ᠢᠦᠢ ᠮᠢᠨ ᠬᠤᠩ ᠵᠢᠯ ᠪᠦᠷᠢ 200 ᠭᠠᠷᠤᠢ ᠨᠣᠮ ᠤᠩᠱᠢᠵᠤ 《ᠨᠢᠭᠡ ᠮᠢᠨᠦ᠋ᠲ᠎ᠢ᠎ᠴᠦ ᠰᠦᠢᠳᠭᠡᠵᠦ ᠪᠣᠯᠬᠤ᠎ᠦᠭᠡᠢ》 ᠭᠡᠵᠦ ᠶᠠᠷᠢᠪᠠ
2019.10.23

  ᠴᠠᠭᠠᠨ ᠴᠠᠮᠴᠠ ᠨᠢᠦ᠋ᠽᠠᠢ ᠥᠮᠦᠳᠦ᠎ᠲᠠᠢ ᠲᠠᠮᠢᠷᠴᠢᠨ᠎ᠤ ᠱᠠᠬᠠᠢ ᠡᠮᠦᠰᠦᠭᠰᠡᠨ ᠱᠢᠨ ᠳ᠋ᠦᠩ ᠹᠠᠩ ᠨᠡᠷᠡᠮᠵᠢᠲᠦ ᠰᠤᠷᠭᠠᠨ ᠬᠦᠮᠦᠵᠢᠯ᠎ᠦᠨ ᠪᠥᠯᠦᠭᠯᠡᠯ᠎ᠦᠨ ᠡᠭᠦᠰᠭᠡᠨ ᠪᠠᠢᠭᠤᠯᠤᠭᠴᠢ ᠢᠦᠢ ᠮᠢᠨ ᠬᠤᠩ ᠮᠢᠺᠷᠤᠹᠤᠨ ᠠᠳᠭᠤᠭᠠᠳ ᠠᠪᠤᠪᠠᠯ ᠭᠤᠷᠪᠠᠨ ᠴᠠᠭ ᠵᠢᠨᠷ ᠵᠣᠭᠰᠤᠳᠠᠭ ᠪᠠᠢᠨ᠎ᠠ᠃

 

 

  13 ᠎ᠤ ᠡᠳᠦᠷ᠂ ᠢᠦᠢ ᠮᠢᠨ ᠬᠤᠨᠭ ᠥᠪᠦᠷ ᠮᠣᠩᠭᠤᠯ᠎ᠤᠨ 《ᠦᠵᠡᠰᠭᠦᠯᠡᠩᠲᠦ ᠰᠠᠢᠬᠠᠨ ᠤᠮᠠᠷᠠᠲᠦ ᠬᠢᠯᠢ》 ᠶᠠᠨᠷᠢᠶᠠᠨ᠎ᠤ ᠲᠠᠪᠴᠠᠩ ᠳᠡᠭᠡᠷ᠎ᠡ 《ᠰᠤᠷᠭᠠᠨ ᠬᠦᠮᠦᠵᠢᠯ᠎ᠦᠨ ᠬᠠᠢᠷ᠎ᠠ ᠰᠡᠳᠭᠢᠯᠭᠡ ᠪᠠ ᠬᠤᠪᠢ ᠬᠦᠮᠦᠨ᠎ᠦ ᠦᠰᠦᠨ ᠪᠣᠢᠵᠢᠯᠲᠠ》 ᠭᠡᠬᠦ ᠲᠤᠰᠭᠠᠢ ᠰᠡᠳᠦᠪᠲᠦ ᠶᠠᠷᠢᠶ᠎ᠠ ᠲᠠᠯᠪᠢᠵᠠᠢ᠂ ᠡᠭᠦᠨ᠎ᠦ ᠳᠣᠲᠤᠷ᠎ᠠ ᠨᠣᠮ ᠤᠩᠱᠢᠬᠤ᠎ᠶᠢ ᠬᠠᠮᠤᠭ᠎ᠤᠨ ᠢᠯᠡᠭᠦᠦ ᠳᠤᠷᠠᠳᠤᠭᠰᠠᠨ ᠪᠠᠢᠨ᠎ᠠ᠃

   《ᠪᠢ ᠵᠢᠯ ᠪᠦᠷᠢ 200 ᠭᠠᠷᠤᠢ ᠳᠡᠪᠲᠡᠷ ᠨᠣᠮ ᠰᠡᠬᠦᠳᠡᠭ᠂ ᠨᠥᠭᠦᠭᠡ ᠨᠢᠭᠡ ᠳᠤᠷ᠎ᠠ ᠪᠠᠬ᠎ᠠ ᠪᠤᠯ ᠵᠢᠭᠤᠯᠴᠢᠯᠠᠯ ᠪᠣᠯᠤᠨ᠎ᠠ᠂ ᠣᠷᠴᠢᠮᠬᠠᠨ ᠨᠢᠭᠡ ᠵᠢᠭᠤᠯᠴᠢᠯᠠᠯ᠎ᠤᠨ ᠲᠡᠮᠳᠡᠭᠯᠡᠯ ᠬᠡᠪᠯᠡᠭᠦᠯᠦᠨ᠎ᠡ》 ᠭᠡᠵᠡᠢ᠂ ᠢᠦᠢ ᠮᠢᠨ ᠬᠤᠨᠭ᠎ᠤᠨ ᠵᠢᠯ ᠪᠦᠷᠢ᠎ᠵᠢᠨ 《ᠤᠩᠱᠢᠬᠤ ᠬᠡᠮᠵᠢᠶ᠎ᠡ》᠎ᠨᠢ ᠲᠠᠯᠠᠪᠤᠷ᠎ᠲᠠᠬᠢ ᠦᠵᠡᠭᠴᠢᠳ᠎ᠢ ᠭᠠᠢᠬᠠᠱᠢ ᠠᠯᠳᠠᠭᠤᠯᠤᠭᠰᠠᠨ ᠪᠠᠢᠨ᠎ᠠ᠃

   《ᠲᠡᠷᠡ᠎ᠴᠢᠨᠢ ᠴᠣᠬᠤᠮ ᠬᠠᠮᠤᠭ᠎ᠤᠨ ᠶᠠᠭᠠᠷᠠᠤ ᠬᠦᠮᠦᠨ ᠱᠢᠦ᠎ᠳᠡ᠂ ᠶᠠᠮᠠᠷ ᠴᠢᠯᠦᠭᠡ᠎ᠪᠡᠷ᠎ᠢᠶᠡᠨ ᠲᠡᠢᠮᠦ ᠠᠷᠪᠢᠨ ᠨᠣᠮ ᠤᠩᠱᠢᠳᠠᠭ᠎ᠶᠤᠮ ᠪᠣᠯ ᠡ》 ᠭᠡᠵᠦ ᠵᠠᠷᠢᠮ ᠦᠵᠡᠭᠴᠢᠳ ᠰᠤᠷᠪᠤᠯᠵᠢᠯᠠᠭᠴᠢ᠎ᠳᠤ ᠶᠠᠷᠢᠵᠤ ᠪᠠᠢᠯ᠎ᠠ᠃

  ᠦᠵᠡᠭᠴᠢᠳ᠎ᠦᠨ ᠰᠡᠵᠢᠭᠯᠡᠯ᠎ᠢ ᠠᠯᠳᠠᠷᠠᠭᠠᠬᠤ ᠭᠡᠰᠡᠨ ᠱᠢᠭ ᠢᠦᠢ ᠮᠢᠨ ᠬᠤᠩ ᠲᠤᠰ ᠡᠳᠦᠷ᠎ᠦᠨ ᠶᠠᠷᠢᠶᠠᠨ᠎ᠳᠤ᠎ᠪᠡᠨ 《ᠪᠢ ᠪᠤᠯ ᠴᠠᠭ᠎ᠢ ᠲᠤᠢᠯ᠎ᠢᠶᠠᠷ ᠨᠠᠨᠳᠢᠩᠨᠠᠳᠠᠭ ᠬᠦᠮᠦᠨ ᠱᠢᠦ᠂ ᠨᠢᠭᠡ ᠮᠢᠨᠦ᠋ᠲ᠎ᠢ᠎ᠴᠦ ᠰᠦᠢᠳᠭᠡᠵᠦ ᠪᠣᠯᠬᠤ᠎ᠦᠭᠡᠢ》 ᠭᠡᠵᠦ ᠶᠠᠷᠢᠵᠤ ᠪᠠᠢᠯ᠎ᠠ᠃

   《ᠪᠢ ᠬᠡᠷᠪᠡ ᠪᠤᠢ ᠪᠦᠬᠦᠢ ᠰᠣᠨᠢᠷᠬᠠᠯ ᠳᠣᠲᠤᠷ᠎ᠠ᠎ᠡᠴᠡ ᠬᠣᠶᠠᠷ᠎ᠢ᠎ᠯᠠ ᠰᠣᠩᠭᠤᠬᠤ ᠭᠡᠪᠡᠯ ᠡᠩ ᠲᠡᠷᠢᠭᠦᠨ᠎ᠳᠦ ᠨᠣᠮ ᠤᠩᠱᠢᠬᠤ᠎ᠶᠢ ᠰᠣᠩᠭᠤᠵᠤ᠂ ᠳᠠᠷᠠᠭᠠᠯᠠᠪᠠᠯ ᠵᠢᠭᠤᠯᠴᠢᠯᠠᠯ᠎ᠢ ᠰᠣᠩᠭᠤᠨ᠎ᠠ》 ᠭᠡᠵᠦ ᠢᠦᠢ ᠮᠢᠨ ᠬᠤᠨᠭ ᠬᠡᠯᠡᠭᠰᠡᠨ ᠪᠠᠢᠨ᠎ᠠ᠃

  ᠲᠡᠭᠡᠪᠡᠯ ᠢᠦᠢ ᠮᠢᠨ ᠬᠤᠩ ᠶᠠᠭᠤᠨ᠎ᠤ ᠤᠴᠢᠷ᠎ᠠᠴᠠ ᠡᠨᠡ ᠮᠡᠲᠦ ᠨᠣᠮ ᠤᠩᠱᠢᠬᠤ ᠳᠤᠷᠠᠲᠠᠢ ᠪᠠᠢᠳᠠᠭ ᠪᠤᠢ?

   《ᠪᠢ ᠪᠤᠯ ᠲᠠᠷᠢᠶᠠᠴᠢᠨ᠎ᠤ ᠬᠡᠦᠬᠡᠳ᠂ ᠪᠠᠭ᠎ᠠ᠎ᠵᠢᠨ ᠦᠶ᠎ᠡ᠎ᠳᠦ ᠣᠯᠵᠤ ᠦᠵᠡᠬᠦ ᠨᠣᠮ ᠳᠠᠩᠴᠤ ᠬᠢᠵᠠᠭᠠᠷ᠎ᠲᠠᠢ᠂ ᠶᠡᠬᠡ ᠰᠤᠷᠭᠠᠭᠤᠯᠢ᠎ᠳᠤ ᠱᠢᠯᠭᠠᠬᠤ᠎ᠡᠴᠡ ᠡᠮᠦᠨ᠎ᠡ ᠤᠩᠱᠢᠳᠠᠭ ᠨᠣᠮ᠎ᠨᠢ ᠬᠢᠴᠢᠶᠡᠯ᠎ᠦᠨ ᠪᠢᠴᠢᠭ᠎ᠯᠡ ᠪᠠᠢᠯ᠎ᠠ᠃ ᠪᠡᠭᠡᠵᠢᠩ ᠶᠡᠬᠡ ᠰᠤᠷᠭᠠᠭᠤᠯᠢ᠎ᠳᠤ ᠱᠢᠯᠭᠠᠨ ᠣᠷᠤᠭᠰᠠᠨ᠎ᠤ ᠳᠠᠷᠠᠭ᠎ᠠ ᠮᠠᠱᠢ ᠣᠯᠠᠨ ᠨᠣᠮ ᠦᠵᠡᠵᠡᠢ᠂ ᠡᠨᠡ᠎ᠬᠦ ᠳᠠᠳᠭᠠᠯ᠎ᠢᠶᠠᠨ ᠪᠠᠷᠢᠮᠲᠠᠯᠠᠭᠰᠠᠭᠠᠷ᠎ᠯᠠ ᠪᠠᠢᠭ᠎ᠠ》 ᠭᠡᠵᠦ ᠠᠬᠤᠢ ᠲᠠᠯᠠᠪᠠᠢ᠎ᠳᠤ ᠢᠦᠢ ᠮᠢᠨ ᠬᠤᠨᠭ ᠰᠡᠳᠭᠢᠯ᠎ᠢᠶᠡᠨ ᠠᠭᠤᠳᠠᠯᠠᠨ ᠶᠠᠷᠢᠵᠦ ᠪᠠᠢᠯ᠎ᠠ᠃

   《ᠨᠣᠮ ᠤᠩᠱᠢᠬᠤ ᠪᠣᠯ ᠮᠢᠨᠤ ᠬᠠᠮᠤᠭ᠎ᠤᠨ ᠶᠡᠬᠡ ᠳᠤᠷ᠎ᠠ ᠪᠠᠬ᠎ᠠ᠎ᠶᠤᠮ᠃ 》 ᠲᠡᠭᠦᠨ᠎ᠦ ᠦᠵᠡᠬᠦ᠎ᠪᠠᠷ 《ᠴᠠᠭ ᠮᠦᠴᠡ᠎ᠪᠡᠨ ᠬᠢᠵᠦ ᠪᠠᠢᠭ᠎ᠠ ᠠᠵᠢᠯ᠎ᠤᠨ ᠢᠷᠡᠭᠡᠳᠦᠢ᠎ᠶᠢᠨ ᠬᠥᠭᠵᠢᠯᠲᠡ᠎ᠳᠡᠭᠡᠷ᠎ᠡ᠎ᠪᠠᠨ ᠵᠠᠷᠤᠴᠠᠭᠤᠯᠬᠤ ᠪᠤᠯ ᠨᠢᠭᠡᠨ ᠵᠣᠯ ᠵᠠᠪᠱᠢᠶᠠᠨ ᠪᠣᠯᠤᠨ᠎ᠠ》᠃

  ᠢᠦᠢ ᠮᠢᠨ ᠬᠤᠨᠭ᠎ᠳᠤ ᠠᠪᠴᠤ ᠬᠡᠯᠡᠪᠡᠯ ᠨᠣᠮ ᠤᠩᠱᠢᠬᠤ᠎ᠨᠢ ᠨᠡᠭᠡᠷᠡᠨ᠎ᠴᠦ ᠥᠪᠡᠷ᠎ᠦᠨ ᠬᠢ᠎ᠨᠢ ᠬᠤᠪᠢ ᠵᠠᠶᠠᠭ᠎ᠠ᠎ᠶᠢ ᠬᠤᠪᠢᠷᠠᠭᠤᠯᠤᠭᠰᠠᠨ ᠪᠠᠢᠨ᠎ᠠ᠂ ᠲᠠᠷᠢᠶᠠᠴᠢᠨ᠎ᠤ ᠬᠡᠦᠬᠡᠳ᠎ᠡᠴᠡ ᠡᠴᠦᠰ᠎ᠲᠤ᠎ᠪᠠᠨ ᠪᠡᠭᠡᠵᠢᠩ ᠶᠡᠬᠡ ᠰᠤᠷᠭᠠᠭᠤᠯᠢ᠎ᠳᠤ ᠰᠤᠷᠤᠯᠴᠠᠵᠤ᠂ ᠰᠤᠷᠭᠠᠭᠤᠯᠢ᠎ᠳᠤ᠎ᠪᠠᠨ ᠦᠯᠡᠳᠡᠵᠦ ᠪᠠᠭᠱᠢᠯᠠᠭᠠᠳ᠂ ᠤᠯᠠᠮ ᠴᠢᠨᠠᠭᠱᠢᠲᠠ ᠱᠢᠨ ᠳ᠋ᠦᠩ ᠹᠠᠩ᠎ᠶᠢ ᠡᠭᠦᠰᠭᠡᠨ ᠪᠠᠢᠭᠤᠯᠵᠤ ᠬᠡᠳᠦᠨ ᠰᠠᠶ᠎ᠠ ᠬᠦᠮᠦᠨ᠎ᠦ ᠭᠠᠳᠠᠭᠠᠳᠤ᠎ᠳᠤ ᠰᠤᠷᠤᠯᠴᠠᠬᠤ ᠬᠦᠰᠡᠯ ᠵᠣᠷᠢᠯ᠎ᠢ ᠪᠡᠶᠡᠯᠡᠭᠦᠯᠵᠡᠢ᠂ ᠢᠦᠢ ᠮᠢᠨ ᠬᠤᠨᠭ᠎ᠢ ᠣᠳᠤᠬᠠᠨ᠎ᠤ ᠳᠤᠮᠳᠠᠳᠤ ᠤᠯᠤᠰ᠎ᠤᠨ ᠬᠠᠮᠤᠭ᠎ᠤᠨ ᠠᠮᠵᠢᠯᠲᠠ᠎ᠳᠤ ᠬᠦᠷᠦᠭᠰᠡᠨ 《ᠰᠤᠷᠭᠠᠨ ᠬᠦᠮᠦᠵᠢᠯᠲᠡᠨ》 ᠭᠡᠰᠡᠨ᠎ᠴᠦ ᠪᠣᠯᠬᠤ᠎ᠶᠤᠮ᠃

   《ᠪᠢ ᠪᠡᠭᠡᠵᠢᠩ ᠶᠡᠬᠡ ᠰᠤᠷᠭᠠᠭᠤᠯᠢ᠎ᠳᠤ ᠰᠤᠷᠤᠯᠴᠠᠵᠤ ᠪᠠᠢᠭᠰᠠᠨ᠂ ᠪᠢᠴᠢᠭ ᠵᠢᠭᠠᠵᠤ ᠪᠠᠢᠭᠰᠠᠨ ᠡᠳᠦᠷ᠎ᠦ᠋ᠳ᠎ᠢᠶᠡᠨ ᠮᠠᠱᠢᠲᠠ ᠳᠤᠷᠠᠰᠤᠨ ᠰᠠᠨᠠᠭᠠᠯᠵᠠᠳᠠᠭ᠃ 》 《ᠳᠤᠬᠠᠢ᠎ᠶᠢᠨ ᠵᠢᠯ᠎ᠤ᠋ᠳ᠎ᠲᠤ ᠪᠡᠭᠡᠵᠢᠩ ᠶᠡᠬᠡ ᠰᠤᠷᠭᠠᠭᠤᠯᠢ᠎ᠳᠤ ᠪᠠᠢᠬᠤ ᠦᠶᠡᠰ ᠬᠠᠮᠤᠭ᠎ᠤᠨ ᠰᠠᠢᠬᠠᠨ ᠰᠠᠨᠠᠭᠳᠠᠳᠠᠭ᠎ᠨᠢ ᠶᠡᠬᠡ ᠬᠡᠮᠵᠢᠶᠡᠨ᠎ᠦ ᠴᠠᠭ᠎ᠢᠶᠠᠨ ᠣᠷᠤᠨ ᠳᠡᠭᠡᠷ᠎ᠡ᠎ᠪᠡᠨ ᠬᠡᠪᠲᠡᠨ ᠨᠣᠮ ᠤᠩᠱᠢᠬᠤ ᠪᠤᠶᠤ ᠭᠠᠳᠠᠭᠱᠢ ᠭᠠᠷᠴᠤ ᠵᠢᠭᠤᠯᠴᠢᠯᠠᠬᠤ ᠪᠣᠯᠤᠨ᠎ᠠ》 ᠭᠡᠵᠦ ᠢᠦᠢ ᠮᠢᠨ ᠬᠤᠩ ᠲᠤᠰ ᠡᠳᠦᠷ᠎ᠦᠨ ᠶᠠᠷᠢᠶᠠᠨ᠎ᠳᠤ᠎ᠪᠠᠨ ᠳᠤᠷᠠᠳᠴᠤ ᠪᠢᠯᠡ᠃

  ᠣᠯᠠᠨ ᠵᠢᠯ᠎ᠤᠨ ᠨᠣᠮ ᠤᠩᠱᠢᠭᠰᠠᠨ ᠥᠩᠭᠡᠷᠡᠯᠲᠡ᠎ᠨᠢ᠎ᠴᠦ ᠢᠦᠢ ᠮᠢᠨ ᠬᠤᠩ᠎ᠢ ᠥᠰᠦᠳ ᠥᠭᠡᠷ᠎ᠡ ᠥᠷᠲᠡᠭ᠎ᠦᠨ ᠦᠵᠡᠯᠲᠡ᠎ᠲᠡᠢ ᠪᠣᠯᠭᠠᠭᠰᠠᠨ ᠪᠠᠢᠨ᠎ᠠ᠃

   《ᠴᠠᠢᠯᠭᠠᠨ᠂ ᠢᠲᠡᠭᠡᠮᠵᠢᠲᠠᠢ᠂ ᠳᠠᠷᠤᠤ ᠪᠣᠯ ᠮᠢᠨᠤ ᠠᠮᠢᠳᠤᠷᠠᠯ᠎ᠤᠨ ᠶᠠᠪᠤᠴᠠ ᠳᠤᠮᠳᠠ ᠬᠠᠮᠤᠭ᠎ᠤᠨ ᠡᠷᠬᠢᠮᠯᠡᠳᠡᠭ ᠵᠦᠢᠯ᠎ᠶᠤᠮ》 ᠭᠡᠵᠦ ᠢᠦᠢ ᠮᠢᠨ ᠬᠤᠨᠭ ᠶᠠᠷᠢᠵᠤ ᠪᠠᠢᠯ᠎ᠠ᠃

  ᠲᠡᠷᠡ᠎ᠪᠡᠷ ᠰᠠᠢᠨ ᠨᠠᠢᠵᠠ ᠯᠢᠶᠠᠩ ᠱᠢᠶᠤᠤ ᠱᠧᠩ᠎ᠤᠨ ᠬᠡᠯᠡᠭᠰᠡᠨ 《ᠳᠣᠲᠤᠷ᠎ᠠ᠎ᠨᠢ ᠬᠠᠳᠠᠩᠱᠢᠭᠰᠠᠨ ᠪᠤᠯᠪᠠᠰᠤᠷᠠᠯ᠂ ᠰᠠᠨᠠᠭᠤᠯᠬᠤ ᠴᠢᠬᠤᠯᠠ᠎ᠦᠭᠡᠢ ᠤᠬᠠᠮᠰᠠᠷ᠂ ᠬᠢᠵᠠᠭᠠᠷᠯᠠᠯ᠎ᠢᠶᠠᠷ ᠤᠷᠢᠳᠠᠯ ᠪᠣᠯᠭᠠᠭᠰᠠᠨ ᠡᠷᠬᠡ ᠴᠢᠯᠦᠭᠡ᠂ ᠪᠤᠰᠤᠳ᠎ᠤᠨ ᠲᠥᠯᠦᠭᠡ ᠪᠣᠳᠤᠳᠠᠭ ᠴᠠᠢᠯᠭᠠᠨ ᠰᠡᠳᠭᠢᠯ》 ᠭᠡᠰᠡᠨ᠎ᠢ ᠡᠱᠢ ᠲᠠᠲᠠᠨ 《ᠡᠨᠡ ᠪᠣᠯ ᠳᠠᠷᠤᠢ ᠮᠢᠨᠤ ᠢᠮᠠᠭᠲᠠ ᠬᠥᠭᠡᠭᠡᠴᠡᠯᠳᠦᠭᠰᠡᠭᠡᠷ ᠢᠷᠡᠭᠰᠡᠨ ᠬᠦᠮᠦᠨ ᠪᠣᠯᠬᠤ ᠵᠣᠷᠢᠯᠲᠠ ᠪᠣᠯᠤᠨ᠎ᠠ》 ᠭᠡᠵᠡᠢ᠃

  ᠳᠤᠷᠠᠳᠤᠭᠤᠱᠢᠲᠠᠢ᠎ᠨᠢ ᠢᠦᠢ ᠮᠢᠨ ᠬᠤᠩ ᠪᠣᠯ ᠪᠠᠰᠠ᠎ᠴᠤ ᠣᠳᠤᠬᠠᠨ᠎ᠤ ᠳᠤᠮᠳᠠᠳᠤ ᠤᠯᠤᠰ᠎ᠤᠨ ᠦᠢ ᠲᠦᠮᠡᠨ ᠵᠠᠯᠠᠭᠤᠴᠤᠳ ᠪᠠᠭᠠᠴᠤᠳ᠎ᠤᠨ 《ᠵᠣᠷᠢᠭᠲᠠᠨ ᠠᠬ᠎ᠠ》 ᠪᠣᠯᠤᠨ᠎ᠠ᠃

  2013 ᠣᠨ᠎ᠤ 5 ᠰᠠᠷ᠎ᠠ᠎ᠶᠢᠨ 17᠎ᠳᠤ᠂ ᠴᠧᠨ ᠺᠧ ᠱᠢᠨ᠎ᠦ ᠤᠳᠤᠷᠢᠳᠤᠭᠠᠭᠰᠠᠨ ᠵᠠᠯᠠᠭᠤᠴᠤᠳ᠎ᠤᠨ ᠵᠣᠷᠢᠭᠯᠠᠯ ᠵᠥᠴᠦᠭᠡ 《ᠳᠤᠮᠳᠠᠳᠤ ᠤᠯᠤᠰ᠎ᠤᠨ ᠬᠣᠷᠱᠢᠭᠴᠢ》᠎ᠨᠢ ᠦᠵᠡᠭᠴᠢᠳ᠎ᠲᠡᠢ ᠨᠢᠭᠤᠷ ᠵᠣᠯᠭᠠᠵᠠᠢ᠂ ᠲᠤᠰ ᠺᠢᠨᠤ ᠪᠣᠯ ᠱᠢᠨ ᠳ᠋ᠦᠩ ᠹᠠᠩ᠎ᠤᠨ ᠠᠲᠠᠯ ᠪᠣᠰᠭᠠᠭᠰᠠᠨ ᠦᠯᠢᠭᠡᠷ᠎ᠢᠶᠡᠷ ᠭᠣᠤᠯ ᠱᠢᠵᠢᠮ ᠪᠣᠯᠭᠠᠵᠤ᠂ ᠢᠦᠢ ᠮᠢᠨ ᠬᠤᠩ ᠪᠠ ᠱᠢᠦᠢ ᠱᠢᠶᠤᠤ ᠫᠢᠩ᠂ ᠸᠠᠩ ᠴᠢᠶᠠᠩ ᠭᠤᠷᠪᠠᠨ ᠬᠦᠮᠦᠨ᠎ᠦ ᠱᠢᠨ ᠳ᠋ᠦᠩ ᠹᠠᠩ᠎ᠳᠤ᠎ᠪᠠᠨ ᠬᠠᠮᠲᠤ᠎ᠪᠠᠷ ᠮᠡᠷᠡᠢᠨ ᠴᠢᠷᠮᠠᠢᠭᠰᠠᠨ ᠪᠠ ᠠᠬ᠎ᠠ ᠳᠡᠭᠦᠦ᠎ᠶᠢᠨ ᠬᠠᠢᠷ᠎ᠠ ᠰᠡᠳᠭᠢᠯᠭᠡ ᠵᠡᠷᠭᠡ᠎ᠪᠡᠷ ᠪᠣᠷᠤ ᠮᠠᠲᠧᠷᠢᠶᠠᠯ ᠪᠣᠯᠭᠠᠨ ᠵᠣᠬᠢᠶᠠᠭᠰᠠᠨ ᠪᠠᠢᠨ᠎ᠠ᠃

   《ᠵᠥᠴᠦᠭᠡ᠎ᠳᠡᠬᠢ ᠱᠢᠨ ᠳ᠋ᠦᠩ ᠹᠠᠩ᠎ᠤᠨ ᠬᠠᠲᠠᠭᠤᠵᠢᠯᠲᠠᠢ᠎ᠪᠠᠷ ᠠᠲᠠᠯ ᠪᠣᠰᠭᠠᠭᠰᠠᠨ ᠥᠩᠭᠡᠷᠡᠯᠲᠡ᠎ᠨᠢ ᠦᠨᠳᠦᠰᠦᠨ᠎ᠳᠤ᠎ᠪᠠᠨ ᠴᠥᠮ ᠪᠤᠳᠠᠲᠠᠢ ᠵᠦᠢᠯ᠂ ᠪᠢ ᠬᠣᠶᠠᠷ ᠬᠠᠮᠲᠤᠷᠠᠭᠴᠢ᠎ᠶᠢᠨ᠎ᠵᠢᠨᠨ ᠣᠷᠤᠯᠴᠠᠯᠭ᠎ᠠ᠎ᠳᠤ ᠲᠤᠢᠯ᠎ᠢᠶᠠᠷ ᠲᠠᠯᠠᠷᠬᠠᠨ᠎ᠠ᠂ ᠭᠡᠪᠡᠴᠦ ᠪᠤᠳᠠᠲᠤ ᠠᠮᠢᠳᠤᠷᠠᠯ ᠳᠤᠮᠳᠠᠬᠢ ᠪᠢ᠎ᠴᠢᠨᠢ ᠵᠥᠴᠦᠭᠡ᠎ᠳᠡᠬᠢ᠎ᠡᠴᠡ᠎ᠪᠡᠨ ᠨᠡᠩ᠎ᠯᠡ ᠭᠢᠯᠠᠷᠠᠮ᠎ᠠ᠎ᠶᠤᠮ᠎ᠳᠡ》 ᠭᠡᠵᠦ ᠬᠡᠯᠡᠮᠡᠭᠴᠡ᠎ᠪᠡᠨ ᠢᠦᠢ ᠮᠢᠨ ᠬᠤᠨᠭ ᠬᠠᠳᠠᠭᠠᠨᠠᠳᠠᠯ᠎ᠠ ᠢᠨᠢᠶᠡᠪᠡ᠃

  ᠨᠠᠢᠷᠠᠭᠤᠯᠤᠭᠴᠢ/ ᠰᠤᠷᠪᠤᠯᠵᠢᠯᠠᠭᠴᠢ᠄ ᠭᠣᠷᠤᠬ᠎ᠠ   ᠼᠤᠤ ᠴᠢᠶᠠᠨ

  ᠣᠷᠴᠢᠭᠤᠯᠤᠭᠴᠢ᠄ ᠪᠣᠯᠤᠳ

  ᠳᠤᠮᠳᠠᠳᠤ ᠤᠯᠤᠰ᠎ᠤᠨ ᠰᠣᠨᠢᠨ ᠮᠡᠳᠡᠭᠡ ᠨᠧᠲ᠎ᠠᠴᠠ ᠣᠷᠴᠢᠭᠤᠯᠤᠨ ᠨᠡᠢᠳᠡᠯᠡᠪᠡ

 

 

 

(ᠬᠠᠷᠢᠭᠤᠴᠠᠭᠰᠠᠨ ᠨᠠᠢᠷᠠᠭᠤᠯᠤᠭᠴᠢ : ᠤᠷᠢᠬᠠᠨ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604