ᠨᠠᠢ᠍ᠮᠠᠨ ᠮᠤᠵᠢ ᠣᠷᠤᠨ᠎ᠤ ᠲᠠᠪᠤᠳᠤᠭᠠᠷ ᠬᠤᠭᠤᠴᠠᠭᠠᠨ᠎ᠤ ᠮᠣᠩᠭᠤᠯ ᠨᠣᠮ᠎ᠤᠨ ᠳᠡᠯᠭᠡᠨ ᠦᠵᠡᠭᠦᠯᠭᠡ 10 ᠰᠠᠷ᠎ᠠ᠎ᠶᠢᠨ 18᠎ᠤ ᠡᠳᠦᠷ ᠡᠬᠢᠯᠡᠨ᠎ᠡ
2019.10.17

  ᠲᠤᠰ ᠤᠳᠠᠭᠠᠨ᠎ᠤ ᠨᠣᠮ᠎ᠤᠨ ᠳᠡᠯᠭᠡᠨ ᠦᠵᠡᠭᠦᠯᠭᠡ᠎ᠶᠢ ᠰᠢ᠎ᠵᠢᠨ ᠫᠢᠩ᠎ᠤᠨ ᠱᠢᠨ᠎ᠡ ᠴᠠᠭ ᠦᠶ᠎ᠡ᠎ᠶᠢᠨ ᠳᠤᠮᠳᠠᠳᠤ ᠤᠯᠤᠰ᠎ᠤᠨ ᠣᠨᠴᠠᠯᠢᠭ᠎ᠲᠠᠢ ᠨᠡᠢᠭᠡᠮ ᠵᠢᠷᠦᠮ᠎ᠦᠨ ᠦᠵᠡᠯ ᠰᠠᠨᠠᠭ᠎ᠠ᠎ᠪᠡᠷ ᠵᠢᠯᠤᠭᠤᠳᠤᠯᠭ᠎ᠠ ᠪᠣᠯᠭᠠᠨ᠂ ᠮᠣᠩᠭᠤᠯ᠎ᠢᠶᠠᠷ ᠬᠡᠪᠯᠡᠨ ᠲᠠᠷᠬᠠᠭᠠᠬᠤ ᠰᠣᠶᠤᠯ᠎ᠤᠨ ᠡᠬᠢ ᠪᠠᠶᠠᠯᠢᠭ᠎ᠤᠨ ᠳᠠᠪᠠᠭᠤᠯᠢᠭ᠎ᠲᠤ ᠰᠠᠭᠤᠷᠢᠯᠠᠵᠤ᠂ ᠮᠣᠩᠭᠤᠯ ᠬᠡᠯᠡ ᠪᠢᠴᠢᠭ᠎ᠦᠨ ᠠᠵᠢᠯ᠎ᠤᠨ ᠰᠣᠯᠢᠯᠴᠠᠭ᠎ᠠ ᠪᠠ ᠬᠠᠮᠲᠤᠷᠠᠯᠴᠠᠭ᠎ᠠ᠎ᠶᠢ ᠭᠦᠨᠵᠡᠭᠡᠢᠷᠡᠭᠦᠯᠦᠨ᠂ ᠮᠣᠩᠭᠤᠯ ᠨᠣᠮ ᠪᠢᠴᠢᠭ᠎ᠤᠨ ᠳᠡᠯᠭᠡᠨ ᠦᠵᠡᠭᠦᠯᠭᠡ᠎ᠶᠢᠨ ᠨᠡᠷᠡᠲᠦ ᠲᠡᠮᠳᠡᠭᠲᠦ᠎ᠶᠢᠨ ᠨᠦᠯᠦᠭᠡᠯᠡᠬᠦ ᠬᠦᠴᠦᠨ᠎ᠢ ᠲᠠᠰᠤᠷᠠᠯᠲᠠ᠎ᠦᠭᠡᠢ ᠳᠡᠭᠡᠭᠱᠢᠯᠡᠭᠦᠯᠵᠤ᠂ ᠮᠣᠩᠭᠤᠯ ᠨᠣᠮ᠎ᠤᠨ ᠬᠡᠪᠯᠡᠯ᠎ᠦᠨ ᠴᠢᠨᠠᠷᠵᠢᠭᠤᠨ ᠬᠥᠭᠵᠢᠯᠲᠡ᠎ᠶᠢ ᠠᠬᠢᠭᠤᠯᠵᠤ᠂ ᠪᠦᠭᠦᠲᠡ ᠨᠠᠢᠷᠠᠮᠳᠠᠬᠤ ᠳᠤᠮᠳᠠᠳᠤ ᠠᠷᠠᠳ ᠤᠯᠤᠰ ᠪᠠᠢᠭᠤᠯᠤᠭᠳᠠᠭᠰᠠᠨ 70 ᠵᠢᠯ᠎ᠤᠨ ᠤᠢ᠎ᠶᠢ ᠪᠠᠶᠠᠷᠯᠠᠨ ᠪᠡᠯᠭᠡᠯᠡᠬᠦ᠎ᠶᠢᠨ ᠲᠥᠯᠦᠭᠡ ᠡᠷᠬᠢᠯᠡᠨ ᠶᠠᠪᠤᠭᠳᠠᠭᠤᠯᠬᠤ᠎ᠪᠠᠷ ᠪᠠᠢᠨ᠎ᠠ᠃

  ᠲᠤᠰ ᠤᠳᠠᠭᠠᠨ᠎ᠤ ᠳᠡᠯᠭᠡᠨ ᠦᠵᠡᠭᠦᠯᠭᠡ᠎ᠳᠤ ᠪᠠᠷᠤᠭ 3200 ᠲᠥᠷᠦᠯ᠎ᠦᠨ 2 ᠲᠦᠮᠡ ᠱᠢᠬᠠᠮ ᠨᠣᠮ᠎ᠢ ᠳᠡᠯᠭᠡᠨ ᠦᠵᠡᠭᠦᠯᠦᠨ᠎ᠡ᠃ ᠡᠳᠡᠭᠡᠷ ᠨᠣᠮ᠎ᠤᠨ ᠣᠯᠠᠩᠬᠢ᠎ᠨᠢ᠂ ᠣᠢᠷ᠎ᠠ᠎ᠶᠢᠨ ᠵᠢᠯ᠎ᠳᠤ ᠮᠣᠩᠭᠤᠯ᠎ᠢᠶᠠᠷ ᠬᠡᠪᠯᠡᠭᠳᠡᠭᠰᠡᠨ ᠨᠣᠮ ᠪᠣᠯᠤᠨ᠎ᠠ᠃ ᠪᠠᠰᠠ ᠰᠡᠳᠭᠦᠯ᠂ ᠳᠦᠷᠰᠦ ᠱᠢᠩᠭᠡᠭᠡᠯᠲᠡ᠎ᠶᠢᠨ ᠪᠦᠲᠦᠭᠡᠭᠳᠡᠬᠦᠨ᠂ ᠡᠯᠸᠺᠲᠷᠤᠨ ᠬᠡᠪᠯᠡᠯ᠎ᠦᠨ ᠪᠦᠲᠦᠭᠡᠭᠳᠡᠬᠦᠨ ᠪᠠ ᠬᠡᠰᠡᠭ ᠬᠢᠳᠡᠳ ᠬᠡᠪᠯᠡᠯ᠎ᠦᠨ ᠭᠣᠤᠯ ᠰᠡᠳᠦᠪᠲᠦ᠂ ᠦᠨᠳᠦᠰᠦᠲᠡᠨ᠎ᠤ ᠲᠥᠷᠦᠯ᠎ᠦᠨ ᠨᠣᠮ ᠪᠣᠯᠤᠨ ᠰᠡᠳᠭᠦᠯ ᠵᠡᠷᠭᠡ ᠤᠯᠤᠰ᠎ᠤᠨ ᠬᠠᠮᠢᠶ᠎ᠠ ᠪᠦᠬᠦᠢ ᠲᠣᠭᠲᠠᠭᠠᠯ ᠱᠠᠭᠠᠷᠳᠠᠯᠭ᠎ᠠ᠎ᠳᠤ ᠨᠡᠢᠴᠡᠭᠰᠡᠨ ᠬᠡᠪᠯᠡᠯ᠎ᠦᠨ ᠪᠦᠲᠦᠭᠡᠭᠳᠡᠬᠦᠨ ᠪᠣᠯᠤᠨ᠎ᠠ᠃ ᠠᠭᠤᠯᠭ᠎ᠠ᠎ᠶᠢᠨ ᠬᠤᠪᠢ᠎ᠳᠤ᠂ ᠭᠣᠤᠯ ᠬᠦᠭ ᠠᠶᠠᠰ᠎ᠢ ᠴᠢᠪᠬᠠᠳᠠᠨ᠂ ᠰᠢ᠎ᠵᠢᠨ ᠫᠢᠩ᠎ᠤᠨ ᠱᠢᠨ᠎ᠡ ᠴᠠᠭ ᠦᠶ᠎ᠡ᠎ᠶᠢᠨ ᠳᠤᠮᠳᠠᠳᠤ ᠤᠯᠤᠰ᠎ᠤᠨ ᠣᠨᠴᠠᠯᠢᠭ᠎ᠲᠠᠢ ᠨᠡᠢᠭᠡᠮ ᠵᠢᠷᠦᠮ᠎ᠦᠨ ᠦᠵᠡᠯ ᠰᠠᠨᠠᠭ᠎ᠠ᠎ᠶᠢ ᠤᠬᠠᠭᠤᠯᠵᠤ᠂ ᠨᠡᠢᠭᠡᠮ ᠵᠢᠷᠦᠮ᠎ᠦᠨ ᠭᠣᠤᠯᠯᠠᠭᠴᠢ ᠦᠷᠳᠡᠭ᠎ᠦᠨ ᠦᠵᠡᠯᠲᠡ᠎ᠶᠢ ᠴᠤᠤᠷᠢᠶᠠᠳᠤᠨ᠂ ᠦᠨᠳᠦᠰᠦᠲᠡᠨ᠎ᠤ ᠱᠢᠯᠢᠳᠡᠭ ᠰᠣᠶᠤᠯ᠎ᠢ ᠤᠯᠠᠮᠵᠢᠯᠠᠭᠰᠠᠨ ᠨᠣᠮ ᠪᠢᠴᠢᠭ ᠪᠣᠯᠤᠨ᠎ᠠ᠃ ᠦᠵᠡᠭᠦᠯᠭᠡ᠎ᠶᠢᠨ ᠬᠤᠭᠤᠴᠠᠭᠠᠨ᠎ᠳᠤ᠂ ᠮᠣᠩᠭᠤᠯ ᠨᠣᠮ ᠪᠢᠴᠢᠭ᠎ᠤᠨ ᠰᠤᠳᠤᠯᠤᠨ ᠶᠠᠷᠢᠯᠴᠠᠬᠤ ᠬᠤᠷᠠᠯ᠂ ᠵᠣᠬᠢᠶᠠᠯᠴᠢᠳ᠎ᠤᠨ ᠶᠠᠷᠢᠯᠴᠠᠭ᠎ᠠ᠂ ᠱᠢᠨ᠎ᠡ ᠨᠣᠮ᠎ᠤᠨ ᠲᠠᠨᠢᠯᠴᠠᠭᠤᠯᠭ᠎ᠠ᠂ ᠨᠣᠮ ᠤᠩᠱᠢᠬᠤ ᠬᠤᠷᠠᠯ᠂ ᠮᠣᠩᠭᠤᠯ ᠦᠭᠡ ᠬᠡᠯᠡ ᠦᠰᠦᠭ ᠪᠢᠴᠢᠭ᠎ᠦᠨ ᠰᠤᠷᠠᠭ ᠵᠠᠩᠭᠢᠴᠢᠯᠠᠯᠲᠠ᠎ᠶᠢᠨ ᠦᠷ᠎ᠡ ᠪᠦᠳᠦᠭᠡᠯ᠎ᠦᠨ ᠳᠡᠯᠭᠡᠨ ᠦᠵᠡᠭᠦᠯᠭᠡ᠂ ᠨᠣᠮ ᠪᠢᠴᠢᠭ ᠬᠠᠨᠳᠢᠪᠯᠠᠬᠤ ᠵᠡᠷᠭᠡ ᠠᠷᠪᠠᠭᠠᠳ ᠲᠠᠯᠠᠪᠠᠢ ᠠᠵᠢᠯᠯᠠᠭ᠎ᠠ ᠥᠷᠨᠢᠭᠦᠯᠬᠦ ᠪᠣᠯᠤᠨ᠎ᠠ᠃

  ᠲᠤᠰ ᠤᠳᠠᠭᠠᠨ᠎ᠤ ᠳᠡᠯᠭᠡᠨ ᠦᠵᠡᠭᠦᠯᠭᠡ᠎ᠶᠢ ᠨᠠᠢ᠍ᠮᠠᠨ ᠮᠤᠵᠢ ᠣᠷᠤᠨ᠎ᠤ ᠮᠣᠩᠭᠤᠯ ᠬᠡᠯᠡ ᠪᠢᠴᠢᠭ᠎ᠦᠨ ᠠᠵᠢᠯ᠎ᠤᠨ ᠬᠠᠮᠵᠢᠯᠴᠠᠬᠤ ᠳᠤᠭᠤᠢᠯᠠᠩ᠎ᠤᠨ ᠠᠯᠪᠠᠨ ᠭᠡᠷ᠂ ᠥᠪᠦᠷ ᠮᠣᠩᠭᠤᠯ᠎ᠤᠨ ᠥᠪᠡᠷᠲᠡᠭᠡᠨ ᠵᠠᠰᠠᠬᠤ ᠣᠷᠤᠨ᠎ᠤ ᠰᠣᠨᠢᠨ ᠮᠡᠳᠡᠭᠡ ᠬᠡᠪᠯᠡᠯ᠎ᠦᠨ ᠲᠣᠪᠴᠢᠶ᠎ᠠ᠂ ᠥᠪᠦᠷ ᠮᠣᠩᠭᠤᠯ᠎ᠤᠨ ᠬᠡᠪᠯᠡᠯ᠎ᠤᠨ ᠪᠦᠯᠦᠭᠯᠡᠯ᠂ ᠥᠪᠦᠷ ᠮᠣᠩᠭᠤᠯ᠎ᠤᠨ ᠬᠡᠪᠯᠡᠨ ᠲᠠᠷᠬᠠᠭᠠᠬᠤ ᠪᠦᠯᠦᠭᠯᠡᠯ᠎ᠡᠴᠡ ᠭᠣᠤᠯᠯᠠᠨ ᠡᠷᠬᠢᠯᠡᠵᠤ᠂ ᠱᠢᠯᠢ᠎ᠶᠢᠨ ᠭᠣᠤᠯ ᠠᠢᠮᠠᠭ᠎ᠤᠨ ᠦᠨᠳᠦᠰᠦᠲᠡᠨ᠎ᠤ ᠬᠡᠷᠡᠭ ᠡᠷᠭᠢᠯᠡᠬᠦ ᠵᠥᠪᠯᠡᠯ᠂ ᠠᠢᠮᠠᠭ᠎ᠤᠨ ᠰᠣᠶᠤᠯ ᠲᠠᠮᠢᠷ ᠵᠢᠭᠤᠯᠴᠢᠯᠠᠯ ᠷᠠᠳᠢᠣ᠋ ᠲᠸᠯᠸᠢᠰ᠎ᠤᠨ ᠲᠣᠪᠴᠢᠶ᠎ᠠ᠂ ᠠᠢᠮᠠᠭ᠎ᠤᠨ ᠱᠢᠨᠬᠤᠸᠠ ᠨᠣᠮ᠎ᠤᠨ ᠳᠡᠯᠭᠡᠭᠦᠷ᠎ᠡᠴᠡ ᠳᠠᠭᠠᠭᠠᠴᠢᠯᠠᠨ ᠡᠷᠬᠢᠯᠡᠵᠤ᠂ ᠱᠢᠯᠢ᠎ᠶᠢᠨ ᠭᠣᠤᠯ ᠠᠢᠮᠠᠭ᠎ᠤᠨ ᠵᠣᠬᠢᠶᠠᠯᠴᠢᠳ᠎ᠤᠨ ᠨᠡᠢᠭᠡᠮᠯᠢᠭ᠎ᠡᠴᠡ ᠬᠠᠮᠵᠢᠨ ᠡᠷᠬᠢᠯᠡᠬᠦ ᠪᠣᠯᠤᠨ᠎ᠠ᠃

  ᠨᠠᠢᠷᠠᠭᠤᠯᠤᠭᠴᠢ᠄ ᠪᠦᠷᠢᠨᠴᠢᠮᠡᠭ

  ᠬᠢᠨᠠᠭᠴᠢ᠄ ᠠᠯᠮᠠᠰ

  ᠱᠢᠯᠢ᠎ᠶᠢᠨ ᠭᠣᠤᠯ ᠷᠠᠳᠢᠤ᠋᠎ᠠᠴᠠ ᠱᠢᠯᠵᠢᠭᠦᠯᠦᠨ ᠨᠡᠢᠳᠡᠯᠡᠪᠡ

(ᠬᠠᠷᠢᠭᠤᠴᠠᠭᠰᠠᠨ ᠨᠠᠢᠷᠠᠭᠤᠯᠤᠭᠴᠢ : ᠤᠷᠢᠬᠠᠨ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604