᠷᠭᠡ ᠪᠤᠢ ᠪᠣᠯᠪᠠ᠃

  ᠤᠭᠢᠶᠠᠯᠭ᠎ᠠ᠎ᠶᠢᠨ ᠮᠠᠱᠢᠨ᠎ᠤ ᠪᠦᠲᠦᠴᠡ᠎ᠶᠢ ᠵᠢᠭᠰᠠᠭᠠᠪᠠᠯ᠄ (1) ᠲᠠᠭᠯᠠᠭ᠎ᠠ (ᠬᠠᠯᠠᠭᠴᠤᠳ 《ᠲᠠᠭ》 ᠭᠡᠳᠡᠭ)᠂ (2) ᠳᠣᠲᠤᠷ᠎ᠠ ᠰᠠᠭᠤᠯᠭ᠎ᠠ᠎ᠶᠢᠨ ᠳᠡᠭᠡᠲᠦ ᠢᠷᠮᠡᠭ (ᠬᠠᠯᠠᠭᠴᠤᠳ 《ᠤᠬᠢᠶᠠᠭᠴᠢ ᠰᠠᠪᠠᠨ᠎ᠤ ᠠᠮᠠᠰᠠᠷ》 ᠭᠡᠳᠡᠭ)᠂ (3) ᠬᠤᠳᠭᠤᠭᠤᠷ (ᠬᠠᠯᠠᠭᠴᠤᠳ 《ᠰᠠᠨᠰᠠ》 ᠭᠡᠳᠡᠭ)᠂ (4) ᠳᠣᠲᠤᠷ᠎ᠠ ᠰᠠᠭᠤᠯᠭ᠎ᠠ (ᠬᠠᠯᠠᠭᠴᠤᠳ 《ᠤᠬᠢᠶᠠᠭᠴᠢ ᠰᠠᠪᠠ》 ᠭᠡᠳᠡᠭ)᠂ (5) ᠱᠢᠭᠦᠭᠦᠷ (ᠬᠠᠯᠠᠭᠴᠤᠳ 《ᠲᠣᠤᠷᠤᠨ ᠱᠦᠭᠦᠯᠳᠡᠭᠦᠷ》 ᠭᠡᠳᠡᠭ)᠂ (6) ᠬᠤᠷᠳᠤᠴᠠ ᠥᠭᠡᠷᠡᠴᠢᠯᠡᠭᠴᠢ (ᠬᠠᠯᠠᠭᠴᠤᠳ 《ᠳᠠᠮᠵᠢᠭᠤᠯᠤᠭᠴᠢ》 ᠭᠡᠳᠡᠭ᠂ (7) ᠬᠠᠷᠢᠮᠠᠭ (ᠬᠠᠯᠠᠭᠴᠤᠳ 《ᠫᠦᠷᠱ》 ᠭᠡᠳᠡᠭ);

  ᠤᠭᠢᠶᠠᠯᠭ᠎ᠠ᠎ᠶᠢᠨ ᠮᠠᠱᠢᠨ᠎ᠤ ᠴᠢᠳᠠᠪᠬᠢ᠎ᠶᠢ ᠵᠢᠭᠰᠠᠭᠠᠪᠠᠯ᠄ (8) ᠵᠠᠬᠢᠷᠬᠤ ᠲᠠᠯᠠᠪᠠᠢ (ᠬᠠᠯᠠᠭᠴᠤᠳ 《ᠲᠣᠬᠢᠷᠠᠭᠤᠯᠭ᠎ᠠ᠎ᠶᠢᠨ ᠬᠡᠰᠡᠭ》 ᠭᠡᠳᠡᠭ)᠂ (9) ᠤᠰᠤᠨ᠎ᠤ ᠲᠦᠪᠱᠢᠨ ᠰᠣᠩᠭᠤᠭᠴᠢ (ᠬᠠᠯᠠᠭᠴᠤᠳ 《ᠤᠰᠤᠨ᠎ᠤ ᠲᠦᠪᠱᠢᠨ ᠲᠣᠬᠢᠷᠠᠭᠤᠯᠤᠭᠴᠢ》 ᠭᠡᠳᠡᠭ)᠂ (10) ᠤᠰᠤᠨ᠎ᠤ ᠳᠤᠯᠠᠭᠠᠨ ᠰᠣᠩᠭᠤᠭᠴᠢ (ᠬᠠᠯᠠᠭᠴᠤᠳ 《ᠤᠰᠤᠨ᠎ᠤ ᠬᠠᠯᠠᠭᠤᠨ ᠲᠣᠬᠢᠷᠠᠭᠤᠯᠤᠭᠴᠢ》 ᠭᠡᠳᠡᠭ)᠂ (11) ᠵᠠᠬᠢᠷᠬᠤ ᠲᠣᠪᠴᠢᠯᠠᠭᠤᠷ  (ᠬᠠᠯᠠᠭᠴᠤᠳ 《ᠲᠣᠬᠢᠷᠠᠭᠤᠯᠭ᠎ᠠ》 ᠭᠡᠳᠡᠭ)᠂ (12) ᠮᠠᠱᠢᠨ᠎ᠤ ᠬᠠᠭᠠᠯᠭ᠎ᠠ (ᠬᠠᠯᠠᠭᠴᠤᠳ 《᠎ᠳᠠᠭ》 ᠭᠡᠳᠡᠭ)᠁ ᠵᠡᠷᠭᠡ ᠤᠯᠠᠨ ᠡᠯᠸᠮᠸᠨ᠋ᠲ᠎ᠢᠶᠠᠷ ᠴᠣᠭᠴᠠᠯᠠᠭᠳᠠᠭᠰᠠᠨ ᠪᠠᠭᠠᠵᠢ ᠪᠣᠯᠵᠤ ᠬᠥᠭᠵᠢᠵᠡᠢ᠃

  ᠤᠭᠢᠶᠠᠯᠭ᠎ᠠ᠎ᠶᠢᠨ ᠮᠠᠱᠢᠨ᠎ᠳᠤ ᠬᠣᠯᠪᠤᠭᠳᠠᠭᠰᠠᠨ ᠦᠭᠡᠰ᠎ᠢ ᠠᠵᠢᠭᠯᠠᠬᠤ᠎ᠳᠤ᠂ ᠨᠡᠢᠭᠡᠮ᠎ᠦᠨ ᠬᠥᠭᠵᠢᠯ᠎ᠨᠢ ᠦᠭᠡᠰ᠎ᠦᠨ ᠰᠠᠩ᠎ᠤᠨ ᠬᠥᠭᠵᠢᠯ᠎ᠳᠤ ᠱᠢᠢᠳᠪᠦᠷᠢᠯᠡᠭᠴᠢ ᠦᠢᠯᠡᠳᠦᠯ ᠦᠵᠡᠭᠦᠯᠵᠦ ᠪᠠᠢᠨ᠎ᠠ᠃ ᠥᠪᠦᠷ ᠮᠣᠩᠭᠤᠯᠴᠤᠳ᠎ᠴᠦ ᠲᠡᠷᠡ᠂ ᠬᠠᠯᠠᠭᠴᠤᠳ᠎ᠴᠦ ᠲᠡᠷᠡ ᠥᠪᠡᠷ ᠥᠪᠡᠷ᠎ᠦᠨ ᠣᠨᠴᠠᠯᠢᠭ ᠪᠦᠬᠦᠢ ᠦᠭᠡ ᠵᠣᠬᠢᠶᠠᠳᠠᠭ ᠱᠢᠨᠵᠢ ᠪᠠᠢᠳᠠᠭ ᠬᠡᠳᠦᠢ᠎ᠴᠦ᠂ ᠠᠯᠢ ᠠᠯᠢᠨ᠎ᠨᠢ᠎ᠴᠦ ᠬᠥᠱᠢᠭᠦᠨ ᠪᠠᠢᠳᠠᠯ᠎ᠲᠠᠢ ᠮᠥᠷᠲᠡᠭᠡᠨ ᠨᠢᠭᠡ ᠰᠠᠢᠨ ᠳᠦᠷᠢᠮᠵᠢᠭᠡ᠎ᠦᠭᠡᠢ ᠪᠠᠢᠭ᠎ᠠ᠎ᠨᠢ ᠢᠯᠡᠬᠡᠨ᠃

  ᠬᠤᠶᠠᠷ᠂ ᠡᠪᠦᠳᠦᠭ ᠲᠣᠭᠤᠷᠢᠭᠰᠠᠨ ᠭᠠᠷ ᠠᠪᠤᠯᠭ᠎ᠠ᠎ᠶᠢ ᠱᠢᠨᠡᠴᠢᠯᠡᠬᠦ ᠮᠣᠩᠭᠤᠯ ᠬᠡᠯᠡᠨ᠎ᠤ ᠪᠣᠯᠤᠮᠵᠢ

  ᠡᠭᠦᠨ᠎ᠳᠤ 《ᠬᠢᠲᠠᠳ ᠮᠣᠩᠭᠤᠯ ᠲᠣᠯᠢ》 (ᠭᠤᠷᠪᠠᠳᠤᠭᠠᠷ ᠬᠡᠪᠯᠡᠯ)᠎ᠪᠠᠷ ᠵᠢᠱᠢᠶᠡᠯᠡᠬᠦ᠎ᠨᠢ ᠬᠠᠮᠤᠭ᠎ᠤᠨ ᠲᠣᠬᠢᠷᠠᠮᠵᠢᠲᠠᠢ ᠬᠡᠮᠡᠨ ᠦᠵᠡᠵᠦ ᠪᠠᠢᠨ᠎ᠠ᠃ ᠤᠤᠯ ᠲᠣᠯᠢ ᠪᠤᠯ ᠨᠠᠮ᠎ᠤᠨ ᠦᠨᠳᠦᠰᠦᠲᠡᠨ᠎ᠤ ᠲᠦᠷᠦ᠎ᠶᠢᠨ ᠪᠣᠳᠤᠯᠭ᠎ᠠ᠎ᠶᠢᠨ ᠢᠪᠡᠭᠡᠯ ᠳᠣᠤᠷ᠎ᠠ᠂ ᠥᠪᠦᠷ ᠮᠣᠩᠭᠤᠯ᠎ᠤᠨ ᠨᠡᠢᠭᠡᠮ᠎ᠦᠨ ᠱᠢᠨᠵᠢᠯᠡᠬᠦ ᠤᠬᠠᠭᠠᠨ᠎ᠤ ᠬᠦᠷᠢᠶᠡᠯᠡᠩ᠎ᠦᠨ ᠮᠣᠩᠭᠤᠯ ᠬᠡᠯᠡ ᠦᠰᠦᠭ ᠪᠢᠴᠢᠭ ᠰᠤᠳᠤᠯᠬᠤ ᠭᠠᠵᠠᠷ᠎ᠤᠨ ᠲᠤᠯᠢᠴᠢᠳ᠎ᠤᠨ ᠤᠯᠠᠨ ᠵᠢᠯ᠎ᠤᠨ ᠲᠤᠷᠱᠢᠬᠢ ᠬᠢᠴᠢᠶᠡᠯ ᠵᠢᠳᠭᠦᠯ᠎ᠢ ᠳᠠᠮᠵᠢᠵᠦ᠂ ᠡᠭᠦᠳᠦᠨ ᠪᠦᠲᠦᠭᠡᠭᠰᠡᠨ ᠣᠷᠴᠢᠨ ᠦᠶ᠎ᠡ᠎ᠶᠢᠨ ᠬᠢᠲᠠᠳ ᠬᠡᠯᠡ᠎ᠶᠢ ᠰᠤᠷᠬᠤ ᠪᠣᠯᠤᠨ ᠳᠦᠷᠢᠮᠵᠢᠭᠦᠯᠬᠦ᠎ᠳᠤ ᠬᠠᠮᠤᠭ᠎ᠤᠨ ᠴᠢᠬᠤᠯᠠ᠂ ᠬᠠᠮᠤᠭ᠎ᠤᠨ ᠦᠨᠳᠦᠰᠦᠨ᠎ᠨᠡᠷ᠎ᠡ ᠬᠦᠨᠳᠦ ᠪᠦᠬᠦᠢ ᠬᠡᠷᠡᠭᠯᠡᠭᠡᠨ᠎ᠤ ᠨᠣᠮ᠎ᠶᠤᠮ᠃ ᠲᠡᠷᠡ᠎ᠪᠡᠷ ᠲᠤᠬᠠᠢ᠎ᠶᠢᠨ ᠦᠶ᠎ᠡ᠎ᠶᠢᠨ ᠲᠡᠤᠬᠡᠲᠦ ᠬᠤᠭᠤᠴᠠᠭᠠᠨ᠎ᠳᠤ ᠤᠯᠠᠨ ᠵᠦᠢᠯ᠎ᠦᠨ ᠱᠢᠯᠲᠠᠭᠠᠨ᠎ᠠᠴᠠ ᠪᠣᠯᠵᠤ᠂ ᠱᠢᠨ᠎ᠡ ᠵᠠᠭᠤᠨ᠎ᠤ ᠡᠬᠢᠨ ᠪᠣᠯᠲᠠᠯ᠎ᠠ ᠬᠡᠳᠦᠢᠪᠡᠷ ᠱᠢᠯᠢᠳᠡᠭ ᠨᠣᠮ᠎ᠤᠨ᠎ᠨᠡᠷ᠎ᠡ᠎ᠶᠢ ᠣᠯᠵᠤ ᠴᠢᠳᠠᠭ᠎ᠠ᠎ᠦᠭᠡᠢ᠎ᠴᠦ᠂ 20᠎ᠳᠤᠭᠠᠷ ᠵᠠᠭᠤᠨ᠎ᠤ ᠵᠢᠷᠠᠭᠠᠳ᠎ᠤᠨ᠎ᠠᠴᠠ ᠨᠠᠶᠠᠭᠠᠳ᠎ᠤᠨ ᠬᠦᠷᠲᠡᠯ᠎ᠡ ᠮᠠᠨ᠎ᠤ ᠤᠯᠤᠰ᠎ᠤᠨ ᠨᠠᠢ᠍ᠮᠠᠨ ᠮᠤᠵᠢ ᠣᠷᠤᠨ᠎ᠤ ᠮᠣᠩᠭᠤᠯ ᠬᠡᠯᠡ ᠬᠡᠷᠡᠭᠯᠡᠳᠡᠭ ᠡᠯ᠎ᠡ ᠱᠠᠲᠤᠨ᠎ᠤ ᠠᠯᠪᠠᠨ ᠪᠠᠢᠭᠤᠯᠭ᠎ᠠ᠎ᠶᠢᠨ ᠠᠵᠢᠯᠲᠠᠳ᠎ᠤᠨ ᠬᠢᠲᠠᠳ ᠬᠡᠯᠡᠨ᠎ᠡᠴᠡ ᠮᠣᠩᠭᠤᠯ ᠬᠡᠯᠡ ᠤᠷᠤᠭᠤ ᠣᠷᠴᠢᠭᠤᠯᠬᠤ᠎ᠳᠤ ᠲᠤᠳᠠᠭᠳᠠᠵᠤ ᠪᠣᠯᠤᠱᠢ᠎ᠦᠭᠡᠢ ᠭᠠᠷ ᠠᠪᠤᠯᠭ᠎ᠠ ᠪᠣᠯᠵᠤ᠂ ᠬᠡᠷᠡᠭ ᠳᠡᠭᠡᠷ᠎ᠡ᠎ᠪᠡᠨ ᠥᠷᠭᠡᠨ ᠤᠯᠠᠨ ᠤᠩᠱᠢᠭᠴᠢᠳ᠎ᠤᠨ ᠳᠤᠮᠳᠠ ᠳᠤᠲᠠᠭᠳᠠᠵᠤ ᠪᠣᠯᠤᠱᠢ᠎ᠦᠭᠡᠢ ᠪᠠᠢᠷᠢ ᠰᠠᠭᠤᠷᠢ᠎ᠶᠢ ᠣᠯᠵᠠᠢ ᠭᠡᠵᠤ ᠪᠣᠯᠤᠨ᠎ᠠ᠃

   《ᠬᠢᠲᠠᠳ ᠮᠣᠩᠭᠤᠯ ᠲᠣᠯᠢ》 (ᠭᠤᠷᠪᠠᠳᠤᠭᠠᠷ ᠬᠡᠪᠯᠡᠯ)᠎ᠨᠢ ᠥᠪᠦᠷ ᠮᠣᠩᠭᠤᠯ᠎ᠤᠨ ᠨᠡᠢᠭᠡᠮ᠎ᠦᠨ ᠱᠢᠨᠵᠢᠯᠡᠬᠦ ᠤᠬᠠᠭᠠᠨ᠎ᠤ ᠬᠦᠷᠢᠶᠡᠯᠡᠩ ᠬᠢᠭᠡᠳ ᠦᠨᠳᠦᠰᠦᠲᠡᠨ᠎ᠤ ᠬᠡᠪᠯᠡᠯ᠎ᠦᠨ ᠬᠣᠷᠢᠶᠠᠨ᠎ᠤ ᠬᠠᠮᠲᠤ᠎ᠶᠢᠨ ᠠᠵᠢᠯᠯᠠᠭ᠎ᠠ᠂ ᠵᠢᠴᠢ ᠳ᠋᠊·ᠪᠠᠭᠠᠲᠤᠷ᠂ ᠰᠦᠮᠪᠦᠷᠪᠠᠲᠤ᠎ᠨᠠᠷ᠎ᠤᠨ ᠰᠡᠳᠭᠢᠯ ᠵᠢᠳᠭᠦᠯ᠎ᠦᠨ ᠴᠢᠷᠮᠠᠢᠯᠲᠠ᠎ᠪᠠᠷ ᠡᠳᠦᠭᠡ ᠲᠦᠮᠡᠨ᠎ᠳᠤ᠎ᠪᠡᠨ ᠲᠤᠰᠠᠲᠠᠢ᠂ ᠲᠦᠷᠦ᠎ᠶᠢᠨ ᠱᠠᠩᠨᠠᠯ ᠭᠠᠷᠳᠠᠭᠰᠠᠨ ᠭᠠᠷ ᠠᠪᠤᠯᠭ᠎ᠠ ᠪᠣᠯᠤᠭᠠᠳ ᠪᠠᠢᠭ᠎ᠠ ᠤᠴᠢᠷ ᠨᠡᠢᠭᠡᠮ᠎ᠦᠨ ᠬᠡᠷᠡᠭᠯᠡᠭᠡᠨ᠎ᠤ ᠬᠡᠯᠡ ᠱᠢᠨᠵᠢᠯᠡᠯ᠎ᠦᠨ ᠡᠭᠦᠳᠡᠨ᠎ᠡᠴᠡ ᠬᠡᠷᠡᠭᠯᠡᠭᠡᠨ᠎ᠤ ᠬᠡᠯᠡ ᠱᠢᠨᠵᠢᠯᠡᠯ᠎ᠦᠨ ᠲᠤᠬᠠᠢ ᠶᠠᠷᠢᠯᠴᠠᠬᠤ᠎ᠳᠤ ᠨᠠᠢᠳᠠᠪᠦᠷᠢᠲᠠᠢ ᠵᠢᠱᠢᠶ᠎ᠡ ᠬᠠᠩᠭᠠᠬᠤ ᠴᠤᠷ᠎ᠤᠨ ᠭᠠᠭᠴᠠ ᠮᠠᠲᠧᠷᠢᠶᠠᠯ ᠪᠣᠯᠵᠤ ᠪᠠᠢᠨ᠎ᠠ᠃ ᠪᠢ ᠡᠨᠡ᠎ᠬᠦ ᠪᠡᠰᠡᠷᠡᠭᠬᠡᠨ ᠤᠬᠤᠷ ᠥᠭᠦᠯᠡᠯ᠎ᠢ ᠪᠢᠴᠢᠬᠦ ᠵᠣᠷᠢᠯᠭ᠎ᠠ᠎ᠪᠡᠷ ᠲᠤᠰ ᠲᠣᠯᠢ᠎ᠶᠢ ᠤᠬᠠᠭᠠᠯᠠᠭᠰᠠᠨ ᠬᠠᠷᠢᠭᠤᠴᠠᠭᠰᠠᠨ ᠨᠠᠢᠷᠠᠭᠤᠯᠤᠭᠴᠢ ᠰᠦᠮᠪᠦᠷᠪᠠᠲᠤ ᠪᠠᠭᠱᠢ᠎ᠶᠢᠨ ᠲᠤᠰ ᠲᠣᠯᠢᠨ᠎ᠳᠤ ᠬᠢᠷᠢ ᠵᠡᠷᠭᠡ ᠬᠦᠴᠦ ᠬᠥᠯᠦᠰᠦ ᠱᠢᠩᠭᠡᠭᠡᠵᠦ ᠠᠵᠢᠯᠯᠠᠭᠰᠠᠨ᠎ᠢ ᠬᠦᠨᠳᠦᠳᠭᠡᠨ ᠪᠢᠱᠢᠷᠡᠨᠡᠮ᠃ ᠵᠢᠱᠢᠶᠡᠯᠡᠪᠡᠯ᠄ ᠬᠢᠲᠠᠳ ᠲᠣᠯᠤᠭᠠᠢ ᠦᠭᠡ᠎ᠶᠢᠨ ᠮᠣᠩᠭᠤᠯ ᠣᠨᠤᠭᠠᠯᠲᠠ᠎ᠳᠤ ᠨᠡᠮᠡᠯᠲᠡ᠂ ᠵᠠᠰᠠᠯᠲᠠ ᠬᠢᠭᠰᠡᠨ᠂ ᠮᠣᠩᠭᠤᠯ ᠰᠣᠶᠤᠯ᠎ᠢ ᠬᠠᠷᠠᠭᠤᠯᠤᠭᠰᠠᠨ ᠬᠡᠯᠡᠴᠡ ᠪᠤᠶᠤ ᠵᠦᠢᠷ ᠰᠡᠴᠡᠨ ᠦᠭᠡ ᠨᠡᠮᠡᠵᠤ ᠣᠷᠤᠭᠤᠯᠤᠭᠰᠠᠨ ᠵᠡᠷᠭᠡ᠃

  ᠬᠤᠷᠢᠶᠠᠩᠭᠤᠢᠯᠠᠪᠠᠯ᠂ ᠳᠡᠭᠡᠷ᠎ᠡ ᠵᠠᠭᠤᠨ᠎ᠤ 50-60᠎ᠤᠨ᠎ᠳᠤ ᠮᠣᠩᠭᠤᠯ ᠤᠯᠤᠰ᠎ᠤᠨ ᠶᠡᠬᠡ ᠡᠷᠳᠡᠮᠲᠡᠨ ᠪ᠊·ᠷᠢᠨᠴᠢᠨ ᠭᠤᠸᠠᠢ 《ᠥᠭᠡᠳᠡᠯᠡᠵᠦ ᠳᠡᠭᠵᠢᠬᠦ᠎ᠶᠢᠨ ᠲᠡᠭᠦᠰ ᠬᠤᠪᠢ᠎ᠲᠠᠢ᠂ ᠤᠷᠭᠤᠨ ᠮᠠᠨᠳᠤᠬᠤ᠎ᠶᠢᠨ ᠱᠢᠨᠵᠢ ᠪᠦᠷᠢᠳᠦᠭᠰᠡᠨ ᠡᠪᠦᠭᠡᠳ᠎ᠦᠨ ᠮᠠᠨᠢ ᠬᠡᠯᠡ! 》 ᠭᠡᠵᠦ ᠰᠤᠷᠭᠠᠮᠵᠢᠯᠠᠭᠰᠠᠨ᠎ᠢᠶᠠᠷ ᠦᠯᠦ ᠪᠠᠷᠠᠮ ᠮᠣᠩᠭᠤᠯ ᠬᠡᠯᠡᠨ᠎ᠤ 《ᠦᠭᠡ᠎ᠶᠢᠨ ᠵᠦᠢᠯ᠎ᠢ ᠪᠦᠲᠦᠭᠦᠪᠴᠢᠯᠡᠪᠡᠯ ᠨᠢᠭᠡ ᠪᠤᠮ᠎ᠤᠨ ᠦᠭᠡ ᠪᠠᠷᠲᠠᠭ᠎ᠠ᠎ᠪᠠᠷ ᠪᠤᠢ ᠭᠡᠵᠤ ᠪᠣᠯᠤᠨ᠎ᠠ᠃ ᠪᠤᠮ ᠭᠡᠵᠤ ᠠᠷᠪᠠᠨ ᠲᠦᠮᠡ ᠪᠤᠶᠤ ᠵᠠᠭᠤᠨ ᠮᠢᠩᠭᠠᠨ ᠦᠭᠡ ᠠᠵᠠᠢ》 ᠭᠡᠵᠦ ᠬᠡᠯᠡᠵᠡᠢ᠃ ᠣᠷᠴᠢᠮᠬᠠᠨ ᠪᠠᠷᠠᠭᠤᠨ ᠬᠣᠢᠲᠤ᠎ᠶᠢᠨ ᠦᠨᠳᠦᠰᠦᠲᠡᠨ᠎ᠤ ᠶᠡᠬᠡ ᠰᠤᠷᠭᠠᠭᠤᠯᠢ᠎ᠶᠢᠨ ᠫᠷᠤᠹᠧᠰᠰᠤᠷ ᠴᠠ᠊·ᠴᠣᠢᠳᠠᠨᠳᠠᠷ ᠭᠤᠸᠠᠢ᠎ᠶᠢᠨ ᠲᠤᠭᠤᠷᠪᠢᠭᠰᠠᠨ ᠳᠣᠷᠪᠢᠲᠠᠢ ᠪᠦᠲᠦᠭᠡᠯ᠎ᠢ ᠤᠩᠱᠢᠬᠤ ᠶᠠᠪᠤᠴᠠ᠎ᠳᠤ ᠡᠷᠳᠡᠮᠲᠡᠨ ᠵᠣᠬᠢᠶᠠᠭᠴᠢ᠎ᠪᠠᠷ ᠪᠦᠲᠦᠭᠡᠯ᠎ᠢᠶᠡᠨ ᠭᠤᠴᠢᠭᠠᠳ ᠵᠢᠯ ᠮᠣᠩᠭᠤᠯ ᠵᠠᠩ ᠦᠢᠯᠡ᠂ ᠬᠡᠯᠡ ᠶᠠᠷᠢᠶᠠᠨ᠎ᠳᠤ ᠬᠡᠭᠡᠷ᠎ᠡ᠎ᠶᠢᠨ ᠪᠠᠢᠴᠠᠭᠠᠯᠲᠠ ᠬᠢᠭᠰᠡᠨ ᠨᠦᠦᠷ ᠶᠡᠬᠡ ᠬᠥᠳᠡᠯᠮᠦᠷᠢ᠎ᠶᠢᠨ ᠦᠷ᠎ᠡ ᠳ᠋ᠦᠩ᠎ᠳᠤ 《ᠨᠠᠷᠠ ᠰᠠᠯᠬᠢᠨ᠎ᠳᠤ ᠬᠠᠷᠠᠯᠠᠵᠤ ᠪᠣᠷᠤᠯᠠᠭᠰᠠᠨ ᠮᠠᠯᠴᠢᠨ ᠡᠪᠦᠭᠡᠳ ᠡᠮᠡᠭᠡᠳ ᠪᠣᠯᠪᠠᠴᠤ ᠮᠣᠩᠭᠤᠯ ᠰᠣᠶᠤᠯ᠎ᠤᠨ ᠶᠡᠬᠡ ᠪᠠᠭᠱᠢ᠂ ᠲᠣᠮᠤ ᠨᠣᠮ᠎ᠤᠨ ᠰᠠᠩᠴᠢ᠂ ᠠᠭᠤᠳᠠᠯᠵᠤ ᠪᠠᠷᠠᠱᠢ᠎ᠦᠭᠡᠢ ᠠᠯᠲᠠ᠎ᠲᠠᠢ ᠪᠣᠷᠤ ᠠᠪᠳᠠᠷ᠎ᠠ ᠪᠤᠶᠤ》 ᠬᠡᠮᠡᠨ ᠶᠠᠷᠢᠵᠠᠢ᠃ ᠠᠭᠤᠳᠠᠯᠵᠤ ᠪᠠᠷᠠᠱᠢ᠎ᠦᠭᠡᠢ 《ᠠᠯᠲᠠ᠎ᠲᠠᠢ ᠪᠣᠷᠤ ᠠᠪᠳᠠᠷ᠎ᠠ》 ᠭᠡᠳᠡᠭ᠎ᠨᠢ ᠲᠥᠷᠦᠯᠬᠢ ᠬᠡᠯᠡᠨ᠎ᠤ ᠮᠠᠨᠢ ᠤᠯᠠᠮᠵᠢᠯᠠᠯᠲᠤ ᠰᠣᠶᠤᠯ᠎ᠶᠤᠮ᠃ ᠠᠢᠯ᠎ᠠᠴᠠ ᠡᠷᠢᠬᠦ᠎ᠶᠢᠨ ᠣᠷᠤᠨ᠎ᠳᠤ ᠠᠪᠳᠠᠷ᠎ᠠ᠎ᠠᠴᠠ᠎ᠪᠠᠨ ᠡᠷᠢᠬᠦ ᠶᠣᠰᠤ ᠡᠨᠡ ᠪᠢᠯᠡ᠎ᠤᠤ!

                                                                      ᠥᠪᠦᠷ ᠮᠣᠩᠭᠤᠯ᠎ᠤᠨ ᠡᠳᠦᠷ᠎ᠦᠨ ᠰᠣᠨᠢᠨ᠎ᠠᠴᠠ ᠱᠢᠯᠵᠢᠭᠦᠯᠦᠨ ᠨᠡᠢᠲᠡᠯᠡᠪᠡ

                                                                      ᠵᠣᠬᠢᠶᠠᠭᠴᠢ᠄ ᠪᠤᠤ ᠰᠡᠴᠡᠨ

 

(ᠬᠠᠷᠢᠭᠤᠴᠠᠭᠰᠠᠨ ᠨᠠᠢᠷᠠᠭᠤᠯᠤᠭᠴᠢ : ᠤᠷᠢᠬᠠᠨ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604