ᠱᠢᠨᠬᠤᠧᠠ ᠮᠤᠩᠭᠤᠯ ᠨᠧᠲ ᠬᠦᠬᠡᠬᠤᠲᠠ᠎ᠶᠢᠨ 9 ᠰᠠᠷ᠎ᠠ᠎ᠶᠢᠨ 23᠎ᠤ ᠡᠲᠦᠷ᠎ᠤᠨ ᠴᠠᠬᠢᠯᠭᠠᠨ ᠮᠡᠲᠡᠭᠡ (ᠬ·ᠦᠵᠡᠰᠭᠦᠯᠡᠩ ( 《ᠠᠩᠭ᠌ᠯᠢ ᠬᠡᠯᠡ ᠵᠦᠢ》 (ᠭᠤᠷᠪᠡᠳᠡᠬᠢ ᠬᠡᠪᠯᠡᠯ ( ᠨᠤᠮ᠎ᠢ ᠰᠡᠬᠦᠯ᠎ᠤᠨ ᠦᠶ᠎ᠠ᠎ᠳᠤ ᠦᠪᠦᠷ ᠮᠤᠩᠭᠤᠯ᠎ᠤᠨ ᠰᠤᠶᠤᠯ᠎ᠤᠨ ᠬᠡᠪᠯᠡᠯ᠎ᠤᠨ ᠬᠤᠷᠢᠶ᠎ᠠ᠎ᠡᠴᠡ ᠬᠡᠪᠯᠡᠨ ᠲᠠᠷᠬᠠᠭᠠᠪᠠ᠃ ᠲᠤᠰ ᠨᠤᠮ᠎ᠨᠢ ᠠᠪᠢᠶ᠎ᠠ ᠵᠦᠢ᠂ ᠦᠭᠡ ᠵᠦᠢ ᠪᠠ ᠦᠭᠦᠯᠡᠪᠦᠷᠢ ᠵᠦᠢ ᠭᠡᠬᠦ ᠵᠡᠷᠭᠡ ᠬᠡᠰᠡᠭ ᠪᠦᠯᠦᠭ᠎ᠢᠶᠠᠷ ᠪᠦᠷᠢᠯᠲᠦᠵᠦ᠂ ᠤᠭ ᠨᠤᠮ᠎ᠤᠨ ᠵᠤᠬᠢᠶᠠᠭᠴᠢ ᠲᠡᠯᠭᠡᠷ᠎ᠡᠴᠡ ᠬᠡᠯᠡᠨ᠎ᠤ ᠱᠢᠨᠵᠢᠯᠡᠯᠤᠨ ᠦᠨᠳᠦᠰᠦᠨ ᠤᠨᠤᠯ ᠪᠤᠯᠤᠨ ᠵᠤᠬᠢᠬᠤ ᠬᠠᠷᠢᠴᠠᠭᠤᠯᠬᠤ ᠠᠷᠭ᠎ᠠ᠎ᠪᠡᠷ ᠮᠤᠩᠭᠤᠯ᠎ᠢᠶᠠᠷ ᠰᠤᠷᠤᠭᠰᠠᠳ ᠪᠠ ᠠᠱᠢᠭᠯᠠᠭᠴᠢᠳᠤᠨ ᠤᠨᠴᠠᠯᠢᠭᠲᠤ ᠵᠤᠬᠢᠴᠠᠭᠤᠯᠵᠤ ᠤᠷᠴᠢᠨ ᠴᠠᠭ᠎ᠤᠨ ᠠᠩᠭ᠌ᠯᠢ ᠬᠡᠯᠡᠨ᠎ᠤ ᠦᠨᠳᠦᠰᠦᠨ ᠬᠡᠯᠡ ᠵᠦᠢ ᠪᠤᠯᠤᠨ ᠬᠡᠷᠡᠭᠯᠡᠭᠡᠨ᠎ᠤ ᠬᠡᠯᠡ ᠵᠦᠢ᠎ᠶᠢ ᠤᠶᠠᠯᠲᠤᠭᠤᠯᠵᠤ ᠬᠠᠮᠲᠤᠳᠤᠨᠢ ᠨᠡᠯᠢᠶᠡᠳ ᠱᠢᠰᠲᠧᠮ᠎ᠲᠠᠢ᠎ᠪᠡᠷ ᠲᠠᠢᠯᠪᠤᠷᠢᠯᠠᠭᠰᠠᠨ ᠪᠦᠭᠡᠳ ᠮᠤᠩᠭᠤᠯ ᠬᠡᠯᠡ ᠵᠦᠢ᠎ᠲᠠᠢ ᠵᠠᠷᠢᠮ ᠠᠳᠠᠯᠢᠪᠲᠤᠷ ᠵᠦᠢᠯᠡᠰᠢᠴᠤ ᠲᠦᠭᠦᠮ ᠬᠠᠷᠢᠴᠠᠭᠤᠯᠵᠤ ᠲᠠᠢᠯᠪᠤᠷᠢᠯᠠᠭᠰᠠᠨᠢᠶᠠᠷᠢᠶᠠᠨ ᠤᠨᠴᠠᠯᠠᠭᠲᠠᠬᠤᠶᠤᠮ᠃
ᠤᠢᠯᠠᠭᠠᠭᠰᠠᠨ᠎ᠢᠶᠠᠷ᠂ 《ᠠᠩᠭ᠌ᠯᠢ ᠬᠡᠯᠡ ᠵᠦᠢ》 ᠨᠤᠮ᠎ᠢ ᠠᠩᠬ᠎ᠠ 1999᠎ᠤᠨ᠎ᠳᠤ ᠬᠡᠪᠯᠡᠬᠦᠯᠵᠦ᠂ ᠮᠤᠩᠭᠤᠯ ᠬᠡᠯᠡ᠎ᠪᠡᠷ ᠪᠢᠴᠢᠭᠲᠡᠭᠰᠡᠨ 《ᠠᠩᠭ᠌ᠯᠢ ᠬᠡᠯᠡ ᠵᠦᠢ》 ᠪᠠᠢᠭᠰᠠᠨ᠎ᠦᠭᠡᠢ ᠲᠡᠦᠬᠡ᠎ᠶᠢ ᠡᠴᠦᠰᠯᠡᠬᠦᠯᠵᠦ᠂ ᠮᠤᠩᠭᠤᠯ᠎ᠢᠶᠠᠷ ᠠᠩᠭ᠌ᠯᠢ ᠬᠡᠯᠡ ᠵᠢᠭᠠᠲᠠᠭ ᠪᠤᠶᠤ ᠰᠤᠷᠲᠠᠭ ᠪᠠᠭᠱᠢ ᠰᠤᠷᠤᠭᠴᠢᠳ᠎ᠤᠨ ᠭᠠᠷ ᠠᠪᠤᠯᠭ᠎ᠠ᠎ᠶᠢᠨ ᠪᠢᠴᠢᠭ ᠪᠤᠯᠤᠭᠰᠠᠨ ᠲᠡᠲᠦᠢ᠎ᠦᠭᠡᠢ ᠪᠦᠬᠦ ᠤᠯᠤᠰ᠎ᠤᠨ ᠲᠡᠭᠡᠳᠦ ᠰᠤᠷᠭᠠᠭᠤᠯᠢ᠎ᠶᠢᠨ ᠨᠢᠭᠡᠲᠦᠯᠲᠡᠢ ᠵᠢᠭᠠᠬᠤ ᠮᠠᠲᠧᠷᠢᠶᠠᠯ᠎ᠢᠶᠠᠷ ᠲᠤᠭᠲᠠᠭᠠᠭᠲᠠᠪᠠ᠃ ᠢᠩᠭᠢᠭᠡᠳ ᠠᠩᠬᠠᠨ᠎ᠤ ᠬᠡᠪᠯᠡᠯ᠎ᠤᠨ ᠰᠠᠭᠤᠷᠢᠨ ᠳᠡᠭᠡᠷ᠎ᠡ ᠵᠤᠬᠢᠶᠠᠭᠴᠢ ᠲᠡᠯᠭᠡᠷ᠎ᠡᠴᠡ 2004᠎ᠤᠨ᠎ᠳᠤ ᠬᠤᠶᠠᠳᠡᠬᠢ ᠬᠡᠪᠯᠡᠯ᠎ᠢᠶᠠᠨ ᠲᠡᠭᠡᠳᠦ ᠰᠤᠷᠭᠠᠭᠤᠯᠢ᠎ᠶᠢᠨ ᠰᠤᠷᠬᠤ ᠪᠢᠴᠢᠭ᠌᠎ᠢᠶᠠᠷ ᠬᠡᠪᠯᠡᠬᠦᠯᠵᠦ᠂ 2019᠎ᠤᠨ᠎ᠳᠤ ᠭᠤᠷᠪᠡᠳᠡᠬᠢ ᠬᠡᠪᠯᠡᠯ᠎ᠢᠶᠠᠨ ᠡᠮᠦᠨᠡᠬᠢ ᠬᠤᠶᠠᠷ ᠬᠡᠪᠯᠡᠯ᠎ᠤᠨ᠎ᠢᠶᠠᠨ ᠰᠠᠭᠤᠷᠢᠨ ᠳᠡᠭᠡᠷ᠎ᠡ ᠰᠠᠢᠲᠦᠷ ᠵᠠᠰᠠᠨ ᠬᠢᠨᠠᠵᠤ᠂ ᠬᠠᠷᠢᠴᠠᠭᠤᠯᠤᠨ ᠰᠤᠲᠤᠯᠵᠤ᠂ ᠨᠦᠬᠦᠪᠦᠷᠢᠯᠡᠨ ᠲᠡᠭᠦᠯᠲᠡᠷᠵᠢᠬᠦᠯᠦᠭᠰᠡᠨᠤ ᠲᠠᠷᠠᠭ᠎ᠠ ᠬᠡᠪᠯᠡᠬᠦᠯᠵᠦ ᠪᠠᠢᠭ᠎ᠠ᠎ᠨᠢ ᠡᠨᠡᠶᠤᠮ᠃
《ᠠᠩᠭ᠌ᠯᠢ ᠬᠡᠯᠡ ᠵᠦᠢ》 ᠨᠤᠮ᠎ᠤᠨ ᠵᠤᠬᠢᠶᠠᠭᠴᠢ ᠲᠡᠯᠭᠡᠷ ᠪᠤᠯ ᠦᠪᠦᠷ ᠮᠤᠩᠭᠤᠯ᠎ᠤᠨ ᠶᠡᠬᠡ ᠰᠤᠷᠭᠠᠭᠤᠯᠢ᠎ᠶᠢᠨ ᠰᠤᠲᠤᠯᠤᠭᠴᠢ ᠰᠠᠩᠴᠢ ᠫᠷᠤᠹᠧᠰᠰᠤᠷ᠂ ᠮᠤᠩᠭᠤᠯ ᠰᠤᠲᠤᠯᠤᠯ᠎ᠤᠨ ᠲᠦᠪ᠎ᠤᠨ ᠰᠤᠲᠤᠯᠤᠭᠴᠢ; ᠤᠷᠴᠢᠨ ᠦᠶ᠎ᠠ᠎ᠶᠢᠨ ᠮᠤᠩᠭᠤᠯ ᠤᠳᠬ᠎ᠠ ᠵᠤᠬᠢᠶᠠᠯ ᠰᠤᠲᠤᠯᠬᠤ ᠭᠠᠵᠠᠷ᠎ᠤᠨ ᠰᠤᠲᠤᠯᠤᠭᠴᠢ; ᠠᠩᠭ᠌ᠯᠢ᠎ᠶᠢᠨ ᠯᠤᠨᠳᠤᠨ ᠶᠡᠬᠡ ᠰᠤᠷᠭᠠᠭᠤᠯᠢ᠎ᠶᠢᠨ ᠰᠤᠷᠪᠤᠯᠵᠢᠯᠠᠭᠴᠢ ᠡᠷᠲᠡᠮᠲᠡᠨ᠂ ᠮᠤᠩᠭᠤᠯ᠎ᠢᠶᠠᠷ ᠵᠢᠭᠠᠬᠤ ᠠᠩᠭ᠌ᠯᠢ ᠬᠡᠯᠡᠨ᠎ᠤ ᠲᠤᠰᠭᠠᠢ ᠮᠡᠷᠭᠡᠵᠢᠯᠲᠡᠨ᠃ ᠮᠤᠩᠭᠤᠯ᠂ ᠬᠢᠲᠠᠳ᠂ ᠠᠩᠭ᠌ᠯᠢ ᠬᠡᠯᠡ᠎ᠪᠡᠷ ᠮᠤᠩᠭᠤᠯ ᠰᠤᠲᠤᠯᠤᠯ᠂ ᠠᠩᠭ᠌ᠯᠢ ᠰᠤᠲᠤᠯᠤᠯ᠂ ᠰᠤᠷᠪᠤᠯᠵᠢ ᠪᠢᠴᠢᠭ᠌᠎ᠤᠨ ᠰᠤᠲᠤᠯᠤᠯ ᠪᠤᠯᠤᠨ ᠲᠤᠭᠠᠵᠢᠭᠤᠯᠤᠯᠲᠠ᠎ᠶᠢᠨ ᠲᠤᠬᠠᠢ ᠤᠷᠢᠳ ᠬᠤᠵᠢᠳ 100 ᠭᠠᠷᠤᠢ ᠡᠷᠲᠡᠮ ᠱᠢᠨᠵᠢᠯᠡᠭᠡᠨ᠎ᠤ ᠦᠭᠦᠯᠡᠯ ᠵᠤᠬᠢᠶᠠᠯ ᠨᠡᠢᠲᠡᠯᠡᠵᠦ᠂ ᠤᠯᠤᠰ ᠪᠠ ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠱᠠᠩᠨᠠᠯ᠎ᠢ ᠤᠯᠨᠨᠲᠠ ᠲᠤᠰᠪᠠ᠃
ᠪᠡᠯᠡᠳᠭᠡᠭᠰᠡᠨ᠎ᠨᠢ᠄ ᠬ·ᠦᠵᠡᠰᠭᠦᠯᠡᠩ
ᠱᠢᠨᠬᠤᠸᠠ ᠮᠣᠩᠭᠤᠯ ᠨᠸᠲ᠎ᠠᠴᠠ ᠱᠢᠯᠵᠢᠭᠦᠯᠦᠨ ᠨᠡᠢᠳᠡᠯᠡᠪᠡ