ᠨᠠᠢ᠍ᠮᠠᠨ ᠮᠤᠵᠢ ᠣᠷᠤᠨ᠎ᠤ ᠲᠠᠪᠤᠳᠤᠭᠠᠷ ᠬᠤᠭᠤᠴᠠᠭᠠᠨ᠎ᠤ ᠮᠣᠩᠭᠤᠯ ᠨᠣᠮ᠎ᠤᠨ ᠦᠵᠡᠭᠦᠯᠭᠡ᠎ᠳᠤ 3200 ᠲᠥᠷᠦᠯ᠎ᠦᠨ 2 ᠲᠦᠮᠡ ᠱᠢᠬᠠᠮ ᠨᠣᠮ ᠳᠡᠯᠭᠡᠭᠳᠡᠭᠰᠡᠨ ᠪᠠᠢᠨ᠎ᠠ
2019.10.23

  10 ᠰᠠᠷ᠎ᠠ᠎ᠶᠢᠨ 18᠎ᠤ ᠡᠳᠦᠷ᠂ ᠱᠢᠯᠢ᠎ᠶᠢᠨ ᠭᠣᠤᠯ ᠠᠵᠢᠯ ᠮᠡᠷᠭᠡᠵᠢᠯ᠎ᠦᠨ ᠳᠡᠭᠡᠲᠦ ᠰᠤᠷᠭᠠᠭᠤᠯᠢ᠎ᠳᠤ ᠨᠠᠢ᠍ᠮᠠᠨ ᠮᠤᠵᠢ ᠣᠷᠤᠨ᠎ᠤ ᠲᠠᠪᠤᠳᠤᠭᠠᠷ ᠬᠤᠭᠤᠴᠠᠭᠠᠨ᠎ᠤ ᠮᠣᠩᠭᠤᠯ ᠨᠣᠮ᠎ᠤᠨ ᠦᠵᠡᠭᠦᠯᠭᠡ ᠡᠬᠢᠯᠡᠪᠡ᠃ ᠲᠤᠰ ᠤᠳᠠᠭᠠᠨ᠎ᠤ ᠮᠣᠩᠭᠤᠯ ᠨᠣᠮ᠎ᠤᠨ ᠦᠵᠡᠭᠦᠯᠭᠡ᠎ᠶᠢ ᠨᠠᠢ᠍ᠮᠠᠨ ᠮᠤᠵᠢ ᠣᠷᠤᠨ᠎ᠤ ᠮᠣᠩᠭᠤᠯ ᠬᠡᠯᠡ ᠪᠢᠴᠢᠭ᠎ᠦᠨ ᠠᠵᠢᠯ᠎ᠤᠨ ᠬᠠᠮᠵᠢᠯᠴᠠᠬᠤ ᠲᠤᠭᠤᠢᠯᠠᠩ᠎ᠤᠨ ᠠᠯᠪᠠᠨ ᠭᠡᠷ᠂ ᠥᠪᠦᠷ ᠮᠣᠩᠭᠤᠯ᠎ᠤᠨ ᠥᠪᠡᠷᠲᠡᠭᠡᠨ ᠵᠠᠰᠠᠬᠤ ᠣᠷᠤᠨ᠎ᠤ ᠰᠣᠨᠢᠨ ᠮᠡᠳᠡᠭᠡ ᠬᠡᠪᠯᠡᠯ᠎ᠦᠨ ᠲᠣᠪᠴᠢᠶ᠎ᠠ᠂ ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠂ ᠥᠪᠦᠷ ᠮᠣᠩᠭᠤᠯ᠎ᠤᠨ ᠬᠡᠪᠯᠡᠨ ᠲᠠᠷᠬᠠᠭᠠᠬᠤ ᠪᠦᠯᠦᠭᠯᠡᠯ᠎ᠡᠴᠡ ᠭᠣᠤᠯᠯᠠᠨ ᠡᠷᠬᠢᠯᠡᠵᠤ᠂ ᠱᠢᠯᠢ᠎ᠶᠢᠨ ᠭᠣᠤᠯ ᠠᠢᠮᠠᠭ᠎ᠤᠨ ᠦᠨᠳᠦᠰᠦᠲᠡᠨ᠎ᠤ ᠬᠡᠷᠡᠭ ᠡᠷᠬᠢᠯᠡᠬᠦ ᠵᠥᠪᠯᠡᠯ᠂ ᠠᠢᠮᠠᠭ᠎ᠤᠨ ᠰᠣᠶᠤᠯ ᠲᠠᠮᠢᠷ ᠵᠢᠭᠤᠯᠴᠢᠯᠠᠯ ᠷᠠᠳᠢᠣ᠋ ᠲᠸᠯᠸᠢᠰ᠎ᠤᠨ ᠲᠣᠪᠴᠢᠶ᠎ᠠ᠂ ᠠᠢᠮᠠᠭ᠎ᠤᠨ ᠱᠢᠨᠬᠤᠸᠠ ᠨᠣᠮ᠎ᠤᠨ ᠳᠡᠯᠭᠡᠭᠦᠷ᠎ᠡᠴᠡ ᠳᠠᠭᠠᠭᠠᠴᠢᠯᠠᠨ ᠡᠷᠬᠢᠯᠡᠵᠤ᠂ ᠱᠢᠯᠢ᠎ᠶᠢᠨ ᠭᠣᠤᠯ ᠨᠡᠢᠭᠡᠮᠯᠢᠭ᠎ᠡᠴᠡ ᠬᠠᠮᠵᠢᠯᠴᠠᠨ ᠡᠷᠬᠢᠯᠡᠭᠰᠡᠨ ᠪᠠᠢᠨ᠎ᠠ᠃

 

ᠱᠢᠯᠢ ᠨᠤᠲᠤᠭ᠎ᠲᠤ ᠨᠣᠮ᠎ᠤᠨ ᠴᠠᠭᠠᠨ ᠪᠤᠶᠠᠨ ᠳᠡᠯᠭᠡᠷᠡᠬᠦ ᠡᠨᠡ᠎ᠬᠦ ᠪᠠᠶᠠᠷᠲᠤ ᠠᠭᠱᠠᠨ᠎ᠳᠤ᠂ ᠨᠣᠮ᠎ᠳᠤ᠎ᠪᠠᠨ ᠬᠠᠢᠷᠠᠲᠠᠢ᠂ ᠨᠣᠮ᠎ᠢᠶᠠᠷ᠎ᠢᠶᠠᠨ ᠪᠠᠬᠠᠷᠬᠠᠳᠠᠭ ᠡᠯ᠎ᠡ ᠠᠵᠢᠯ᠎ᠤᠨ ᠹᠷᠤᠨᠲ᠎ᠳᠡᠬᠢ ᠬᠥᠮᠦᠰ ᠵᠢᠴᠢ ᠳᠥᠷᠪᠡᠨ ᠵᠦᠭ ᠨᠠᠢ᠍ᠮᠠᠨ ᠵᠣᠪᠬᠢᠰ᠎ᠠᠴᠠ ᠬᠦᠷᠦᠯᠴᠡᠨ ᠢᠷᠡᠭᠰᠡᠨ ᠨᠣᠮ᠎ᠤᠨ ᠪᠠᠬᠠᠲᠠᠳ ᠳᠡᠯᠭᠡᠭᠳᠡᠭᠰᠡᠨ ᠨᠣᠮ᠎ᠤ᠋ᠳ᠎ᠢ ᠰᠣᠨᠢᠷᠬᠠᠨ ᠦᠵᠡᠵᠦ᠂ ᠥᠪᠡᠷ ᠥᠪᠡᠷ᠎ᠦᠨ᠎ᠢᠶᠡᠨ ᠬᠡᠷᠡᠭᠴᠡᠭᠡᠨ᠎ᠳᠤ ᠲᠣᠬᠢᠷᠠᠭᠤᠯᠤᠨ ᠨᠣᠮ ᠬᠤᠳᠠᠯᠳᠤᠨ ᠠᠪᠴᠤ ᠪᠠᠢᠯ᠎ᠠ᠃ ᠲᠤᠰ ᠤᠳᠠᠭᠠᠨ᠎ᠤ ᠨᠣᠮ᠎ᠤᠨ ᠦᠵᠡᠭᠦᠯᠭᠡ᠎ᠳᠤ᠂ ᠨᠠᠢ᠍ᠮᠠᠨ ᠮᠤᠵᠢ ᠣᠷᠤᠨ᠎ᠤ ᠬᠡᠪᠴᠢᠶᠡᠨ᠎ᠳᠡᠬᠢ ᠡᠯ᠎ᠡ ᠬᠡᠪᠯᠡᠯ᠎ᠤᠨ ᠬᠣᠷᠢᠶ᠎ᠠ᠎ᠶᠢ 3200  ᠲᠥᠷᠦᠯ᠎ᠦᠨ  2 ᠲᠦᠮᠡ ᠱᠢᠬᠠᠮ ᠨᠣᠮ ᠳᠡᠯᠭᠡᠭᠳᠡᠵᠤ ᠦᠵᠡᠭᠴᠢ ᠤᠯᠠᠨ᠎ᠤ᠎ᠪᠠᠨ ᠬᠠᠷᠠᠭ᠎ᠠ᠎ᠶᠢ ᠮᠢᠯᠢᠶᠠᠭᠰᠠᠨ ᠪᠠᠢᠨ᠎ᠠ᠃ ᠣᠢᠯᠠᠭᠠᠭᠰᠠᠨ᠎ᠢᠶᠠᠷ᠂ ᠲᠤᠰ ᠤᠳᠠᠭᠠᠨ᠎ᠤ ᠮᠣᠩᠭᠤᠯ ᠨᠣᠮ᠎ᠤᠨ ᠦᠵᠡᠭᠦᠯᠭᠡ᠎ᠨᠢ 10 ᠰᠠᠷ᠎ᠠ᠎ᠶᠢᠨ 20᠎ᠤ ᠡᠳᠦᠷ ᠬᠦᠷᠲᠡᠯ᠎ᠡ ᠶᠠᠪᠤᠭᠳᠠᠬᠤ ᠪᠣᠯᠤᠨ᠎ᠠ᠃

   (ᠤᠯᠤᠰ᠎ᠤᠨ ᠨᠢᠭᠡᠳᠦᠭᠡᠷ ᠳᠡᠰ᠎ᠦᠨ ᠵᠣᠬᠢᠶᠠᠯᠴᠢ᠂ 《ᠰᠣᠯᠤᠩᠭ᠎ᠠ》 ᠱᠠᠩᠨᠠᠯᠲᠤ ᠢᠷᠠᠭᠤ ᠨᠠᠢᠷᠠᠭᠴᠢ ᠲ᠊·ᠡᠯᠬᠡᠩᠭᠡ᠂ ᠰᠥᠨᠢᠳ ᠵᠡᠭᠦᠨ ᠬᠣᠱᠢᠭᠤ᠎ᠪᠡᠷ ᠨᠤᠲᠤᠭᠲᠠᠢ᠂ 《ᠰᠣᠯᠤᠩᠭ᠎ᠠ》 ᠱᠠᠩᠨᠠᠯᠲᠤ ᠢᠷᠠᠭᠤ ᠨᠠᠢᠷᠠᠭᠴᠢ ᠶᠤ᠊·ᠡᠷᠳᠡᠨᠢᠲᠤᠭᠳᠠᠬᠤ᠂ ᠠᠪᠠᠭ᠎ᠠ ᠬᠣᠱᠢᠭᠤᠨ᠎ᠤ ᠬᠣᠩᠭᠤᠷᠭᠤᠤᠯ ᠪᠠᠯᠭᠠᠰᠤᠨ᠎ᠤ ᠴ᠊·ᠨᠠᠷᠠᠪᠢᠯᠢᠭ᠌᠎ᠨᠠᠷ ᠰᠤᠷᠪᠤᠯᠵᠢᠯᠠᠭ᠎ᠠ ᠬᠦᠯᠢᠶᠡᠯ᠎ᠡ! )

 

 

  ᠨᠠᠢᠷᠠᠭᠤᠯᠤᠭᠴᠢ᠄ ᠡ᠊·ᠲᠤᠶᠠᠭ᠎ᠠ

  ᠬᠢᠨᠠᠭᠴᠢ᠄ ᠲᠠᠨ᠎ᠠ

  ᠶᠡᠷᠦᠩᠬᠡᠢ ᠬᠢᠨᠠᠭᠴᠢ᠄ ᠪᠦᠷᠢᠨᠲᠦ

  ᠱᠢᠯᠢ᠎ᠶᠢᠨ ᠭᠣᠤᠯ᠎ᠤᠨ ᠡᠳᠦᠷ᠎ᠦᠨ ᠰᠣᠨᠢᠨ᠎ᠠᠴᠠ ᠱᠢᠯᠵᠢᠭᠦᠯᠦᠨ ᠨᠡᠢᠳᠡᠯᠡᠪᠡ

(ᠬᠠᠷᠢᠭᠤᠴᠠᠭᠰᠠᠨ ᠨᠠᠢᠷᠠᠭᠤᠯᠤᠭᠴᠢ : ᠤᠷᠢᠬᠠᠨ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604