《ᠢᠯᠢ᠎ᠶᠢᠨ ᠭᠣᠤᠯ᠎ᠤᠨ ᠤᠷᠤᠰᠭᠠᠯ ᠳᠠᠭᠠᠤ ᠣᠷᠤᠨ᠎ᠤ ᠬᠠᠳᠠᠭᠠᠯᠠᠭᠳᠠᠵᠤ ᠪᠠᠢᠭ᠎ᠠ ᠳᠤᠳᠦ ᠦᠰᠦᠭ᠎ᠦᠨ ᠰᠤᠷᠪᠤᠯᠵᠢ ᠪᠢᠴᠢᠭ᠎ᠤᠨ ᠴᠢᠭᠤᠯᠭᠠᠨ》 ᠴᠤᠪᠤᠷᠠᠯ ᠨᠣᠮ᠎ᠤᠨ ᠲᠠᠨᠢᠯᠴᠠᠭᠤᠯᠭ᠎ᠠ᠎ᠶᠢᠨ ᠬᠤᠷᠠᠯ
2019.09.25

  ᠥᠪᠤᠷ ᠮᠣᠩᠭᠤᠯ᠎ᠤᠨ ᠳᠥᠷᠪᠡᠳᠦᠭᠡᠷ ᠬᠤᠭᠤᠴᠠᠭᠠᠨ᠎ᠤ ᠰᠣᠶᠤᠯ᠎ᠤᠨ ᠠᠵᠤ ᠦᠢᠯᠡᠰ᠎ᠦᠨ ᠦᠵᠡᠰᠭᠦᠯᠡᠩ ᠬᠤᠳᠠᠯᠳᠤᠭ᠎ᠠ ᠬᠦᠬᠡᠬᠤᠳᠠ᠎ᠳᠤ 9 ᠰᠠᠷ᠎ᠠ᠎ᠶᠢᠨ 20 - 24 ᠪᠤᠯᠳᠠᠯ᠎ᠠ ᠶᠠᠪᠤᠭᠳᠠᠬᠤ᠎ᠪᠠᠷ ᠪᠠᠢᠨ᠎ᠠ᠃ ᠡᠨᠡ᠎ᠬᠦ ᠦᠵᠡᠰᠭᠦᠯᠡᠩ ᠳᠡᠭᠡᠷ᠎ᠠ ᠥᠪᠤᠷ ᠮᠣᠩᠭᠤᠯ᠎ᠤᠨ ᠬᠡᠪᠯᠠᠯ᠎ᠤᠨ ᠪᠦᠯᠦᠭᠯᠡᠯ᠂ ᠥᠪᠤᠷ ᠮᠣᠩᠭᠤᠯ᠎ᠤᠨ ᠰᠣᠶᠤᠯ᠎ᠤᠨ ᠬᠡᠪᠯᠠᠯ᠎ᠤᠨ ᠬᠣᠷᠢᠶ᠎ᠠ ᠢᠯᠢ᠎ᠶᠢᠨ ᠭᠣᠤᠯ᠎ᠤᠨ ᠤᠷᠤᠰᠭᠠᠯ ᠳᠠᠭᠠᠤ ᠣᠷᠤᠨ᠎ᠳᠤ ᠬᠠᠳᠠᠭᠠᠯᠠᠭᠳᠠᠵᠤ ᠪᠠᠢᠭ᠎ᠠ ᠲᠤᠳᠦ ᠦᠰᠦᠭ᠎ᠦᠨ ᠰᠤᠷᠪᠤᠯᠵᠢ ᠪᠢᠴᠢᠭ᠎ᠤᠨ ᠴᠢᠭᠤᠯᠭᠠᠨ ᠴᠤᠪᠤᠷᠠᠯ ᠨᠣᠮ᠎ᠤᠨ ᠶᠡᠷᠦᠩᠬᠡᠢ ᠨᠠᠢᠷᠠᠭᠤᠯᠤᠭᠴᠢ ᠮᠢᠩᠭᠠᠳ ᠊ ᠡᠷᠳᠡᠮᠲᠦ᠂ ᠥᠪᠤᠷ ᠮᠣᠩᠭᠤᠯ᠎ᠤᠨ ᠡᠷᠲᠡᠨ᠎ᠦ ᠰᠤᠳᠤᠷ ᠪᠢᠴᠢᠭ᠎ᠢ ᠲᠢᠭᠯᠡᠵᠤ ᠨᠠᠢᠷᠠᠭᠤᠯᠬᠤ ᠠᠯᠪᠠᠨ ᠭᠡᠷ᠎ᠦᠨ ᠳᠡᠳ ᠡᠷᠬᠢᠯᠡᠭᠴᠢ ᠬᠠᠨ ᠴᠠᠩ ᠱᠧᠦ᠂ ᠲᠥᠰᠦᠯ᠎ᠤᠨ ᠬᠠᠷᠢᠭᠤᠴᠠᠯᠭᠠᠳᠠᠨ᠂ ᠥᠪᠤᠷ ᠮᠣᠩᠭᠤᠯ᠎ᠤᠨ ᠰᠣᠶᠤᠯ᠎ᠤᠨ ᠬᠡᠪᠯᠡᠯ᠎ᠦᠨ ᠬᠣᠷᠢᠶ᠎ᠠ᠎ᠶᠢᠨ ᠬᠢᠨᠠᠨ ᠨᠠᠢᠷᠠᠭᠤᠯᠤᠭᠴᠢ ᠳᠣᠷᠵᠢ᠎ᠨᠠᠷ᠎ᠢ ᠤᠷᠢᠵᠤ᠂ ᠤᠭ ᠴᠤᠪᠤᠷᠠᠯ ᠨᠣᠮ᠎ᠢ ᠰᠤᠷᠳᠠᠯᠴᠢᠯᠠᠨ ᠲᠠᠨᠢᠯᠴᠠᠭᠤᠯᠤᠭᠰᠠᠨ ᠪᠠᠢᠨ᠎ᠠ᠃

  ᠲᠡᠭᠷᠢ ᠠᠭᠤᠯᠠ᠎ᠪᠠᠨ ᠲᠦᠱᠢᠵᠦ᠂ ᠢᠯᠢ᠎ᠶᠢᠨ ᠭᠣᠤᠯ᠎ᠤᠨ ᠤᠷᠤᠰᠭᠠᠯ ᠳᠠᠭᠠᠤ ᠣᠷᠤᠨ᠎ᠢᠶᠠᠷ ᠲᠠᠷᠬᠠᠨ ᠨᠤᠳᠤᠭᠱᠢᠭᠰᠠᠨ ᠥᠭᠡᠯᠡᠳ ᠮᠣᠩᠭᠤᠯᠴᠤᠳ᠎ᠤᠨ ᠨᠢᠭᠡᠨ ᠭᠠᠢᠬᠠᠮᠱᠢᠭ ᠭᠡᠪᠡᠯ ᠥᠪᠯᠡᠨ ᠤᠯᠠᠮᠵᠢᠯᠠᠵᠤ ᠢᠷᠡᠭᠰᠡᠨ ᠪᠠᠶᠠᠯᠢᠭ ᠥᠪ ᠪᠦᠬᠦᠢ ᠰᠤᠳᠤᠷ ᠪᠢᠴᠢᠭ ᠪᠣᠯᠬᠤ᠎ᠶᠤᠮ᠃ ᠲᠥᠪ᠎ᠦᠨ ᠦᠨᠳᠦᠰᠦᠳᠡᠨ᠎ᠦ ᠶᠡᠬᠡ ᠰᠤᠷᠭᠠᠭᠤᠯᠢ᠎ᠶᠢᠨ ᠮᠣᠩᠭᠤᠯ ᠬᠡᠯᠡ ᠤᠳᠭ᠎ᠠ ᠵᠣᠬᠢᠶᠠᠯ᠎ᠤᠨ ᠰᠠᠯᠪᠤᠷᠢ᠎ᠶᠢᠨ ᠫᠷᠤᠹᠧᠰᠰᠤᠷ᠂ ᠳ᠋ᠤᠺᠲ᠋ᠤᠷᠠᠨᠲ᠎ᠤᠨ ᠵᠢᠯᠤᠭᠤᠳᠤᠭᠴᠢ ᠪᠠᠭᠱᠢ ᠮᠢᠩᠭᠠᠳ ᠊ ᠡᠷᠳᠡᠮᠲᠦ ᠡᠨᠡ᠎ᠬᠦ ᠨᠣᠮ᠎ᠤᠨ ᠴᠠᠭᠠᠨ ᠭᠡᠷᠡᠯ ᠰᠠᠴᠤᠷᠠᠭᠰᠠᠨ ᠨᠤᠳᠤᠭ᠎ᠢᠶᠠᠷ 17 ᠵᠢᠯ᠎ᠤᠨ ᠳᠤᠷᠱᠢ ᠭᠡᠬᠡᠷ᠎ᠠ᠎ᠶᠢᠨ ᠪᠠᠢᠴᠠᠭᠠᠯᠳᠠ ᠬᠢᠵᠤ᠂ ᠨᠥᠷᠢ ᠬᠦᠳᠡᠯᠮᠤᠷᠢ ᠭᠠᠷᠭᠠᠨ ᠠᠷᠠᠳ᠎ᠤᠨ ᠭᠠᠷ᠎ᠲᠤ ᠪᠠᠢᠭ᠎ᠠ ᠳᠡᠳᠡᠭᠡᠷ ᠰᠤᠳᠤᠷ ᠪᠢᠴᠢᠭ᠎ᠢ ᠡᠮᠬᠢᠯᠡᠵᠤ ᠲᠢᠭᠯᠡᠨ ᠭᠡᠷᠡᠯ ᠵᠢᠷᠤᠭ᠎ᠤᠨ ᠬᠡᠯᠪᠡᠷᠢ᠎ᠪᠠᠷ ᠴᠤᠪᠤᠷᠠᠯ ᠨᠣᠮ ᠪᠣᠯᠭᠠᠨ ᠬᠡᠪᠯᠡᠬᠦᠯᠵᠤ ᠪᠠᠢᠭ᠎ᠠ᠎ᠨᠢ ᠡᠨᠡ ᠪᠣᠯᠤᠨ᠎ᠠ᠃ ᠤᠭ ᠴᠤᠪᠤᠷᠠᠯ ᠨᠣᠮ᠎ᠨᠢ ᠤᠯᠤᠰ᠎ᠤᠨ ᠠᠷᠪᠠᠨ ᠭᠤᠷᠪᠠᠳᠤᠭᠠᠷ ᠲᠠᠪᠤᠨ ᠵᠢᠯ᠎ᠤᠨ ᠲᠥᠯᠦᠪᠵᠢᠭᠦᠯᠭᠡ᠎ᠶᠢᠨ ᠴᠦ᠋ᠬᠡᠨ ᠳᠤᠭᠠᠲᠦ ᠦᠨᠳᠦᠰᠦᠳᠡᠨ᠎ᠦ ᠦᠭᠡ ᠬᠡᠯᠡ ᠦᠰᠦᠭ ᠪᠢᠴᠢᠭ᠎ᠤᠨ ᠬᠡᠪᠯᠠᠯ᠎ᠤᠨ ᠲᠥᠯᠦᠪᠵᠢᠭᠦᠯᠭᠡᠨ᠎ᠳᠦ ᠣᠷᠤᠵᠤ᠂ ᠤᠯᠤᠰ᠎ᠤᠨ ᠰᠠᠭᠤᠷᠢ ᠮᠥᠩᠭᠦᠨ᠎ᠦ ᠳᠡᠮᠵᠢᠯᠭᠡ᠎ᠶᠢᠨ ᠲᠥᠰᠦᠯ᠎ᠢᠶᠡᠷ ᠬᠡᠪᠯᠡᠭᠳᠡᠵᠤ ᠪᠠᠢᠨ᠎ᠠ᠃

  ᠡᠨᠡ᠎ᠬᠦ ᠰᠤᠷᠪᠤᠯᠵᠢ ᠪᠢᠴᠢᠭ᠎ᠤᠨ ᠴᠤᠪᠤᠷᠠᠯ ᠪᠣᠯ ᠣᠢᠷᠠᠳ ᠮᠣᠩᠭᠤᠯᠴᠤᠳ᠎ᠤᠨ ᠤᠢ ᠪᠢᠯᠢᠭ᠎ᠤᠨ ᠬᠢᠯᠠᠯᠵᠠᠭᠰᠠᠨ ᠲᠠᠯᠠᠰᠲᠦ ᠮᠥᠨ᠃ ᠳᠤᠷᠭᠠᠨ ᠵᠠᠮ᠎ᠳᠤ ᠰᠦᠨᠳᠡᠷᠯᠡᠨ ᠪᠣᠰᠤᠭᠰᠠᠨ ᠡᠷᠳᠡᠨᠢ᠎ᠶᠢᠨ ᠰᠤᠪᠤᠷᠭ᠎ᠠ ᠮᠥᠨ᠃ ᠨᠠᠮ᠎ᠤᠨ ᠦᠨᠳᠦᠰᠦᠳᠡᠨ᠎ᠦ ᠰᠣᠶᠤᠯ᠎ᠤᠨ ᠳᠤᠬᠠᠢ ᠲᠥᠷᠦ᠎ᠶᠢᠨ ᠪᠣᠳᠤᠯᠭ᠎ᠠ᠎ᠶᠢᠨ ᠬᠡᠷᠡᠭᠵᠢᠬᠦᠯᠦᠯᠳᠠ᠎ᠶᠢᠨ ᠭᠡᠷᠡᠯᠲᠦ ᠬᠥᠱᠢᠶ᠎ᠡ ᠪᠣᠯᠬᠤ᠎ᠶᠤᠮ᠃

                           ᠲᠥᠪ ᠲᠧᠯᠸᠢᠰ᠎ᠦᠨ ᠮᠣᠩᠭᠤᠯ ᠰᠦᠯᠵᠢᠶ᠎ᠠ᠎ᠡᠴᠡ ᠱᠢᠯᠵᠢᠭᠦᠯᠦᠨ ᠨᠡᠢᠲᠡᠯᠡᠪᠡ

(ᠬᠠᠷᠢᠭᠤᠴᠠᠭᠰᠠᠨ ᠨᠠᠢᠷᠠᠭᠤᠯᠤᠭᠴᠢ : ᠰᠠᠭᠤᠷᠢᠪᠡᠬᠢ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604