ᠠᠯᠤᠰ᠎ᠤᠨ᠎ᠪᠠᠷ᠎ᠠ ᠬᠡᠪᠯᠡᠯ᠎ᠤᠨ ᠬᠤᠷᠢᠶᠠᠨ᠎ᠤ 《ᠠᠯᠤᠰ᠎ᠤᠨ ᠵᠤᠷᠢᠯ ᠨᠤᠮ᠎ᠤᠨ ᠬᠤᠷᠠᠯ》᠂ ᠬᠦᠬᠡᠬᠤᠳᠠ᠎ᠵᠢᠨ ᠰᠤᠶᠤᠯ᠎ᠤᠨ᠎ᠨᠡᠷ᠎ᠡ᠎ᠵᠢᠨ ᠬᠠᠭᠤᠳᠠᠰᠤ - ᠳ᠋ᠧᠩ ᠵᠢᠦ ᠭᠠᠩ᠎ᠤᠨ ᠪᠥᠲᠦᠭᠡᠯ᠎ᠤᠨ ᠡᠳ᠋ᠯᠡᠯᠴᠡᠬᠦ ᠬᠤᠷᠠᠯ
2019.09.30

  9 ᠰᠠᠷ᠎ᠠ᠎ᠵᠢᠨ 20᠎ᠤ ᠡᠳᠦᠷ᠎ᠤᠨ ᠦᠳᠡ᠎ᠵᠢᠨ ᠡᠮᠦᠨ᠎ᠡ᠂ ᠠᠯᠤᠰ᠎ᠤᠨ᠎ᠪᠠᠷ᠎ᠠ ᠬᠡᠪᠯᠡᠯ᠎ᠤᠨ ᠬᠣᠷᠢᠶᠠᠨ᠎ᠤ ᠮᠡᠷᠡᠢᠨ ᠴᠣᠭᠴᠠᠯᠠᠭᠰᠠᠨ 《ᠠᠯᠤᠰ᠎ᠤᠨ ᠵᠤᠷᠢᠯ ᠨᠤᠮ᠎ᠤᠨ ᠬᠤᠷᠠᠯ》᠂ ᠠᠯᠳᠠᠷᠲᠤ ᠵᠣᠬᠢᠶᠠᠯᠴᠢ ᠳ᠋ᠧᠩ ᠵᠢᠦ ᠭᠠᠩ᠎ᠤᠨ ᠪᠥᠲᠦᠭᠡᠯ᠎ᠤᠨ ᠡᠳ᠋ᠯᠡᠯᠴᠡᠬᠦ ᠬᠤᠷᠠᠯ᠎ᠨᠢ ᠳᠦᠷᠪᠡᠳᠦᠭᠡᠷ ᠬᠤᠭᠤᠴᠠᠭᠠᠨ᠎ᠤ ᠥᠪᠦᠷ ᠮᠣᠨᠭᠭᠤᠯ᠎ᠤᠨ ᠰᠣᠶᠤᠯ᠎ᠤᠨ ᠪᠥᠲᠦᠭᠡᠭᠳᠡᠬᠦᠨ᠎ᠤ ᠳᠡᠯᠭᠡᠨ ᠦᠵᠡᠭᠦᠯᠬᠦ ᠰᠣᠯᠢᠯᠴᠠᠭᠠᠨ᠎ᠤ ᠠᠬᠤᠢ ᠲᠠᠯᠠᠪᠤᠷ᠎ᠲᠤ ᠶᠠᠪᠤᠭᠳᠠᠭᠰᠠᠨ ᠪᠠᠢᠨ᠎ᠠ᠃

  ᠬᠥᠳᠡᠯᠭᠡᠭᠡᠨ᠎ᠢ ᠠᠯᠤᠰ᠎ᠤᠨ᠎ᠪᠠᠷ᠎ᠠ ᠬᠡᠪᠯᠡᠯ᠎ᠤᠨ ᠬᠣᠷᠢᠶᠠᠨ᠎ᠤ ᠳᠡᠳ ᠬᠣᠷᠢᠶᠠᠨ ᠳᠠᠷᠤᠭ᠎ᠠ ᠶᠠᠩ ᠮᠢᠨ ᠡᠷᠬᠢᠯᠡᠪᠡ᠃ ᠤᠷᠢᠭᠳᠠᠭᠰᠠᠨ ᠬᠦᠨᠲᠦᠲᠦ ᠵᠣᠴᠢᠳ᠎ᠲᠤ ᠠᠯᠳᠠᠷᠲᠤ ᠡᠷᠳᠡᠮᠳᠡᠨ ᠳ᠋ᠧᠩ ᠵᠢᠦ ᠭᠠᠩ᠎ᠵᠢᠴᠢ ᠥᠪᠦᠷ ᠮᠣᠨᠭᠭᠤᠯ᠎ᠤᠨ ᠵᠣᠬᠢᠶᠠᠯᠴᠢᠳ᠎ᠤᠨ ᠨᠡᠢᠭᠡᠮᠯᠢᠭ᠎ᠦᠨ ᠳᠡᠳ ᠲᠡᠷᠢᠭᠦᠯᠡᠭᠴᠢ ᠬᠠᠯᠢᠭᠤᠨ᠎ᠠ᠂ ᠥᠪᠦᠷ ᠮᠣᠨᠭᠭᠤᠯ᠎ᠤᠨ ᠵᠣᠬᠢᠶᠠᠯᠴᠢᠳ᠎ᠤᠨ ᠨᠡᠢᠭᠡᠮᠯᠢᠭ᠎ᠤᠨ ᠤᠷᠢᠳᠤ᠎ᠵᠢᠨ ᠪᠠᠢᠨᠭᠭᠤ᠎ᠵᠢᠨ ᠳᠡᠳ ᠨᠡᠢᠭᠡᠮᠯᠢᠭ᠎ᠤᠨ ᠳᠠᠷᠤᠭ᠎ᠠ ᠬᠠᠰᠠᠠᠭᠤᠯᠠ᠂ ᠠᠯᠳᠠᠷᠲᠤ ᠤᠳᠤᠷᠢᠳᠤᠭᠠᠴᠢ ᠸᠠᠩ ᠱᠢᠨ ᠮᠢᠨ᠂ ᠠᠯᠳᠠᠷᠲᠤ ᠱᠢᠭᠦᠮᠵᠢᠯᠡᠭᠴᠢ ᠯᠢ ᠶᠦᠤᠸ᠂ ᠴᠠᠢ᠎ᠵᠢᠨ ᠰᠣᠶᠤᠯ᠎ᠤᠨ ᠳᠡᠯᠭᠡᠷᠡᠭᠦᠯᠦᠭᠴᠢ ᠵᠤᠸᠠᠩ ᠯᠠᠨ ᠶᠢᠩ᠎ᠨᠠᠷ ᠪᠤᠢ᠃

  ᠬᠦᠨᠳᠦᠲᠦ ᠵᠣᠴᠢᠳ ᠳ᠋ᠧᠩ ᠵᠢᠦ ᠭᠠᠩ ᠪᠠᠭᠱᠢ᠎ᠶᠢᠨ ᠲᠠᠪᠤᠨ ᠪᠥᠲᠦᠭᠡᠯ 《ᠲᠥᠮᠡᠨ ᠭᠠᠵᠠᠷ᠎ᠤᠨ ᠴᠠᠢ᠎ᠶᠢᠨ ᠵᠠᠮ》᠂ 《ᠲᠡᠮᠡᠭᠡᠨ ᠬᠣᠲᠠ᠎ᠶᠢ ᠪᠤᠴᠠᠨ ᠪᠠᠷᠠᠯᠠᠬᠤᠶ᠎ᠠ》᠂ 《ᠬᠦᠬᠡᠬᠤᠲᠠ ᠪᠠ 〈ᠨᠢᠭᠡ  ᠪᠦᠰᠡ ᠨᠢᠭᠡ ᠵᠠᠮ〉》᠂ 《ᠲᠡᠮᠡᠭᠡᠴᠢᠨ ᠠᠢᠯ᠎ᠤᠨ ᠪᠡᠯᠪᠡᠰᠦᠨ ᠪᠦᠰᠡᠭᠦᠢ》᠂ 《ᠣᠩᠭᠤᠨ ᠰᠠᠭᠠᠷᠠᠯ》᠎ᠤᠨ ᠲᠤᠬᠠᠢ ᠱᠢᠭᠦᠮᠵᠢᠯᠡᠨ ᠶᠠᠷᠢᠯᠴᠠᠵᠦ᠂ ᠮᠠᠱᠢ ᠶᠡᠬᠡ᠎ᠪᠡᠷ ᠮᠠᠭᠲᠠᠨ ᠰᠠᠢᠱᠢᠶᠠᠵᠤ᠂ ᠳ᠋ᠧᠩ ᠵᠢᠦ ᠭᠠᠩ ᠪᠠᠭᠱᠢ ᠪᠣᠯ ᠬᠦᠬᠡᠬᠤᠲᠠ᠎ᠵᠢᠨ ᠰᠣᠶᠤᠯ᠎ᠤᠨ᠎ᠨᠡᠷ᠎ᠡ᠎ᠶᠢᠨ ᠬᠠᠭᠤᠳᠠᠰᠤ ᠮᠥᠨ ᠭᠡᠵᠦ ᠦᠵᠡᠭᠰᠡᠨ ᠪᠠᠢᠨ᠎ᠠ᠃ ᠠᠬᠤᠢ ᠲᠠᠯᠠᠪᠠᠢ ᠬᠦᠷ ᠨᠠᠷᠭᠢᠶᠠᠨ ᠵᠢᠨᠷ ᠪᠢᠯᠬᠠᠨ᠂ ᠤᠩᠱᠢᠭᠴᠢᠳ ᠴᠢᠬᠢ ᠲᠠᠯᠪᠢᠨ ᠰᠣᠨᠤᠰᠴᠦ᠂ ᠵᠣᠬᠢᠶᠠᠭᠴᠢ᠎ᠵᠢᠨ ᠭᠠᠷ᠎ᠤᠨ ᠦᠰᠦᠭ᠎ᠢ ᠬᠦᠰᠡᠭᠡ ᠬᠦᠮᠦᠰ  ᠬᠣᠢᠨ᠎ᠠ ᠬᠣᠢᠨ᠎ᠠ᠎ᠡᠴᠡ᠎ᠪᠡᠨ ᠴᠤᠪᠤᠷᠠᠯᠳᠤᠵᠤ ᠪᠠᠢᠯ᠎ᠠ᠃ ᠥᠪᠦᠷ ᠮᠣᠩᠭᠤᠯ᠎ᠤᠨ ᠲᠢᠶᠠᠨ ᠼᠢ ᠴᠠᠢ᠎ᠵᠢᠨ ᠰᠣᠶᠤᠯ ᠳᠡᠯᠭᠡᠷᠡᠭᠦᠯᠬᠦ ᠬᠢᠵᠠᠭᠠᠷᠲᠤ ᠺᠣᠮᠫᠠᠨᠢ᠎ᠨᠢ ᠳ᠋ᠧᠩ ᠵᠢᠦ ᠭᠠᠩ ᠪᠠᠭᠱᠢ᠎ᠵᠢᠨ ᠪᠥᠲᠦᠭᠡᠯ᠎ᠡᠴᠡ 2000 ᠭᠠᠷᠤᠢ ᠳᠡᠪᠲᠡᠷ ᠬᠤᠳᠠᠯᠳᠤᠨ ᠠᠪᠤᠭᠰᠠᠨ ᠪᠠᠢᠨ᠎ᠠ᠃

  ᠳ᠋ᠧᠩ ᠵᠢᠦ ᠭᠠᠩ ᠪᠠᠭᠱᠢ 《2013 ᠣᠨ᠎ᠤ ᠳᠤᠮᠳᠠᠳᠤ᠎ᠶᠢᠨ ᠰᠣᠶᠤᠯ᠎ᠤᠨ ᠵᠢᠳᠭᠦᠯᠲᠡᠨ》᠎ᠦ ᠢᠷᠠᠭᠤ ᠠᠯᠳᠠᠷᠲᠤ ᠴᠣᠯᠠ᠎ᠶᠢ ᠬᠦᠷᠲᠡᠵᠦ ᠥᠩᠭᠡᠷᠡᠭᠰᠡᠨ ᠪᠥᠭᠡᠳ 《ᠲᠥᠮᠡᠨ ᠭᠠᠵᠠᠷ᠎ᠤᠨ ᠴᠠᠢ᠎ᠵᠢᠨ ᠵᠠᠮ᠎ᠢ ᠠᠯᠬᠤᠭ᠎ᠠ᠎ᠪᠡᠷ ᠵᠢᠨᠨ ᠬᠡᠮᠵᠢᠭᠰᠡᠨ ᠵᠣᠬᠢᠶᠠᠯᠴᠢ》 ᠬᠡᠮᠡᠨ ᠠᠯᠳᠠᠷᠱᠢᠵᠤ᠂ 30 ᠵᠢᠯ᠎ᠦᠨ ᠳᠤᠷᠱᠢ 《ᠲᠥᠮᠡᠨ ᠭᠠᠵᠠᠷ᠎ᠤᠨ ᠴᠠᠢ᠎ᠶᠢᠨ ᠵᠠᠮ》᠎ᠢ ᠤᠬᠠᠭᠤᠯᠬᠤ᠎ᠳᠤ ᠭᠠᠷᠮᠠᠭᠠᠢ ᠵᠢᠳᠭᠦᠯ ᠭᠠᠷᠭᠠᠭᠰᠠᠨ ᠪᠠᠢᠨ᠎ᠠ᠃ ᠲᠡᠭᠦᠨ᠎ᠦ ᠪᠦᠲᠦᠭᠡᠯ᠎ᠨᠢ ᠤᠮᠠᠷᠠᠲᠤ ᠬᠢᠵᠠᠭᠠᠷ᠎ᠤᠨ ᠲᠡᠮᠡᠭᠡᠨ᠎ᠦ ᠠᠷᠠᠯᠵᠢᠶᠠᠴᠢᠨ᠂ ᠲᠡᠮᠡᠭᠡᠨ ᠵᠠᠮ ᠵᠡᠷᠭᠡ ᠦᠪᠡᠷᠮᠢᠴᠡ ᠣᠨᠴᠠᠯᠢᠭ᠎ᠲᠠᠢ ᠭᠠᠵᠠᠷ ᠨᠤᠲᠤᠭ᠎ᠤᠨ ᠰᠣᠶᠤᠯ᠎ᠢ ᠬᠠᠷᠠᠭᠤᠯᠤᠭᠰᠠᠨ ᠵᠢᠨᠷ ᠪᠠᠷᠠᠬᠤ᠎ᠦᠭᠡᠢ ᠳᠤᠮᠳᠠᠳᠤ ᠤᠯᠤᠰ᠎ᠤᠨ ᠤᠮᠠᠷᠠᠲᠤ᠎ᠶᠢᠨ ᠦᠪᠡᠷᠮᠢᠴᠡ ᠤᠯᠠᠮᠵᠢᠯᠠᠯᠲᠤ ᠰᠣᠶᠤᠯ᠂ ᠠᠷᠠᠯᠵᠢᠶᠠᠨ᠎ᠤ ᠪᠠᠢᠳᠠᠯ ᠲᠥᠯᠦᠪ᠂ ᠢᠷᠭᠡᠳ᠎ᠦᠨ ᠵᠠᠩ ᠠᠭᠠᠯᠢ᠂ ᠲᠡᠮᠡᠭᠡᠨ ᠬᠤᠳᠠᠯᠳᠤᠭᠠᠴᠢᠳ᠎ᠤᠨ ᠵᠣᠷᠢᠭ ᠰᠠᠨᠠᠭ᠎ᠠ ᠵᠡᠷᠭᠡ ᠭᠤᠴᠤ ᠭᠤᠢᠳᠠ ᠰᠣᠶᠤᠯ᠎ᠤᠨ ᠦᠵᠡᠮᠵᠢ᠎ᠶᠢ ᠳᠤᠷᠠᠢᠮ᠎ᠠ ᠰᠠᠢᠬᠠᠨ ᠵᠢᠷᠤᠭᠯᠠᠨ ᠭᠠᠷᠭᠠᠭᠰᠠᠨ ᠪᠠᠢᠨ᠎ᠠ᠃

  ᠡᠳᠡᠭᠡᠷ ᠪᠥᠲᠦᠭᠡᠯ᠎ᠦ᠋ᠳ᠎ᠦᠨ ᠦᠭᠦᠯᠡᠭᠰᠡᠨ᠎ᠨᠢ ᠲᠡᠤᠬᠡᠨ ᠠᠮᠢᠳᠤᠷᠠᠯ᠂ ᠱᠤᠭᠤᠨ ᠭᠠᠷᠭᠠᠭᠰᠠᠨ᠎ᠨᠢ ᠲᠡᠤᠬᠡᠨ ᠬᠦᠮᠦᠰ ᠲᠡᠳᠦᠢ ᠪᠣᠯᠪᠠᠴᠤ᠂ ᠪᠥᠲᠦᠭᠡᠯ᠎ᠦᠨ ᠢᠯᠡᠳᠭᠡᠵᠦ ᠭᠠᠷᠭᠠᠭᠰᠠᠨ ᠦᠵᠡᠯ ᠵᠣᠷᠢᠭ᠎ᠨᠢ ᠬᠠᠷᠢᠨ ᠴᠠᠭ ᠦᠶ᠎ᠡ᠎ᠶᠢᠨ ᠵᠣᠷᠢᠭ ᠰᠠᠨᠠᠭ᠎ᠠ᠎ᠲᠠᠢ ᠱᠢᠭᠤᠳ ᠬᠣᠯᠪᠤᠯᠳᠤᠵᠤ ᠪᠠᠢᠭ᠎ᠠ᠎ᠶᠤᠮ᠃ ᠡᠳᠡᠭᠡᠷ ᠪᠥᠲᠦᠭᠡᠯ᠎ᠡᠴᠡ ᠪᠢᠳᠡ ᠳ᠋ᠧᠩ ᠵᠢᠦ ᠭᠠᠩ ᠪᠠᠭᠱᠢ᠎ᠵᠢᠨ ᠨᠡᠢᠭᠡᠮ᠎ᠦᠨ ᠬᠠᠷᠢᠭᠤᠴᠠᠯᠭᠠᠲᠤ ᠰᠡᠳᠭᠢᠯᠭᠡ᠎ᠶᠢ ᠣᠯᠵᠤ ᠬᠠᠷᠠᠵᠤ ᠪᠣᠯᠤᠨ᠎ᠠ᠃

  ᠲᠡᠷᠡ᠎ᠪᠡᠷ ᠨᠢᠭᠡᠨ ᠥᠷᠦ ᠵᠥᠭᠡᠯᠡᠨ ᠰᠡᠳᠭᠢᠯ ᠵᠢᠨᠷ ᠠᠮᠢᠳᠤ ᠪᠣᠰᠤᠭ᠎ᠠ ᠪᠤᠳᠠᠲᠠᠢᠵᠢᠭᠤᠯᠤᠭᠰᠠᠨ ᠤᠷᠠᠯᠢᠭ᠎ᠤᠨ ᠲᠦᠷᠢ᠎ᠶᠢ  ᠬᠦᠨᠳᠡᠨ᠂ ᠳᠡᠪᠵᠢᠶᠡᠨ ᠪᠤᠳᠤᠯᠢᠶᠠᠨᠲᠠᠢ ᠠᠮᠢᠳᠤᠷᠠᠯ᠎ᠤᠨ ᠠᠬᠤᠢ᠎ᠶᠢ ᠰᠡᠷᠡᠵᠤ᠂ ᠳᠤᠮᠳᠠᠳᠤ ᠤᠯᠤᠰ᠎ᠤᠨ ᠤᠮᠠᠷᠠᠲᠤ᠎ᠶᠢᠨ ᠬᠡᠳᠦᠨ ᠦᠶ᠎ᠡ᠎ᠵᠢᠨ ᠬᠦᠮᠦᠨ᠎ᠦ ᠴᠢᠰᠦ ᠨᠢᠯᠪᠤᠰᠤᠨ ᠲᠡᠮᠡᠴᠡᠯ᠎ᠦᠨ ᠲᠡᠦᠬᠡ᠎ᠶᠢ ᠵᠢᠷᠤᠭᠯᠠᠨ ᠭᠠᠷᠭᠠᠭᠰᠠᠨ ᠪᠠᠢᠨ᠎ᠠ᠃ ᠦᠭᠡᠷ᠎ᠠ᠎ᠪᠠᠷ ᠬᠡᠯᠡᠪᠡᠯ᠂ ᠲᠡᠷᠡ᠎ᠪᠡᠷ ᠬᠠᠭᠠᠰ ᠨᠠᠰᠤᠨ᠎ᠤ᠎ᠪᠠᠨ ᠦᠩᠭᠡᠷᠡᠯᠲᠡ᠎ᠪᠡᠷ ᠵᠢᠨᠨ ᠡᠭᠡᠯ ᠵᠢᠷ᠎ᠦᠨ ᠬᠦᠮᠦᠰ᠎ᠦᠨ ᠠᠮᠢᠳᠤᠷᠠᠨ ᠣᠷᠤᠱᠢᠬᠤ᠎ᠵᠢᠨ ᠲᠥᠯᠦᠭᠡ᠂ ᠬᠦᠰᠡᠯ ᠵᠣᠷᠢᠯᠲᠠ ᠵᠢᠨᠨ  ᠪᠡᠶᠡᠯᠡᠭᠦᠯᠬᠦ᠎ᠶᠢᠨ ᠲᠥᠯᠦᠭᠡ ᠴᠥᠬᠦᠷᠡᠱᠢ᠎ᠦᠭᠡᠢ ᠲᠡᠮᠡᠴᠡᠭᠰᠡᠨ ᠪᠠᠳᠠᠭ ᠪᠠᠳᠠᠭ ᠠᠮᠢᠵᠢᠷᠠᠯ᠎ᠤᠨ ᠳᠠᠭᠤᠯᠠᠯ᠎ᠢ ᠪᠢᠴᠢᠭᠯᠡᠭᠰᠡᠨ ᠪᠠᠢᠨ᠎ᠠ᠃ ᠪᠢᠳᠡ ᠳ᠋ᠧᠩ ᠵᠢᠦ ᠭᠠᠩ ᠪᠠᠭᠱᠢ᠎ᠵᠢᠨ ᠪᠡᠶ᠎ᠡ ᠳᠡᠭᠡᠷ᠎ᠡ᠎ᠡᠴᠡ ᠨᠢᠭᠡᠨ ᠪᠠᠶᠠᠰᠤᠩᠭᠤᠢ᠂ ᠲᠠᠢᠪᠤᠭᠤ ᠮᠡᠷᠭᠡᠳ᠎ᠦᠨ  ᠳᠥᠷᠢ᠎ᠶᠢ ᠣᠯᠵᠤ ᠬᠠᠷᠠᠵᠤ ᠪᠣᠯᠤᠨ᠎ᠠ᠃

(ᠬᠠᠷᠢᠭᠤᠴᠠᠭᠰᠠᠨ ᠨᠠᠢᠷᠠᠭᠤᠯᠤᠭᠴᠢ : ᠰᠠᠭᠤᠷᠢᠪᠡᠬᠢ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604