《ᠬᠠᠮᠤᠭ᠎ᠤᠨ ᠰᠡᠭᠦᠯᠴᠢ᠎ᠶᠢᠨ ᠲᠡᠮᠡᠭᠡᠨ ᠲᠣᠰᠭᠤᠨ᠎ᠳᠤ ᠤᠷᠤᠭᠰᠠᠨ᠎ᠨᠢ》 ᠭᠡᠬᠦ ᠨᠣᠮ᠎ᠨᠢ ᠰᠣᠶᠤᠯ᠎ᠢ ᠤᠯᠠᠮᠵᠢᠯᠠᠨ ᠲᠡᠦᠬᠡ᠎ᠶᠢ ᠲᠡᠮᠳᠡᠭᠯᠡᠪᠡ
2019.10.28

  10 ᠰᠠᠷ᠎ᠠ᠎ᠶᠢᠨ 27᠎ᠦ ᠦᠳᠡ᠎ᠶᠢᠨ ᠬᠣᠢᠨ᠎ᠠ᠂ 《ᠠᠯᠤᠰ᠎ᠤᠨ ᠬᠦᠰᠡᠯᠡᠩ ᠨᠣᠮ ᠤᠩᠱᠢᠯᠭ᠎ᠠ᠎ᠶᠢᠨ ᠴᠤᠭᠯᠠᠭᠠᠨ》 - ᠯᠢ ᠶᠢᠩ ᠲᠤᠤ᠎ᠶᠢᠨ 《ᠬᠠᠮᠤᠭ᠎ᠤᠨ ᠰᠡᠭᠦᠯᠴᠢ᠎ᠶᠢᠨ ᠲᠡᠮᠡᠭᠡᠨ ᠲᠣᠰᠭᠤᠨ᠎ᠳᠤ ᠣᠷᠤᠭᠰᠠᠨ᠎ᠨᠢ》 ᠭᠡᠬᠦ ᠨᠣᠮ ᠤᠩᠱᠢᠭᠴᠢᠳ᠎ᠯᠤᠭ᠎ᠠ ᠵᠣᠯᠭᠠᠯᠴᠠᠬᠤ ᠬᠤᠷᠠᠯ ᠥᠪᠦᠷ ᠮᠣᠩᠭᠤᠯ᠎ᠤᠨ ᠱᠢᠨᠬᠤᠧᠠ ᠨᠣᠮ᠎ᠤᠨ ᠲᠡᠯᠭᠡᠭᠦᠷ᠎ᠦᠨ ᠨᠣᠮ᠎ᠤᠨ ᠲᠣᠮᠤ ᠠᠰᠠᠷ᠎ᠲᠤ ᠶᠠᠪᠤᠭᠳᠠᠪᠠ᠃ ᠡᠨᠡ ᠤᠳᠠᠭᠠᠨ᠎ᠤ ᠠᠵᠢᠯᠯᠠᠭ᠎ᠠ᠎ᠶᠢ ᠥᠪᠦᠷ ᠮᠣᠩᠭᠤᠯ᠎ᠤᠨ ᠱᠢᠨᠬᠤᠧᠠ ᠨᠣᠮ᠎ᠤᠨ ᠲᠡᠯᠭᠡᠭᠦᠷ᠂ ᠠᠯᠤᠰ᠎ᠤᠨ᠎ᠪᠠᠷ᠎ᠠ ᠬᠡᠪᠯᠡᠯ᠎ᠦᠨ ᠬᠣᠷᠢᠶ᠎ᠠ᠂ ᠬᠦᠬᠡᠬᠤᠲᠠ᠎ᠶᠢᠨ ᠵᠣᠬᠢᠶᠠᠯᠴᠢᠳ᠎ᠤᠨ ᠡᠪᠯᠡᠯ᠎ᠡᠴᠡ ᠬᠠᠮᠲᠤ᠎ᠪᠠᠷ ᠭᠣᠣᠯᠯᠠᠨ ᠡᠷᠬᠢᠯᠡᠪᠡ᠃ ᠠᠯᠳᠠᠷᠲᠤ ᠵᠣᠬᠢᠶᠠᠯᠴᠢ ᠳ᠋ᠧᠩ ᠵᠢᠦ ᠭᠠᠩ᠂ ᠠᠯᠳᠠᠷᠲᠤ ᠱᠢᠭᠦᠮᠵᠢᠯᠡᠭᠴᠢ ᠯᠢ ᠶᠤᠧᠠᠢ᠂ ᠥᠪᠦᠷ ᠮᠣᠩᠭᠤᠯ᠎ᠤᠨ ᠵᠣᠬᠢᠶᠠᠯᠴᠢᠳ᠎ᠤᠨ ᠨᠡᠢᠭᠡᠮᠯᠢᠭ᠎ᠦᠨ ᠳᠡᠳ᠋ ᠲᠡᠷᠢᠭᠦᠯᠡᠭᠴᠢ ᠴᠢᠩ ᠱᠧᠩ᠂ ᠬᠠᠢ ᠳ᠋ᠸ ᠼᠠᠢ᠂ ᠵᠠᠩ ᠺᠠᠢ᠂ ᠴᠡᠯᠡᠭᠡᠷ᠂ ᠬᠦᠬᠡᠬᠤᠲᠠ᠎ᠶᠢᠨ ᠤᠳᠬ᠎ᠠ ᠤᠷᠠᠯᠢᠭ᠎ᠤᠨ ᠬᠣᠯᠪᠤᠭᠠᠨ᠎ᠤ ᠨᠠᠮ᠎ᠤᠨ ᠳᠤᠭᠤᠢᠯᠠᠩ᠎ᠤᠨ ᠱᠦᠵᠢ ᠭᠦᠧᠤ ᠯᠢᠨ ᠭᠦᠢ᠂ ᠬᠦᠬᠡᠬᠤᠲᠠ᠎ᠶᠢᠨ ᠵᠣᠬᠢᠶᠠᠯᠴᠢᠳ᠎ᠤᠨ ᠨᠡᠢᠭᠡᠮᠯᠢᠭ᠎ᠦᠨ ᠨᠠᠷᠢᠨ ᠪᠢᠴᠢᠭ᠎ᠦᠨ ᠲᠠᠷᠤᠭ᠎ᠠ ᠸᠧᠢ ᠠᠢ ᠫᠢᠩ᠂ ᠨᠣᠮ᠎ᠤᠨ ᠲᠣᠮᠤ ᠠᠰᠠᠷ᠎ᠤᠨ  ᠳᠡᠳ᠋ ᠶᠡᠷᠦᠩᠬᠡᠢ ᠲᠠᠭᠠᠭᠠᠮᠠᠯ ᠯᠢᠦ ᠱᠢᠨ᠂ ᠶᠢᠩ ᠴᠦᠨ᠂ ᠠᠯᠤᠰ᠎ᠤᠨ᠎ᠪᠠᠷ᠎ᠠ ᠬᠡᠪᠯᠡᠯ᠎ᠦᠨ ᠬᠣᠷᠢᠶᠠᠨ᠎ᠤ ᠳᠡᠳ᠋ ᠲᠠᠷᠤᠭ᠎ᠠ ᠶᠠᠩ ᠮᠢᠨ᠂ ᠥᠪᠦᠷ ᠮᠣᠩᠭᠤᠯ᠎ᠤᠨ ᠶᠡᠬᠡ ᠰᠤᠷᠭᠠᠭᠤᠯᠢ᠎ᠶᠢᠨ ᠤᠳᠬ᠎ᠠ ᠵᠣᠬᠢᠶᠠᠯ ᠪᠠ ᠰᠣᠨᠢᠨ ᠮᠡᠳᠡᠭᠡᠨ᠎ᠦ ᠲᠠᠮᠵᠢᠭᠤᠯᠭ᠎ᠠ᠎ᠶᠢᠨ ᠲᠡᠭᠡᠳᠦ ᠰᠤᠷᠭᠠᠭᠤᠯᠢ᠎ᠶᠢᠨ ᠯᠸᠺᠲ᠋ᠤᠷ᠂ ᠳ᠋ᠤᠺᠲ᠋ᠤᠷ ᠶᠠᠨ ᠳ᠋ᠦᠩ ᠤᠷᠢᠯᠭ᠎ᠠ᠎ᠪᠠᠷ ᠣᠷᠤᠯᠴᠠᠵᠤ᠂ ᠬᠦᠬᠡᠬᠤᠲᠠ᠎ᠶᠢᠨ ᠤᠳᠬ᠎ᠠ ᠤᠷᠠᠯᠢᠭ᠎ᠤᠨ ᠬᠢᠨ᠎ᠦ ᠬᠣᠯᠪᠤᠭᠠᠨ᠎ᠤ ᠳᠡᠳ᠋ ᠲᠡᠷᠢᠭᠦᠯᠡᠭᠴᠢ ᠲᠢᠶᠠᠨ ᠮᠢᠩ ᠲᠣᠬᠠᠢ᠎ᠶᠢᠨ ᠲᠠᠯᠠᠪᠠᠢ᠎ᠳᠤ ᠠᠵᠢᠯᠯᠠᠭ᠎ᠠ᠎ᠶᠢ ᠬᠥᠲᠦᠯᠪᠡ᠃

  ᠠᠵᠢᠯᠯᠠᠭᠠᠨ ᠳᠤᠮᠳᠠ ᠡᠷᠬᠢᠮ ᠵᠣᠴᠢᠳ ᠠᠭᠤᠵᠢᠷᠠᠲᠠᠯ᠎ᠠ ᠶᠠᠷᠢᠯᠴᠠᠨ᠂ ᠲᠡᠦᠬᠡ᠂ ᠤᠳᠬ᠎ᠠ ᠵᠣᠬᠢᠶᠠᠯ᠎ᠤᠨ ᠵᠣᠬᠢᠶᠠᠨ ᠪᠦᠲᠦᠭᠡᠯᠭᠡ᠂ ᠬᠡᠪᠯᠡᠯ᠂ ᠭᠦᠨ ᠤᠬᠠᠭᠠᠨ ᠵᠡᠷᠭᠡ ᠣᠯᠠᠨ ᠬᠠᠷᠠᠭᠠᠰᠤ᠎ᠠᠴᠠ ᠯᠢ ᠶᠢᠩ ᠲᠤᠤ᠎ᠶᠢᠨ 《ᠬᠠᠮᠤᠭ᠎ᠤᠨ ᠰᠡᠭᠦᠯᠴᠢ᠎ᠶᠢᠨ ᠲᠡᠮᠡᠭᠡᠨ ᠲᠣᠰᠭᠤᠨ᠎ᠳᠤ ᠣᠷᠤᠭᠰᠠᠨ᠎ᠨᠢ》 ᠭᠡᠬᠦ ᠨᠣᠮ᠎ᠳᠤ ᠨᠠᠷᠢᠨ ᠲᠠᠢᠯᠤᠮᠵᠢ ᠬᠢᠵᠡᠢ᠃ ᠴᠥᠭᠡᠨ ᠪᠤᠰᠤ ᠵᠠᠯᠠᠭᠤ ᠤᠩᠱᠢᠭᠴᠢᠳ ᠰᠡᠳᠬᠢᠯ ᠲᠠᠯᠪᠢᠨ ᠰᠣᠨᠤᠰᠴᠤ ᠵᠣᠬᠢᠶᠠᠭᠴᠢ᠎ᠲᠠᠢ ᠰᠠᠨᠠᠯ ᠰᠣᠯᠢᠯᠴᠠᠵᠤ᠂ ᠯᠢ ᠶᠢᠩ ᠲᠤᠤ ᠪᠠᠭᠱᠢ ᠲᠡᠳᠡᠨ᠎ᠦ ᠠᠰᠠᠭᠤᠯᠲᠠ᠎ᠶᠢ ᠬᠦᠯᠢᠴᠡᠩᠭᠦᠢ ᠬᠠᠷᠢᠭᠤᠯᠤᠨ ᠳᠣᠲᠤᠨᠤ᠎ᠪᠠᠷ ᠶᠠᠷᠢᠯᠴᠠᠨ ᠠᠬᠤᠢ ᠲᠠᠯᠠᠪᠠᠢ᠎ᠶᠢᠨ ᠠᠭᠤᠷ ᠠᠮᠢᠰᠭᠤᠯ ᠬᠥᠷ ᠬᠥᠭᠵᠢᠶᠡᠨ᠎ᠢᠶᠠᠷ ᠪᠢᠯᠬᠠᠵᠤ ᠰᠣᠶᠤᠯ᠎ᠤᠨ ᠦᠨᠦᠷ ᠠᠮᠲᠠ᠎ᠨᠢ ᠮᠠᠱᠢ ᠥᠳᠬᠡᠨ ᠪᠠᠢᠯ᠎ᠠ᠃ ᠬᠤᠷᠠᠯ᠎ᠳᠤ ᠣᠷᠤᠯᠴᠠᠭᠰᠠᠨ ᠵᠣᠴᠢᠳ 《ᠬᠠᠮᠤᠭ᠎ᠤᠨ ᠰᠡᠭᠦᠯᠴᠢ᠎ᠶᠢᠨ ᠲᠡᠮᠡᠭᠡᠨ ᠲᠣᠰᠭᠤᠨ᠎ᠳᠤ ᠣᠷᠤᠭᠰᠠᠨ᠎ᠨᠢ》 ᠭᠡᠬᠦ ᠨᠣᠮ᠎ᠨᠢ ᠬᠦᠬᠡᠬᠤᠲᠠ᠎ᠶᠢᠨ ᠰᠣᠶᠤᠯ᠎ᠤᠨ ᠦᠨᠳᠦᠰᠦ᠎ᠶᠢ ᠠᠭᠤᠳᠠᠯᠤᠨ ᠲᠡᠮᠳᠡᠭᠯᠡᠬᠦ ᠲᠠᠯ᠎ᠠ᠎ᠪᠠᠷ ᠪᠦᠲᠦᠮᠵᠢᠲᠡᠢ ᠬᠠᠢᠨ ᠰᠦᠪᠡᠭᠴᠢᠯᠡᠯᠲᠡ ᠬᠢᠬᠦ ᠬᠤᠪᠢ ᠨᠡᠮᠡᠷᠢ ᠦᠵᠡᠭᠦᠯᠦᠭᠰᠡᠨ ᠪᠣᠯᠬᠤᠷ ᠨᠡᠢᠭᠡᠮ᠎ᠦᠨ ᠡᠯ᠎ᠡ ᠡᠲᠡᠭᠡᠳ᠎ᠦᠨ ᠠᠩᠬᠠᠷᠤᠯ᠎ᠢ ᠲᠠᠲᠠᠨ ᠴᠢᠬᠤᠯᠠᠴᠢᠯᠠᠬᠤ᠎ᠶᠢ ᠬᠦᠰᠡᠵᠦ ᠪᠤᠢ ᠬᠡᠮᠡᠨ ᠰᠠᠨᠠᠯ ᠨᠢᠭᠡᠲᠡᠢ ᠦᠵᠡᠵᠡᠭᠡᠪᠡ᠃  

   《ᠬᠠᠮᠤᠭ᠎ᠤᠨ ᠰᠡᠭᠦᠯᠴᠢ᠎ᠶᠢᠨ ᠲᠡᠮᠡᠭᠡᠨ ᠲᠣᠰᠭᠤᠨ᠎ᠳᠤ ᠣᠷᠤᠭᠰᠠᠨ᠎ᠨᠢ》 ᠭᠡᠬᠦ ᠨᠣᠮ᠎ᠳᠤ᠂ ᠯᠢ ᠶᠢᠩ ᠲᠣᠤ᠎ᠶᠢᠨ ᠪᠢᠷ᠎ᠦᠨ ᠦᠵᠦᠭᠦᠷ 《ᠲᠡᠮᠡᠭᠡᠨ ᠠᠶᠠᠨ᠎ᠤ ᠡᠬᠢᠯᠡᠯᠲᠡ᠎ᠶᠢᠨ ᠴᠡᠭ ᠪᠣᠯᠬᠤ ᠲᠠᠪᠠᠭᠠᠨ ᠠᠮᠠ ᠲᠣᠰᠭᠤᠨ》᠎ᠡᠴᠡ 《ᠴᠠᠢ᠎ᠶᠢᠨ ᠵᠠᠮ᠎ᠤᠨ ᠨᠢᠭᠡᠳᠦᠭᠡᠷ ᠲᠣᠰᠭᠤᠨ᠎ᠤ ᠮᠠᠢᠬᠠᠨ ᠪᠠᠢᠱᠢᠩ》 ᠬᠦᠷᠲᠡᠯ᠎ᠡ; 《ᠲᠡᠮᠡᠭᠡ ᠲᠡᠵᠢᠭᠡᠳᠡᠭ ᠲᠣᠮᠤ ᠲᠣᠰᠭᠤᠨ ᠴᠠᠭᠠᠨ ᠪᠠᠢᠱᠢᠩ》᠎ᠡᠴᠡ 《ᠲᠠᠪᠤᠨ ᠵᠠᠮᠲᠤ ᠲᠣᠰᠭᠤᠨ᠎ᠤ ᠲᠡᠮᠡᠭᠡ ᠲᠡᠵᠢᠭᠡᠳᠡᠭ ᠲᠣᠮᠤ ᠡᠷᠦᠬᠡ》 ᠬᠦᠷᠲᠡᠯ᠎ᠡ᠁ ᠪᠢᠴᠢᠭᠰᠡᠨ᠎ᠨᠢ ᠬᠠᠷᠠᠭ᠎ᠠ᠎ᠪᠠᠷ ᠥᠷᠭᠡᠨ ᠲᠡᠯᠭᠡᠷ᠂ ᠠᠭᠤᠯᠭ᠎ᠠ᠎ᠪᠠᠷ ᠡᠯᠪᠡᠭ ᠪᠠᠶᠠᠯᠢᠭ᠃ ᠯᠢ ᠶᠢᠩ ᠲᠣᠤ ᠪᠠᠰᠠ ᠹᠦ ᠱᠢᠩ ᠶᠢᠩ᠎ᠦᠨ ᠲᠡᠮᠡᠭᠡᠴᠢᠨ ᠠᠬᠠᠮᠠᠳ ᠬᠤᠪᠢᠰᠭᠠᠯᠴᠢ ᠤᠯᠠᠭᠠᠨᠬᠦᠦ᠎ᠶᠢ ᠠᠶᠤᠯ᠎ᠠᠴᠠ ᠬᠠᠮᠠᠭᠠᠯᠠᠨ ᠮᠤᠯᠲᠤᠷᠠᠭᠤᠯᠤᠭᠰᠠᠨ ᠦᠯᠢᠭᠡᠷ ᠵᠢᠴᠢ 《ᠲᠡᠮᠡᠭᠡᠨ ᠠᠶᠠᠨ᠎ᠳᠤ ᠶᠠᠪᠤᠭ᠎ᠠ ᠺᠸ ᠵᠢᠩ ᠭᠦᠩᠵᠦ》᠂ 《ᠼᠢ ᠰᠢ ᠲᠠᠢᠬᠡᠦ ᠭᠦᠢ ᠬᠤᠧᠠ᠎ᠶᠢᠨ ᠵᠢᠷᠭᠤᠭᠠᠨ ᠥᠨᠴᠦᠭᠲᠦ ᠴᠠᠴᠠᠷ᠎ᠲᠤ ᠵᠡᠭᠦᠳᠦ᠎ᠪᠡᠷ᠎ᠢᠶᠡᠨ ᠪᠤᠴᠠᠭᠰᠠᠨ᠎ᠨᠢ》᠂ 《ᠺᠧᠮᠠ·ᠫᠣᠯᠤ᠎ᠶᠢᠨ ᠨᠢᠳᠦᠨ᠎ᠳᠠᠬᠢ ᠹᠧᠩᠵᠧᠦ᠎ᠶᠢᠨ ᠡᠷᠲᠡᠨ᠎ᠤ ᠬᠣᠲᠠ》᠂   《ᠪᠠᠭ᠎ᠠ ᠪᠠᠢᠱᠢᠩ᠎ᠠᠴᠠ᠎ᠪᠠᠨ ᠭᠦᠢ ᠬᠤᠧᠠ ᠬᠣᠲᠠ᠎ᠲᠠᠢ ᠪᠣᠯᠵᠠᠢ》᠂ 《ᠱᠢ ᠷᠧᠨ ᠸᠠᠨ ᠪᠤᠯᠤᠩ᠎ᠢ ᠬᠣᠶᠠᠷ ᠤᠳᠠᠭ᠎ᠠ ᠰᠤᠷᠪᠤᠯᠵᠢᠯᠠᠭᠰᠠᠨ ᠣᠷᠤᠰ᠎ᠤᠨ ᠡᠷᠳᠡᠮᠲᠡᠨ》᠂ 《ᠲᠡᠮᠡᠭᠡᠨ ᠵᠢᠩ᠎ᠦᠨ ᠵᠠᠮ᠎ᠢᠶᠠᠷ ᠱᠢᠨᠵᠢᠶᠠᠩ᠎ᠤᠨ ᠥᠬᠢᠨ᠎ᠢ ᠪᠠᠭᠤᠯᠭᠠᠵᠤ ᠠᠪᠤᠭᠰᠠᠨ᠎ᠨᠢ》᠂   《ᠲᠡᠮᠡᠭᠡᠨ ᠨᠢᠷᠤᠭᠤᠨ ᠲᠡᠭᠡᠷ᠎ᠡ ᠵᠠᠢᠳᠠᠯᠠᠭᠰᠠᠨ ᠪᠠᠭ᠎ᠠ ᠨᠠᠰᠤ》᠁ ᠵᠡᠷᠭᠡ᠎ᠶᠢ ᠲᠠᠲᠠᠵᠤ ᠪᠢᠴᠢᠵᠡᠢ᠃  

   《ᠬᠠᠮᠤᠭ᠎ᠤᠨ ᠰᠡᠭᠦᠯᠴᠢ᠎ᠶᠢᠨ ᠲᠡᠮᠡᠭᠡᠨ ᠲᠣᠰᠭᠤᠨ᠎ᠳᠤ ᠣᠷᠤᠭᠰᠠᠨ᠎ᠨᠢ》 ᠭᠡᠬᠦ ᠨᠣᠮ᠎ᠢ ᠤᠩᠱᠢᠬᠤ᠎ᠪᠠᠷ ᠲᠠᠮᠵᠢᠨ᠂ ᠤᠩᠱᠢᠭᠴᠢᠳ ᠭᠣᠢᠳᠠ ᠰᠠᠢᠬᠠᠨ ᠦᠯᠢᠭᠡᠷ᠎ᠤᠳ᠎ᠢ ᠰᠣᠨᠢᠷᠬᠠᠭᠰᠠᠨ᠎ᠢᠶᠡᠷ ᠪᠠᠷᠠᠬᠤ᠎ᠦᠭᠡᠢ ᠨᠡᠩ ᠤᠯᠠᠨ ᠬᠦᠬᠡᠬᠤᠲᠠ᠎ᠶᠢᠨ ᠳᠤᠬᠠᠢ ᠲᠡᠦᠬᠡ ᠰᠣᠶᠤᠯ᠎ᠤᠨ ᠴᠢᠬᠤᠯᠠ ᠮᠡᠳᠡᠭᠡ ᠵᠠᠩᠭᠢ᠎ᠶᠢ ᠣᠯᠵᠠᠯᠠᠪᠠ᠃ ᠬᠦᠬᠡᠬᠤᠲᠠ᠎ᠨᠢ ᠭᠤᠷᠪᠠᠨ ᠵᠠᠭᠤ ᠭᠠᠷᠤᠢ ᠵᠢᠯ ᠬᠥᠭᠵᠢᠨ ᠪᠠᠳᠠᠷᠠᠭᠰᠠᠨ ᠬᠤᠳᠠᠯᠳᠤᠭᠠᠨ᠎ᠤ ᠬᠣᠲᠠ ᠪᠣᠯᠤᠭᠰᠠᠨ᠎ᠤ ᠬᠤᠪᠢ᠎ᠳᠤ ᠲᠡᠮᠡᠭᠡᠨ ᠲᠣᠰᠭᠤᠨ᠂ ᠲᠡᠮᠡᠭᠡᠴᠢᠨ᠂ ᠲᠡᠮᠡᠭᠡᠨ ᠵᠢᠩ᠎ᠦᠨ ᠵᠠᠮ᠎ᠢᠶᠠᠷ ᠪᠦᠷᠢᠯᠳᠦᠭᠰᠡᠨ ᠡᠨᠡ᠎ᠬᠦ ᠪᠡᠷᠬᠡ ᠬᠠᠲᠠᠭᠤᠵᠢᠯᠲᠠᠢ ᠭᠠᠷᠮᠠᠭᠠᠢ ᠲᠡᠦᠬᠡ᠎ᠡᠴᠡ ᠰᠠᠯᠵᠤ ᠪᠣᠯᠤᠱᠢ᠎ᠦᠭᠡᠢ᠃ ᠵᠠᠭᠤ ᠭᠠᠷᠤᠢ ᠲᠡᠮᠡᠭᠡᠨ ᠲᠣᠰᠭᠤᠨ ᠪᠠ ᠲᠦᠮᠡ ᠭᠠᠷᠤᠢ ᠲᠡᠮᠡᠭᠡᠴᠢᠨ ᠡᠷ᠎ᠡ ᠬᠦᠬᠡᠬᠤᠲᠠ᠎ᠶᠢᠨ ᠣᠯᠠᠨ᠎ᠤ ᠠᠩᠬᠠᠷᠠᠯ᠎ᠢ ᠲᠠᠲᠠᠭᠰᠠᠨ ᠬᠤᠳᠠᠯᠳᠤᠭᠠᠨ᠎ᠤ ᠠᠮᠵᠢᠯᠲᠠ᠎ᠶᠢ ᠣᠯᠭᠤᠵᠠᠢ ᠬᠡᠮᠡᠨ ᠶᠠᠷᠢᠬᠤ᠎ᠳᠤ ᠬᠡᠲᠦᠷᠡᠬᠦ᠎ᠦᠭᠡᠢ᠎ᠶᠤᠮ᠃ ᠡᠨᠡ᠎ᠬᠦ ᠯᠤᠲᠤ ᠶᠡᠬᠡ ᠬᠤᠳᠠᠯᠳᠤᠭᠠᠨ᠎ᠤ ᠦᠢᠯᠡᠰ᠎ᠢ ᠲᠤᠯᠭᠠᠭᠤᠷᠯᠠᠭᠰᠠᠨ᠎ᠨᠢ ᠲᠡᠮᠡᠭᠡᠨ ᠵᠠᠩ᠎ᠤᠨ ᠵᠠᠮ ᠲᠡᠭᠡᠷ᠎ᠡ ᠬᠦᠴᠢᠷ ᠪᠡᠷᠬᠡᠱᠢᠶᠡᠯ᠎ᠢ ᠠᠯᠬᠤᠮ ᠠᠯᠬᠤᠮ᠎ᠢᠶᠠᠷ ᠳᠠᠪᠠᠭᠰᠠᠨ ᠲᠡᠮᠡᠭᠡᠴᠢᠨ ᠡᠷ᠎ᠡ ᠮᠦᠨ᠂ ᠮᠥᠨ᠎ᠴᠤ ᠲᠦᠭ ᠲᠦᠮᠡᠨ ᠲᠡᠮᠡᠭᠡᠴᠢᠨ ᠡᠷ᠎ᠡ ᠠᠮᠢ ᠭᠣᠤᠯ᠎ᠢᠶᠠᠷ᠎ᠢᠶᠠᠨ ᠡᠨᠡ᠎ᠬᠦ ᠠᠤᠭ᠎ᠠ ᠰᠦᠷᠯᠢᠭ ᠬᠤᠳᠠᠯᠳᠤᠭᠠᠨ᠎ᠤ ᠳᠣᠮᠤᠭ᠎ᠢ ᠪᠢᠴᠢᠭᠯᠡᠭᠰᠡᠨ ᠭᠡᠵᠦ ᠬᠡᠯᠡᠵᠦ ᠪᠣᠯᠤᠨ᠎ᠠ᠃ ᠵᠣᠬᠢᠶᠠᠭᠴᠢ ᠯᠢ ᠶᠢᠩ ᠲᠣᠤ ᠡᠨᠡ᠎ᠬᠦ ᠲᠡᠤᠬᠡ ᠰᠣᠶᠤᠯ᠎ᠤᠨ ᠮᠡᠳᠡᠭᠡ ᠵᠠᠩᠭᠢ᠎ᠶᠢᠨ ᠴᠢᠬᠤᠯᠠ ᠴᠢᠨᠠᠷ᠎ᠢ ᠲᠣᠲᠤᠷᠬᠠᠢ ᠲᠠᠨᠢᠭᠰᠠᠨ ᠪᠥᠭᠡᠳ ᠥᠪᠡᠷ᠎ᠦᠨ ᠡᠭᠦᠷᠭᠡᠯᠡᠵᠦ ᠪᠠᠢᠭ᠎ᠠ ᠬᠠᠷᠢᠭᠤᠴᠠᠯᠭ᠎ᠠ᠎ᠪᠠᠨ ᠭᠦᠨᠵᠡᠭᠡᠢ ᠲᠠᠨᠢᠵᠠᠢ᠃ ᠶᠠᠭ ᠡᠢᠮᠦᠷᠬᠦᠦ ᠴᠢᠩᠭ᠎ᠠ ᠬᠠᠷᠢᠭᠤᠴᠠᠯᠭᠠᠲᠤ ᠤᠬᠠᠮᠰᠠᠷ᠎ᠲᠠᠢ ᠪᠣᠯᠤᠭᠰᠠᠨ᠎ᠠᠴᠠ ᠲᠡᠷᠡ ᠵᠢᠷᠦᠬᠡᠨ ᠲᠠᠮᠢᠷ᠎ᠢᠶᠠᠨ ᠱᠢᠪᠬᠠᠵᠤ 28 ᠲᠦᠮᠡᠨ ᠦᠰᠦᠭ᠎ᠲᠠᠢ 《ᠡᠴᠦᠰ᠎ᠦᠨ ᠲᠡᠮᠡᠭᠡᠨ ᠲᠣᠰᠭᠤᠨ᠎ᠳᠤ ᠣᠷᠤᠭᠰᠠᠨ᠎ᠨᠢ》 ᠭᠡᠬᠦ ᠪᠦᠲᠦᠭᠡᠯ᠎ᠢ ᠲᠤᠭᠤᠷᠪᠢᠪᠠ᠃  

   《ᠬᠠᠮᠤᠭ᠎ᠤᠨ ᠰᠡᠭᠦᠯᠴᠢ᠎ᠶᠢᠨ ᠲᠡᠮᠡᠭᠡᠨ ᠲᠣᠰᠭᠤᠨ᠎ᠳᠤ ᠣᠷᠤᠭᠰᠠᠨ᠎ᠨᠢ》 ᠭᠡᠬᠦ ᠨᠣᠮ᠎ᠢ ᠵᠣᠬᠢᠶᠠᠨ ᠪᠦᠲᠦᠭᠡᠬᠦ ᠶᠠᠪᠤᠴᠠ᠎ᠳᠦ᠂ ᠠᠩᠬᠠᠨ᠎ᠤ ᠪᠣᠷᠤ ᠮᠠᠲᠧᠷᠢᠶᠠᠯ᠎ᠢᠶᠠᠨ ᠣᠯᠬᠤ᠎ᠶᠢᠨ ᠲᠥᠯᠦᠭᠡ ᠬᠣᠶᠠᠷ ᠵᠢᠯ᠎ᠦᠨ ᠲᠤᠷᠱᠢ ᠯᠢ ᠶᠢᠩ ᠲᠤᠤ ᠪᠠᠷᠤᠭ ᠡᠳᠦᠷ ᠪᠦᠷᠢ ᠬᠦᠬᠡᠬᠤᠲᠠ᠎ᠶᠢᠨ ᠡᠯ᠎ᠡ ᠶᠡᠬᠡ ᠨᠣᠮ᠎ᠤᠨ ᠰᠠᠩ᠎ᠳᠤ ᠬᠦᠷᠴᠦ ᠮᠠᠲᠧᠷᠢᠶᠠᠯ ᠡᠷᠢᠭᠰᠡᠨ ᠪᠦᠭᠡᠳ ᠬᠦᠬᠡᠬᠤᠲᠠ᠎ᠶᠢᠨ ᠡᠯ᠎ᠡ ᠲᠣᠰᠭᠤᠨ᠎ᠳᠤ ᠭᠦᠨᠵᠡᠭᠡᠢᠷᠡᠨ ᠣᠷᠤᠵᠤ ᠲᠡᠮᠡᠭᠡᠴᠢᠨ᠎ᠢ ᠰᠤᠷᠪᠤᠯᠵᠢᠯᠠᠭᠰᠠᠨ᠎ᠶᠤᠮ᠃ ᠠᠮᠢᠳᠤ ᠰᠡᠷᠢᠭᠦᠨ ᠪᠠᠢᠭ᠎ᠠ ᠡᠪᠦᠬᠡᠨ ᠲᠡᠮᠡᠭᠡᠴᠢᠨ᠎ᠢ ᠡᠷᠢᠬᠦ᠎ᠶᠢᠨ ᠲᠥᠯᠦᠭᠡ ᠲᠡᠷᠡ ᠨᠡᠢᠲᠡ᠎ᠶᠢᠨ ᠮᠠᠱᠢᠨ ᠪᠤᠶᠤ ᠲᠦᠷᠢᠶᠡᠰᠦᠨ ᠮᠠᠱᠢᠨ᠎ᠢᠶᠠᠷ ᠭᠤᠷᠪᠠ ᠳᠥᠷᠪᠡᠨ ᠤᠳᠠᠭ᠎ᠠ ᠨᠢᠭᠡ᠎ᠯᠠ ᠲᠤᠰᠭᠤᠨ᠎ᠳᠤ ᠡᠷᠭᠢᠨ ᠪᠤᠴᠠᠵᠤ ᠡᠪᠦᠭᠡᠨ ᠲᠡᠮᠡᠭᠡᠴᠢᠨ᠎ᠢ ᠬᠦᠯᠢᠴᠡᠩᠭᠦᠢ ᠢᠳᠭᠠᠵᠤ ᠰᠤᠷᠪᠤᠯᠵᠢᠯᠠᠭ᠎ᠠ ᠬᠦᠯᠢᠶᠡᠯᠭᠡᠳᠡᠭ᠃ ᠰᠡᠭᠦᠯᠡᠷ᠎ᠨᠢ ᠲᠡᠷᠡ ᠵᠢᠷᠤᠭ ᠦᠰᠦᠭ᠎ᠢ ᠬᠣᠣᠰᠯᠠᠭᠤᠯᠤᠭᠰᠠᠨ ᠬᠡᠯᠪᠡᠷᠢ᠎ᠪᠡᠷ 5 ᠪᠦᠯᠦᠭ 52 ᠲᠦᠮᠡᠨ ᠭᠠᠵᠠᠷ᠎ᠤᠨ ᠴᠠᠢ᠎ᠶᠢᠨ ᠵᠠᠮ᠎ᠳᠡᠬᠢ ᠶᠡᠬᠡ ᠪᠠᠭ᠎ᠠ ᠦᠯᠢᠭᠡᠷ᠎ᠢ ᠠᠮᠢᠳᠤ ᠳᠦᠷᠰᠦᠯᠢᠭ ᠲᠣᠭᠠᠴᠢᠵᠠᠢ᠃ ᠡᠨᠡ᠎ᠬᠦ ᠭᠤᠷᠪᠠᠨ ᠵᠠᠭᠤ ᠭᠠᠷᠤᠢ ᠵᠢᠯ ᠬᠥᠭᠵᠢᠨ ᠪᠠᠳᠠᠷᠠᠭᠰᠠᠨ ᠲᠦᠮᠡᠨ ᠭᠠᠵᠠᠷ᠎ᠤᠨ ᠴᠠᠢ᠎ᠶᠢᠨ ᠵᠠᠮ᠎ᠢ 《ᠬᠠᠮᠤᠭ᠎ᠤᠨ ᠰᠡᠭᠦᠯᠴᠢ᠎ᠶᠢᠨ ᠲᠡᠮᠡᠭᠡᠨ ᠲᠣᠰᠭᠤᠨ᠎ᠳᠤ ᠣᠷᠤᠭᠰᠠᠨ᠎ᠨᠢ》 ᠭᠡᠬᠦ ᠪᠦᠲᠦᠭᠡᠯ᠎ᠢᠶᠡᠷ ᠲᠠᠮᠵᠢᠭᠤᠯᠤᠨ ᠪᠢᠳᠠᠨ᠎ᠤ ᠳᠤᠮᠳᠠᠳᠤ᠎ᠶᠢᠨ ᠬᠦᠰᠡᠯ᠂ 《ᠨᠢᠭᠡ ᠪᠦᠰᠡ ᠨᠢᠭᠡ ᠵᠠᠮ》᠎ᠯᠤᠭ᠎ᠠ ᠣᠷᠭᠠᠨᠢᠭ᠎ᠢᠶᠠᠷ ᠤᠶᠠᠯᠳᠤᠭᠤᠯᠤᠭᠰᠠᠨ ᠪᠠᠢᠯ᠎ᠠ᠃ ᠣᠳᠤᠬᠠᠨ᠎ᠳᠤ᠂ ᠣᠯᠠᠨ ᠤᠯᠤᠰ᠎ᠤᠨ ᠬᠤᠳᠠᠯᠳᠤᠭᠠᠨ᠎ᠤ ᠵᠠᠮ᠎ᠤᠨ ᠲᠦᠮᠡᠨ ᠭᠠᠵᠠᠷ᠎ᠤᠨ ᠴᠠᠢ᠎ᠶᠢᠨ ᠵᠠᠮ ᠤᠯᠠᠮ᠎ᠠᠴᠠ ᠤᠯᠠᠮ ᠴᠢᠬᠤᠯᠠᠴᠢᠯᠠᠭᠳᠠᠬᠤ᠎ᠶᠢ ᠲᠠᠭᠠᠯᠳᠤᠨ ᠲᠦᠮᠡᠨ ᠭᠠᠵᠠᠷ᠎ᠤᠨ ᠴᠠᠢ᠎ᠶᠢᠨ ᠵᠠᠮ᠎ᠤᠨ ᠳᠤᠲᠠᠭᠳᠠᠵᠤ ᠪᠣᠯᠤᠱᠢ᠎ᠦᠭᠡᠢ ᠴᠢᠬᠤᠯᠠ ᠡᠯᠧᠮᠧᠨ᠋ᠲ ᠪᠣᠯᠬᠤ ᠲᠡᠮᠡᠭᠡᠨ ᠵᠢᠩ᠎ᠦᠨ ᠵᠠᠮ᠂ ᠲᠡᠮᠡᠭᠡᠨ ᠲᠣᠰᠭᠤᠨ᠂ ᠲᠡᠮᠡᠭᠡᠴᠢᠨ ᠡᠷ᠎ᠡ᠎ᠨᠢ ᠪᠠᠰᠠ ᠶᠠᠪᠤᠬᠤ ᠲᠤᠰᠤᠮ ᠨᠠᠨᠳᠢᠨ ᠡᠷᠬᠢᠮ ᠪᠣᠯᠤᠭᠰᠠᠨ ᠮᠥᠷᠲᠡᠭᠡᠨ ᠬᠦᠬᠡᠬᠤᠲᠠ᠎ᠶᠢᠨ ᠰᠣᠶᠤᠯ᠎ᠤᠨ ᠠᠮᠢᠨ ᠰᠤᠳᠠᠰᠤ ᠪᠣᠯᠬᠤ᠎ᠨᠢ ᠵᠠᠢᠯᠠᠱᠢ᠎ᠦᠭᠡᠢ᠎ᠶᠤᠮ᠃

  ᠯᠢ ᠶᠢᠩ ᠲᠤᠤ᠂ ᠪᠢᠴᠢᠭ᠎ᠦᠨ᠎ᠨᠡᠷ᠎ᠡ᠎ᠢ ᠱᠦ᠂ ᠳᠤᠮᠳᠠᠳᠤ ᠤᠯᠤᠰ᠎ᠤᠨ ᠵᠣᠬᠢᠶᠠᠯᠴᠢᠳ᠎ᠤᠨ ᠨᠡᠢᠭᠡᠮᠯᠢᠭ᠎ᠦᠨ ᠭᠡᠱᠢᠭᠦᠨ᠂ ᠯᠦ ᠱᠢᠶᠦᠨ ᠤᠳᠬ᠎ᠠ ᠵᠣᠬᠢᠶᠠᠯ᠎ᠤᠨ ᠲᠡᠭᠡᠳᠦ ᠰᠤᠷᠭᠠᠭᠤᠯᠢ᠎ᠶᠢᠨ ᠬᠣᠷᠢᠨ ᠳᠥᠷᠪᠡᠳᠦᠭᠡᠷ ᠬᠤᠭᠤᠴᠠᠭᠠᠨ᠎ᠤ ᠵᠣᠬᠢᠶᠠᠯᠴᠢ᠎ᠶᠢᠨ ᠦᠨᠳᠦᠷ ᠲᠡᠰ᠎ᠦᠨ ᠰᠤᠳᠤᠯᠭᠠᠨ᠎ᠤ ᠠᠩᠭᠢ ᠪᠠ ᠥᠪᠦᠷ ᠮᠣᠩᠭᠤᠯ᠎ᠤᠨ ᠤᠳᠬ᠎ᠠ ᠵᠣᠬᠢᠶᠠᠯ᠎ᠤᠨ ᠵᠣᠬᠢᠶᠠᠨ ᠪᠦᠲᠦᠭᠡᠯᠭᠡ᠎ᠶᠢᠨ ᠰᠤᠳᠤᠯᠭᠠᠨ᠎ᠤ ᠠᠩᠭᠢ᠎ᠠᠴᠠ ᠲᠡᠭᠦᠰᠪᠡ; ᠬᠦᠬᠡᠬᠤᠲᠠ᠎ᠶᠢᠨ ᠵᠣᠬᠢᠶᠠᠯᠴᠢᠳ᠎ᠤᠨ ᠨᠡᠢᠭᠡᠮᠯᠢᠭ᠎ᠦᠨ ᠳᠡᠳ᠋ ᠨᠠᠷᠢᠨ ᠪᠢᠴᠢᠭ᠎ᠦᠨ ᠲᠠᠷᠤᠭ᠎ᠠ᠂ ᠰᠠᠢᠬᠠᠨ ᠲᠣᠭᠤᠷᠢᠭ᠎ᠤᠨ ᠵᠣᠬᠢᠶᠠᠯᠴᠢᠳ᠎ᠤᠨ ᠨᠡᠢᠭᠡᠮᠯᠢᠭ᠎ᠦᠨ ᠲᠡᠷᠢᠭᠦᠯᠡᠭᠴᠢ᠂ 《ᠵᠠᠭᠤᠨ ᠬᠥᠮᠦᠨ ᠵᠠᠭᠤᠨ ᠳᠤᠭᠤᠢᠯᠠᠩ》᠎ᠤᠨ ᠲᠤᠰᠭᠠᠢ ᠮᠡᠷᠭᠡᠵᠢᠯᠲᠡᠨ; ᠨᠠᠢᠷᠠᠭᠤᠯᠤᠯ᠂ ᠦᠭᠦᠯᠡᠯᠭᠡ᠎ᠨᠢ 《ᠲᠠᠯ᠎ᠠ ᠨᠤᠲᠤᠭ》᠂   《ᠶᠠᠨ ᠠᠨ᠎ᠤ ᠤᠳᠬ᠎ᠠ ᠵᠣᠬᠢᠶᠠᠯ》᠂   《ᠬᠠᠳᠤᠨ ᠭᠣᠣᠯ᠎ᠤᠨ ᠤᠳᠬ᠎ᠠ ᠵᠣᠬᠢᠶᠠᠯ》᠂ 《ᠱᠠᠨᠳᠦᠩ᠎ᠦᠨ ᠤᠳᠬ᠎ᠠ ᠵᠣᠬᠢᠶᠠᠯ》᠂ 《ᠢᠦᠢ ᠬᠤᠧᠠ》᠂   《ᠥᠪᠦᠷ ᠮᠣᠩᠭᠤᠯ᠎ᠤᠨ ᠡᠳᠦᠷ᠎ᠦᠨ ᠰᠣᠨᠢᠨ》 ᠵᠡᠷᠭᠡ ᠰᠣᠨᠢᠨ ᠰᠡᠳᠬᠦᠯ᠎ᠳᠦ ᠨᠡᠢᠲᠡᠯᠡᠭᠳᠡᠵᠡᠢ; ᠥᠭᠦᠯᠡᠯᠭᠡ 《ᠬᠣᠣᠷ ᠭᠠᠳᠠᠭᠱᠢᠯᠠᠭᠤᠯᠬᠤ ᠬᠤᠮᠵᠢᠶ᠎ᠠ》᠎ᠨᠢ ᠠᠷᠪᠠᠨ ᠨᠢᠭᠡᠳᠦᠭᠡᠷ ᠬᠤᠭᠤᠴᠠᠭᠠᠨ᠎ᠤ ᠥᠪᠦᠷ ᠮᠣᠩᠭᠤᠯ᠎ᠤᠨ ᠥᠪᠡᠷᠲᠡᠭᠡᠨ ᠵᠠᠰᠠᠬᠤ ᠣᠷᠤᠨ᠎ᠤ ᠤᠳᠬ᠎ᠠ ᠵᠣᠬᠢᠶᠠᠯ᠎ᠤᠨ ᠵᠣᠬᠢᠶᠠᠨ ᠪᠦᠲᠦᠭᠡᠯᠭᠡ᠎ᠶᠢᠨ 《ᠰᠣᠯᠤᠩᠭ᠎ᠠ》 ᠱᠠᠩᠨᠠᠯ᠎ᠢ ᠬᠦᠷᠲᠡᠵᠦ᠂   ᠤᠷᠲᠤ ᠮᠡᠳᠡᠭᠡᠯᠡᠯ᠎ᠦᠨ ᠤᠷᠠᠨ ᠵᠣᠬᠢᠶᠠᠯ 《ᠬᠠᠮᠤᠭ᠎ᠤᠨ ᠰᠡᠭᠦᠯᠴᠢ᠎ᠶᠢᠨ ᠲᠡᠮᠡᠭᠡᠨ ᠲᠣᠰᠭᠤᠨ᠎ᠳᠤ ᠣᠷᠤᠭᠰᠠᠨ᠎ᠨᠢ》᠎ᠨᠢ ᠠᠷᠪᠠᠨ ᠬᠣᠶᠠᠳᠤᠭᠠᠷ ᠬᠤᠭᠤᠴᠠᠭᠠᠨ᠎ᠤ ᠥᠪᠦᠷ ᠮᠣᠩᠭᠤᠯ᠎ᠤᠨ ᠥᠪᠡᠷᠲᠡᠭᠡᠨ ᠵᠠᠰᠠᠬᠤ ᠣᠷᠤᠨ᠎ᠤ ᠤᠳᠬ᠎ᠠ ᠵᠣᠬᠢᠶᠠᠯ᠎ᠤᠨ ᠵᠣᠬᠢᠶᠠᠨ ᠪᠦᠲᠦᠭᠡᠯᠭᠡ᠎ᠶᠢᠨ 《ᠰᠣᠯᠤᠩᠭ᠎ᠠ》 ᠱᠠᠩᠨᠠᠯ᠎ᠢ ᠬᠦᠷᠲᠡᠵᠦ᠂   ᠥᠪᠦᠷ ᠮᠣᠩᠭᠤᠯ᠎ᠤᠨ ᠥᠪᠡᠷᠲᠡᠭᠡᠨ ᠵᠠᠰᠠᠬᠤ ᠣᠷᠤᠨ᠎ᠤ ᠠᠷᠪᠠᠳᠤᠭᠠᠷ ᠬᠤᠭᠤᠴᠠᠭᠠᠨ᠎ᠤ ᠣᠶᠤᠨ᠎ᠤ ᠪᠣᠯᠪᠠᠰᠤᠨ᠎ᠤ ᠪᠠᠢᠭᠤᠯᠤᠯᠲᠠ᠎ᠶᠢᠨ 《ᠲᠠᠪᠤᠨ ᠨᠢᠭᠡ᠎ᠶᠢᠨ ᠢᠨᠵᠧᠨᠧᠷᠢᠩ》᠎ᠤᠨ ᠱᠢᠯᠢᠳᠡᠭ ᠪᠦᠲᠦᠭᠡᠯ᠎ᠦᠨ ᠱᠠᠩᠨᠠᠯ᠎ᠢ ᠬᠦᠷᠲᠡᠨ᠂   ᠦᠭᠦᠯᠡᠯᠭᠡ 《ᠨᠢᠭᠡ ᠱᠢᠳᠦᠨ᠎ᠦ ᠡᠪᠡᠷᠱᠢᠶᠡᠯ》᠎ᠨᠢ ᠠᠩᠬᠠᠳᠤᠭᠠᠷ ᠬᠤᠭᠤᠴᠠᠭᠠᠨ᠎ᠤ ᠶᠠᠨ ᠠᠨ᠎ᠤ ᠤᠳᠬ᠎ᠠ ᠵᠣᠬᠢᠶᠠᠯ᠎ᠤᠨ ᠣᠬᠤᠷ ᠦᠭᠦᠯᠡᠯᠭᠡ᠎ᠶᠢᠨ ᠱᠠᠩᠨᠠᠯ᠎ᠢ ᠬᠦᠷᠲᠡᠪᠡ᠃

 

 

    ᠣᠷᠴᠢᠭᠤᠯᠤᠭᠴᠢ᠄ ᠰᠠᠢᠬᠠᠨ᠎ᠠ

    ᠠᠯᠤᠰ᠎ᠤᠨ᠎ᠪᠠᠷ᠎ᠠ ᠬᠡᠪᠯᠡᠯ᠎ᠦᠨ ᠬᠣᠷᠢᠶᠠᠨ᠎ᠤ ᠤᠯᠠᠨ ᠨᠡᠢᠳᠠ᠎ᠶᠢᠨ ᠳᠠᠪᠴᠡᠩ᠎ᠡᠴᠡ ᠣᠷᠴᠢᠭᠤᠯᠤᠨ ᠨᠡᠢᠳᠡᠯᠡᠪᠠ

(ᠬᠠᠷᠢᠭᠤᠴᠠᠭᠰᠠᠨ ᠨᠠᠢᠷᠠᠭᠤᠯᠤᠭᠴᠢ : ᠰᠠᠭᠤᠷᠢᠪᠡᠬᠢ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604