ᠥᠪᠦᠷ ᠮᠣᠩᠭᠤᠯ᠎ᠤᠨ ᠬᠡᠪᠯᠡᠯ᠎ᠤᠨ ᠪᠥᠯᠦᠭᠯᠡᠯ᠎ᠦᠨ ᠠᠩᠬᠠᠳᠠᠭᠴᠢ ᠤᠳᠠᠭᠠᠨ᠎ᠤ ᠠᠵᠢᠯᠲᠠᠨ ᠠᠵᠢᠯᠴᠢᠨ᠎ᠤ ᠪᠡᠶ᠎ᠡ᠎ᠵᠢᠨ ᠲᠠᠮᠢᠷ᠎ᠤᠨ ᠴᠤᠭᠯᠠᠭᠠᠨ᠎ᠤ ᠨᠢᠭᠡᠳᠦᠭᠡᠷ ᠱᠠᠲᠤᠨ᠎ᠤ ᠤᠷᠤᠯᠳᠤᠭᠠᠨ ᠡᠬᠢᠯᠡᠯ᠎ᠡ
2019.09.24

  9 ᠰᠠᠷ᠎ᠠ᠎ᠵᠢᠨ 23᠎ᠤ ᠡᠳᠦᠷ᠂ ᠱᠢᠨ᠎ᠡ ᠳᠤᠮᠳᠠᠳᠤ ᠤᠯᠤᠰ ᠪᠠᠢᠭᠤᠯᠤᠭᠳᠠᠭᠰᠠᠨ 70 ᠵᠢᠯ᠎ᠤᠨ ᠤᠢ ᠵᠢ ᠪᠠᠶᠠᠷᠯᠠᠨ ᠤᠭᠲᠤᠬᠤ ᠪᠠ ᠬᠡᠪᠯᠡᠯ᠎ᠦᠨ ᠪᠥᠯᠦᠭᠯᠡᠯ ᠪᠠᠢᠭᠤᠯᠤᠭᠳᠠᠭᠰᠠᠨ 10 ᠵᠢᠯ᠎ᠤᠨ ᠤᠢ ᠵᠢ ᠪᠠᠶᠠᠷᠯᠠᠨ ᠳᠤᠷᠠᠰᠭᠠᠵᠤ᠂ ᠠᠵᠢᠯᠲᠠᠳ ᠠᠵᠢᠯᠴᠢᠳ᠎ᠤᠨ ᠠᠵᠢᠯ᠎ᠤᠨ ᠴᠢᠯᠦᠭᠡᠨ᠎ᠦ ᠠᠮᠢᠳᠤᠷᠠᠯ᠎ᠢ ᠪᠠᠶᠠᠯᠢᠭᠵᠢᠭᠤᠯᠤᠨ᠂ ᠢᠳᠡᠪᠬᠢᠲᠡᠢ᠂ ᠥᠭᠡᠳᠡᠷᠬᠡᠭᠦᠨ ᠺᠤᠮᠫᠠᠨᠢ᠎ᠵᠢᠨ ᠰᠤᠶᠤᠯ᠎ᠤᠨ ᠠᠭᠤᠷ ᠠᠮᠢᠰᠭᠤᠯ᠎ᠢ ᠪᠤᠢ ᠪᠤᠯᠭᠠᠬᠤ᠎ᠵᠢᠨ ᠬᠠᠮᠲᠤ ᠠᠵᠢᠯᠲᠠᠳ᠎ᠤᠨ ᠬᠤᠭᠤᠷᠤᠨᠳᠤᠬᠢ ᠶᠠᠪᠤᠯᠴᠠᠭ᠎ᠠ ᠵᠢ ᠨᠡᠮᠡᠭᠳᠡᠭᠦᠯᠦᠨ᠂ ᠪᠥᠯᠦᠭᠯᠡᠯ᠎ᠦᠨ ᠪᠥᠬᠦ ᠠᠵᠢᠯᠲᠠᠳ᠎ᠤᠨ ᠤᠶᠤᠨ ᠰᠠᠨᠠᠭᠠᠨ᠎ᠤ ᠲᠦᠷᠰᠦ ᠪᠠᠢᠳᠠᠯ᠎ᠢ ᠬᠠᠷᠠᠭᠤᠯᠤᠭᠰᠠᠨ ᠥᠪᠦᠷ ᠮᠣᠩᠭᠤᠯ᠎ᠤᠨ ᠬᠡᠪᠯᠡᠯ᠎ᠦᠨ ᠪᠥᠯᠦᠭᠯᠡᠯ᠎ᠦᠨ ᠠᠩᠬᠠᠳᠠᠭᠴᠢ ᠤᠳᠠᠭᠠᠨ᠎ᠤ ᠠᠵᠢᠯᠲᠠᠨ ᠠᠵᠢᠯᠴᠢᠨ᠎ᠤ ᠪᠡᠶ᠎ᠡ᠎ᠵᠢᠨ ᠲᠠᠮᠢᠷ᠎ᠤᠨ ᠴᠤᠭᠯᠠᠭᠠᠨ᠎ᠤ ᠨᠢᠭᠡᠳᠦᠭᠡᠷ ᠱᠠᠲᠤᠨ᠎ᠤ ᠤᠷᠤᠯᠳᠤᠭᠠᠨ ᠠᠮᠵᠢᠯᠲᠠ᠎ᠲᠠᠢ᠎ᠪᠡᠷ ᠡᠬᠢᠯᠡᠪᠡ᠃

  ᠲᠤᠰ ᠤᠳᠠᠭᠠᠨ᠎ᠤ ᠲᠠᠮᠢᠷ᠎ᠤᠨ ᠴᠤᠭᠯᠠᠭᠠᠨ᠎ᠳᠤ ᠰᠠᠭᠰᠤᠨ ᠪᠥᠮᠪᠦᠭᠡ᠂ ᠠᠯᠠᠭᠠᠳᠠᠬᠤ ᠪᠥᠮᠪᠦᠭᠡ᠂ ᠫᠢᠩᠫᠠᠩ ᠪᠥᠮᠪᠦᠭᠡ᠂ ᠰᠤᠨᠢᠷᠬᠠᠯᠲᠤ ᠤᠷᠤᠯᠳᠤᠭᠠᠨ ᠵᠡᠷᠭᠡ ᠲᠡᠮᠡᠴᠡᠭᠡᠨ ᠪᠠᠢᠵᠤ᠂ ᠪᠥᠯᠦᠭᠯᠡᠯ ᠪᠠ ᠡᠯ᠎ᠡ ᠬᠠᠷᠢᠶᠠᠲᠤ ᠪᠠᠢᠭᠤᠯᠭ᠎ᠠ᠎ᠵᠢᠨ ᠲᠥᠯᠦᠭᠡᠯᠡᠭᠴᠢᠳ᠎ᠦᠨ ᠠᠩᠭᠢ ᠤᠷᠤᠯᠳᠤᠭᠠᠨ᠎ᠳᠤ ᠤᠷᠤᠯᠴᠠᠭᠰᠠᠨ ᠪᠠᠢᠨ᠎ᠠ᠃

  ᠬᠠᠮᠤᠭ᠎ᠤᠨ ᠲᠡᠷᠢᠭᠦᠨ᠎ᠳᠤ ᠶᠠᠪᠤᠭᠳᠠᠭᠰᠠᠨ᠎ᠨᠢ ᠰᠠᠭᠰᠤᠨ ᠪᠥᠮᠪᠦᠭᠡ᠎ᠵᠢᠨ ᠤᠷᠤᠯᠳᠤᠭᠠᠨ ᠪᠤᠯᠤᠨ᠎ᠠ᠃ ᠡᠯ᠎ᠡ ᠲᠥᠯᠦᠭᠡᠯᠡᠭᠴᠢᠳ᠎ᠦᠨ ᠠᠩᠭᠢ ᠵᠢᠪᠬᠤᠭ᠎ᠠ ᠲᠡᠭᠦᠯᠳᠡᠷ᠂ ᠵᠣᠷᠢᠭ ᠪᠠᠳᠠᠷᠠᠩᠭᠤᠢ᠎ᠪᠠᠷ ᠤᠷᠤᠯᠳᠤᠭᠠᠨ᠎ᠳᠤ ᠣᠷᠤᠯᠴᠠᠭᠰᠠᠨ ᠪᠠᠢᠨ᠎ᠠ᠃ ᠰᠠᠭᠰᠤᠨ ᠪᠥᠮᠪᠦᠭᠡ᠎ᠵᠢᠨ ᠲᠠᠮᠢᠷᠴᠢᠳ ᠬᠥᠳᠡᠯᠦᠩᠭᠦᠢ᠎ᠪᠡᠷ ᠳᠠᠭᠠᠷᠢᠵᠦ᠂ ᠳᠤᠷᠪᠢᠲᠠᠢ ᠪᠤᠯᠪᠠᠰᠤᠷᠠᠩᠭᠤᠢ᠎ᠪᠠᠷ ᠪᠥᠮᠪᠦᠭᠡ᠎ᠪᠡᠨ ᠱᠠᠯᠠᠪᠬᠠᠨ ᠳᠠᠮᠵᠢᠭᠤᠯᠵᠤ᠂ ᠢᠯᠭᠤᠮ ᠱᠢᠯᠤᠭᠤᠬᠠᠨ ᠰᠠᠭᠰᠤᠯᠠᠵᠤ ᠪᠠᠢᠯ᠎ᠠ᠃ ᠬᠣᠶᠠᠷ ᠲᠠᠯ᠎ᠠ᠎ᠵᠢᠨ ᠲᠠᠮᠢᠷᠴᠢᠳ ᠮᠠᠱᠢ ᠲᠦᠷᠭᠡᠨ᠎ᠢᠶᠡᠷ ᠤᠷᠤᠯᠳᠤᠭᠠᠨ᠎ᠳᠤ᠎ᠪᠠᠨ ᠱᠢᠢᠳᠦᠨ᠂ ᠪᠦᠭᠦᠳᠡᠭᠡᠷ᠎ᠢᠶᠡᠨ ᠰᠦᠷ ᠵᠢᠪᠬᠤᠭ᠎ᠠ ᠲᠡᠭᠦᠯᠳᠡᠷ᠂ ᠨᠠᠭᠠᠱᠢ ᠴᠠᠭᠠᠱᠢ ᠵᠦᠷᠢᠯᠳᠤᠨ᠂ ᠳᠠᠭᠠᠷᠢᠬᠤ ᠬᠠᠱᠢᠬᠤ ᠡᠭᠡᠯᠵᠢᠯᠳᠡᠨ᠂ ᠤᠷᠤᠯᠳᠤᠭᠠᠨ᠎ᠤ ᠬᠤᠪᠢ᠎ᠴᠤ ᠬᠡᠨ ᠠᠯᠢᠨ᠎ᠳᠤ᠎ᠪᠠᠨ ᠳᠡᠢᠯᠦᠭᠳᠡᠬᠦ᠎ᠦᠭᠡᠢ ᠡᠭᠡᠯᠵᠢᠯᠡᠨ ᠲᠠᠪᠠᠵᠤ᠎ᠯᠡ ᠪᠠᠢᠯ᠎ᠠ᠃ ᠲᠠᠯᠠᠪᠤᠷ᠎ᠤᠨ ᠭᠠᠳᠠᠨᠠᠬᠢ ᠳᠡᠮᠵᠢᠭᠴᠢᠳ᠎ᠦᠨ ᠪᠠᠭ᠎ᠤᠨ ᠬᠢᠨ᠎ᠴᠦ ᠤᠤᠬᠠᠢᠯᠠᠨ ᠬᠠᠰᠬᠢᠷᠤᠯᠳᠤᠵᠤ᠂ ᠪᠥᠮᠪᠦᠭᠡᠨ ᠲᠠᠯᠠᠪᠠᠢ ᠬᠦᠷ ᠳᠡᠪᠵᠢᠶᠡᠨ᠎ᠢᠶᠡᠷ ᠪᠢᠯᠬᠠᠪᠠ᠃

  ᠲᠤᠰ ᠤᠳᠠᠭᠠᠨ᠎ᠤ ᠲᠠᠮᠢᠷ᠎ᠤᠨ ᠴᠤᠭᠯᠠᠭᠠᠨ᠎ᠨᠢ ᠲᠠᠪᠤᠨ ᠡᠳᠦᠷ ᠦᠷᠭᠦᠯᠵᠢᠯᠡᠬᠦ ᠪᠣᠯᠤᠨ᠎ᠠ᠃ ᠤᠷᠤᠯᠳᠤᠭᠠᠨ᠎ᠤ ᠬᠤᠭᠤᠴᠠᠭᠠᠨ᠎ᠳᠤ ᠪᠤᠰᠤᠳ ᠬᠡᠳᠦᠨ ᠵᠦᠢᠯ᠎ᠦᠨ ᠪᠠᠭ᠎ᠠ ᠳᠤᠭᠤᠢᠯᠠᠩ᠎ᠤᠨ ᠤᠷᠤᠯᠳᠤᠭᠠᠨ ᠪᠠ ᠱᠢᠢᠳᠪᠦᠷᠢᠲᠦ ᠤᠷᠤᠯᠳᠤᠭᠠᠨ᠎ᠨᠢ ᠵᠡᠷᠭᠡ᠎ᠪᠡᠷ ᠶᠠᠪᠤᠭᠳᠠᠨ᠎ᠠ᠂ 27᠎ᠤ ᠡᠳᠦᠷ ᠡᠬᠢᠯᠡᠬᠦ ᠶᠣᠰᠤᠯᠠᠯ ᠪᠠ ᠰᠣᠨᠢᠷᠬᠠᠯᠲᠤ ᠤᠷᠤᠯᠳᠤᠭᠠᠨ ᠪᠠ ᠲᠡᠭᠦᠰᠬᠦ ᠶᠣᠰᠤᠯᠠᠯ ᠶᠠᠪᠤᠭᠳᠠᠬᠤ ᠪᠣᠯᠤᠨ᠎ᠠ᠃

(ᠬᠠᠷᠢᠭᠤᠴᠠᠭᠰᠠᠨ ᠨᠠᠢᠷᠠᠭᠤᠯᠤᠭᠴᠢ : ᠰᠠᠭᠤᠷᠢᠪᠡᠬᠢ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604