ᠪᠢᠳᠡ ᠡᠬᠡ ᠬᠡᠯᠡ᠎ᠳᠤ᠎ᠪᠠᠨ ᠬᠠᠢᠷᠠᠲᠠᠢ᠂ ᠪᠢᠳᠡ ᠨᠣᠮ ᠤᠩᠱᠢᠬᠤ ᠲᠤᠷᠠᠲᠠᠢ
2019.12.24

  2019 ᠣᠨ 4 ᠰᠠᠷ᠎ᠠ᠎ᠶᠢᠨ 23᠎ᠤ ᠡᠳᠦᠷ ᠪᠣᠯ ᠬᠣᠷᠢᠨ ᠳᠥᠷᠪᠡᠳᠦᠭᠡᠷ ᠤᠳᠠᠭᠠᠨ᠎ᠤ 《ᠲᠡᠯᠡᠬᠡᠢ᠎ᠶᠢᠨ ᠨᠣᠮ᠎ᠤᠨ ᠪᠠᠶᠠᠷ》 ᠪᠣᠯᠤᠨ᠎ᠠ᠃ ᠥᠷᠭᠡᠨ ᠣᠯᠠᠨ ᠮᠣᠩᠭᠤᠯ ᠦᠨᠳᠦᠰᠦᠲᠡᠨ᠎ᠤ ᠬᠡᠤᠬᠡᠳ ᠪᠠᠭᠠᠴᠤᠳ᠎ᠤᠨ ᠡᠬᠡ ᠬᠡᠯᠡᠨ᠎ᠤ ᠤᠩᠱᠢᠯᠭ᠎ᠠ᠎ᠶᠢ ᠠᠬᠢᠭᠤᠯᠬᠤ᠎ᠪᠠᠷ ᠦᠨᠳᠦᠰᠦ ᠪᠣᠯᠭᠠᠵᠤ᠂ ᠲᠡᠳᠡᠨ᠎ᠳᠤ ᠦᠨᠳᠦᠰᠦᠲᠡᠨ᠎ᠤ᠎ᠪᠠᠨ ᠰᠣᠶᠤᠯ᠎ᠢ ᠣᠢᠯᠠᠭᠠᠵᠤ᠂ ᠲᠡᠯᠡᠬᠡᠢ ᠳ᠋ᠠᠬᠢᠨ᠎ᠤ ᠬᠠᠷᠠᠭ᠎ᠠ᠎ᠶᠢ ᠪᠣᠢ ᠪᠣᠯᠭᠠᠬᠤ᠎ᠪᠠᠷ ᠤᠭ ᠰᠠᠨᠠᠭ᠎ᠠ ᠪᠠ ᠬᠠᠷᠠᠯᠲᠠ᠎ᠪᠠᠨ ᠪᠣᠯᠭᠠᠵᠤ᠂ ᠥᠪᠦᠷ ᠮᠣᠩᠭᠤᠯ᠎ᠤᠨ ᠰᠤᠷᠭᠠᠨ ᠬᠥᠮᠦᠵᠢᠯ᠎ᠤᠨ ᠬᠡᠪᠯᠡᠯ᠎ᠤᠨ ᠬᠣᠷᠢᠶ᠎ᠠ᠎ᠠᠴᠠ ᠥᠪᠦᠷ ᠮᠣᠩᠭᠤᠯ᠎ᠤᠨ ᠨᠣᠮ᠎ᠤᠨ ᠰᠠᠩ ᠪᠠ ᠬᠦᠬᠡᠬᠤᠲᠠ᠎ᠶᠢᠨ ᠦᠨᠳᠦᠰᠦᠲᠡᠨ᠎ᠤ ᠲᠤᠷᠱᠢᠯᠲᠠ᠎ᠶᠢᠨ ᠰᠤᠷᠭᠠᠭᠤᠯᠢ᠎ᠲᠠᠢ ᠬᠠᠮᠲᠤᠷᠠᠯᠴᠠᠨ᠂ 《ᠪᠢᠳᠠ ᠡᠬᠡ ᠬᠡᠯᠡ᠎ᠳᠤ᠎ᠪᠠᠨ ᠬᠠᠢᠷᠠᠲᠠᠢ᠂  ᠪᠢᠳᠡ ᠨᠣᠮ ᠤᠩᠱᠢᠬᠤ ᠳᠤᠷᠠᠲᠠᠢ》 —— 2019 ᠣᠨ᠎ᠤ ᠲᠡᠯᠡᠬᠡᠢ᠎ᠶᠢᠨ ᠨᠣᠮ᠎ᠤᠨ ᠪᠠᠶᠠᠷ᠎ᠤᠨ 《ᠬᠡᠤᠬᠡᠳ ᠪᠠᠭᠠᠴᠤᠳ᠎ᠤᠨ ᠡᠬᠡ ᠬᠡᠯᠡᠨ᠎ᠤ ᠤᠩᠱᠢᠯᠭ᠎ᠠ》 ᠭᠡᠬᠦ ᠭᠣᠣᠯ ᠰᠡᠳᠦᠪᠲᠦ ᠠᠵᠢᠯᠯᠠᠭ᠎ᠠ᠎ᠶᠢ ᠬᠠᠮᠲᠤ᠎ᠪᠠᠷ ᠡᠷᠬᠢᠯᠡᠪᠡ᠃  

  4 ᠰᠠᠷ᠎ᠠ᠎ᠶᠢᠨ 23᠎ᠤ ᠡᠳᠦᠷ᠎ᠤᠨ ᠦᠳᠡ᠎ᠶᠢᠨ ᠡᠮᠦᠨᠡᠬᠢ ᠶᠢᠰᠦᠨ ᠴᠠᠭ᠎ᠲᠤ᠂ ᠥᠪᠡᠷᠲᠡᠭᠡᠨ ᠵᠠᠰᠠᠬᠤ ᠣᠷᠤᠨ᠎ᠤ ᠨᠣᠮ᠎ᠤᠨ ᠰᠠᠩ᠎ᠤᠨ ᠬᠣᠶᠠᠳᠤᠭᠠᠷ ᠲᠠᠪᠬᠤᠷ᠎ᠤᠨ ᠪᠠᠷᠠᠭᠤᠨ ᠲᠢᠩᠬᠢᠮ᠎ᠳᠤ ᠬᠥᠮᠦᠨ᠎ᠪᠡᠷ ᠳᠦᠭᠦᠷᠴᠦ᠂ ᠬᠦᠬᠡᠬᠤᠲᠠ᠎ᠶᠢᠨ ᠦᠨᠳᠦᠰᠦᠲᠡᠨ᠎ᠤ ᠲᠤᠷᠱᠢᠯᠲᠠ᠎ᠶᠢᠨ ᠰᠤᠷᠭᠠᠭᠤᠯᠢ᠎ᠠᠴᠠ ᠢᠷᠡᠭᠰᠡᠨ 170 ᠭᠠᠷᠤᠢ ᠪᠠᠭᠱᠢ ᠰᠤᠷᠤᠭᠴᠢᠳ ᠮᠣᠩᠭᠤᠯ ᠦᠨᠳᠦᠰᠦᠲᠡᠨ᠎ᠤ ᠤᠯᠠᠮᠵᠢᠯᠠᠯᠲᠤ ᠬᠤᠪᠴᠠᠰᠤ ᠵᠠᠰᠠᠯ᠎ᠢᠶᠠᠨ ᠡᠮᠦᠰᠦᠨ᠂ ᠢᠷᠠᠭᠤ ᠰᠠᠢᠬᠠᠨ ᠮᠣᠩᠭᠤᠯ ᠬᠡᠯᠡ᠎ᠪᠡᠷ᠎ᠢᠶᠡᠨ ᠰᠠᠨᠠᠯ ᠰᠣᠯᠢᠯᠴᠠᠨ ᠵᠣᠭᠤᠭᠳᠠᠭᠰᠠᠨ᠎ᠨᠢ ᠨᠣᠮ᠎ᠤᠨ ᠰᠠᠩ᠎ᠤᠨ ᠲᠤᠬᠠᠢ᠎ᠶᠢᠨ ᠡᠳᠦᠷ᠎ᠤᠨ ᠣᠯᠠᠨ ᠠᠵᠢᠯᠯᠠᠭ᠎ᠠ᠎ᠶᠢᠨ ᠳᠤᠮᠳᠠᠬᠢ ᠨᠢᠭᠡᠨ ᠦᠵᠡᠰᠬᠦᠯᠡᠩᠲᠦ ᠰᠠᠢᠬᠠᠨ ᠦᠵᠡᠮᠵᠢ ᠪᠣᠯᠵᠤ᠂ ᠦᠢ ᠣᠯᠠᠨ ᠤᠩᠱᠢᠭᠴᠢᠳ ᠪᠠ ᠬᠣᠲᠠ᠎ᠶᠢᠨ ᠠᠷᠠᠳ᠎ᠤᠨ ᠠᠩᠬᠠᠷᠤᠯ᠎ᠢ ᠲᠠᠲᠠᠭᠰᠠᠨ ᠪᠠᠢᠨ᠎ᠠ᠃

  ᠥᠪᠦᠷ ᠮᠣᠩᠭᠤᠯ᠎ᠤᠨ ᠰᠤᠷᠭᠠᠨ ᠬᠥᠮᠦᠵᠢᠯ᠎ᠤᠨ ᠬᠡᠪᠯᠡᠯ᠎ᠤᠨ ᠬᠣᠷᠢᠶᠠᠨ᠎ᠤ ᠡᠯ᠎ᠡ ᠱᠠᠲᠤᠨ᠎ᠤ ᠤᠳᠤᠷᠢᠳᠤᠯᠭ᠎ᠠ ᠲᠣᠰ ᠤᠳᠠᠭᠠᠨ᠎ᠤ ᠠᠵᠢᠯᠯᠠᠭ᠎ᠠ᠎ᠶᠢ ᠲᠡᠭᠡᠳᠦ ᠬᠡᠮᠵᠢᠶ᠎ᠡ᠎ᠪᠠᠷ ᠴᠢᠬᠤᠯᠠᠴᠢᠯᠠᠵᠤ᠂ ᠥᠪᠦᠷ ᠮᠣᠩᠭᠤᠯ᠎ᠤᠨ ᠰᠤᠷᠭᠠᠨ ᠬᠥᠮᠦᠵᠢᠯ᠎ᠤᠨ ᠬᠡᠪᠯᠡᠯ᠎ᠤᠨ ᠬᠣᠷᠢᠶᠠᠨ᠎ᠤ ᠨᠠᠮ᠎ᠤᠨ ᠶᠡᠷᠦᠩᠬᠡᠢ ᠡᠭᠦᠷ᠎ᠤᠨ ᠱᠦᠵᠢ ᠰᠡᠢᠯᠦᠩᠬᠤᠧᠠᠷ᠂ ᠶᠡᠷᠦᠩᠬᠡᠢ ᠨᠠᠢᠷᠠᠭᠤᠯᠤᠭᠴᠢ ᠰᠧᠳᠡᠨᠵᠠᠪ᠂ ᠲᠡᠳ ᠶᠡᠷᠦᠩᠬᠡᠢ ᠨᠠᠢᠷᠠᠭᠤᠯᠤᠭᠴᠢ ᠴᠡᠴᠡᠭ᠂ ᠳᠡᠳ ᠬᠣᠷᠢᠶᠠᠨ ᠲᠠᠷᠤᠭ᠎ᠠ ᠢᠪᠡᠭᠡᠯᠲᠦ᠂ ᠠᠵᠢᠯᠴᠢᠨ᠎ᠤ ᠡᠪᠯᠡᠯ᠎ᠤᠨ ᠡᠷᠬᠢᠯᠡᠭᠴᠢ ᠬᠡᠱᠢᠭ ᠵᠢᠴᠢ ᠭᠤᠷᠪᠠᠨ ᠶᠡᠷᠦᠩᠬᠡᠢ ᠨᠠᠢᠷᠠᠭᠤᠯᠤᠭᠴᠢ᠎ᠶᠢᠨ ᠲᠤᠰᠠᠯᠠᠭᠴᠢ ᠴᠥᠮ ᠠᠵᠢᠯᠯᠠᠭᠠᠨ᠎ᠳᠤ ᠣᠷᠤᠯᠴᠠᠵᠤ᠂ ᠲᠤᠬᠠᠢ᠎ᠶᠢᠨ ᠲᠠᠯᠠᠪᠠᠢ᠎ᠳᠤ ᠪᠠᠢᠭᠰᠠᠨ ᠪᠠᠭᠱᠢ ᠰᠤᠷᠤᠭᠴᠢᠳ ᠪᠣᠯᠤᠨ ᠤᠩᠱᠢᠭᠴᠢᠳ᠎ᠲᠠᠢ ᠬᠠᠮᠲᠤ᠎ᠪᠡᠷ 《ᠲᠡᠯᠡᠬᠡᠢ᠎ᠶᠢᠨ ᠨᠣᠮ᠎ᠤᠨ ᠪᠠᠶᠠᠷ》 ᠬᠦᠷᠴᠦ ᠢᠷᠡᠭᠰᠡᠨ᠎ᠢ ᠪᠡᠯᠭᠡᠯᠡᠪᠡ᠃

  ᠦᠳᠡ᠎ᠶᠢᠨ ᠡᠮᠦᠨᠡᠬᠢ ᠶᠢᠰᠦᠨ ᠴᠠᠭ ᠭᠤᠴᠢᠨ ᠮᠢᠨᠦ᠋ᠲ᠎ᠲᠤ ᠠᠵᠢᠯᠯᠠᠭ᠎ᠠ ᠵᠢᠩᠬᠢᠨᠢ᠎ᠪᠠᠷ ᠡᠬᠢᠯᠡᠪᠡ᠃ ᠥᠪᠦᠷ ᠮᠣᠩᠭᠤᠯ᠎ᠤᠨ ᠰᠤᠷᠭᠠᠨ ᠬᠥᠮᠦᠵᠢᠯ᠎ᠤᠨ ᠬᠡᠪᠯᠡᠯ᠎ᠤᠨ ᠬᠣᠷᠢᠶᠠᠨ᠎ᠤ ᠲᠡᠳ ᠲᠠᠷᠤᠭ᠎ᠠ ᠢᠪᠡᠭᠡᠯᠲᠦ᠂ ᠥᠪᠦᠷ ᠮᠣᠩᠭᠤᠯ᠎ᠤᠨ ᠨᠣᠮ᠎ᠤᠨ ᠰᠠᠩ᠎ᠤᠨ ᠮᠣᠩᠭᠤᠯ ᠬᠡᠯᠡᠨ᠎ᠤ ᠬᠡᠯᠲᠡᠰ᠎ᠦᠨ ᠲᠠᠷᠤᠭ᠎ᠠ ᠪᠦᠦ᠎ᠶᠢᠨ ᠱᠢᠶᠠᠩ᠂ ᠬᠦᠬᠡᠬᠤᠲᠠ᠎ᠶᠢᠨ ᠦᠨᠳᠦᠰᠦᠲᠡᠨ᠎ᠤ ᠲᠤᠷᠱᠢᠯᠲᠠ᠎ᠶᠢᠨ ᠰᠤᠷᠭᠠᠭᠤᠯᠢ᠎ᠶᠢᠨ ᠲᠡᠳ ᠵᠠᠬᠢᠷᠤᠯ ᠨᠠᠷᠠᠨᠭᠡᠷᠡᠯ ᠤᠷᠢᠳ ᠬᠣᠵᠢᠳ ᠣᠬᠤᠷ ᠠᠪᠰᠠᠷᠬᠠᠨ ᠪᠥᠭᠡᠳ ᠭᠣᠢᠳᠠ ᠰᠠᠢᠬᠠᠨ ᠶᠠᠷᠢᠶ᠎ᠠ ᠲᠠᠯᠪᠢᠵᠠᠢ᠃

  ᠵᠠᠯᠭᠠᠭᠠᠳ᠂ ᠲᠤᠬᠠᠢ᠎ᠶᠢᠨ ᠲᠠᠯᠠᠪᠤᠷ᠎ᠲᠤ ᠢᠷᠡᠭᠰᠡᠨ ᠪᠢᠴᠢᠬᠠᠨ ᠨᠠᠢᠵᠠ᠎ᠨᠠᠷ ᠪᠥᠵᠢᠭ᠂ ᠨᠠᠢᠷᠠᠯ ᠲᠠᠭᠤᠤ᠂ ᠶᠠᠷᠢᠶ᠎ᠠ ᠢᠯᠡᠳᠭᠡᠯ ᠪᠠ ᠱᠢᠯᠦᠭ ᠲᠠᠭᠤᠯᠠᠯ᠎ᠢ ᠪᠠᠭᠲᠠᠭᠠᠭᠰᠠᠨ ᠣᠯᠠᠨ ᠲᠣᠭᠯᠠᠯᠲᠠ ᠭᠠᠷᠭᠠᠪᠠ᠂ ᠡᠳᠡᠭᠡᠷ ᠲᠣᠭᠯᠠᠯᠲᠠ᠎ᠨᠢ ᠬᠡᠳᠦᠢ᠎ᠪᠡᠷ ᠦᠵᠡᠬᠦ᠎ᠳᠤ ᠪᠠᠭ᠎ᠠ ᠰᠠᠭ᠎ᠠ ᠨᠢᠯᠬᠠᠰᠠᠭ ᠪᠣᠯᠪᠠᠴᠤ ᠭᠦᠨ ᠵᠤᠵᠠᠭᠠᠨ ᠰᠣᠶᠤᠯ᠎ᠤᠨ ᠠᠭᠤᠯᠤᠭᠳᠠᠬᠤᠨ᠎ᠲᠠᠢ ᠪᠠᠢᠵᠤ᠂ ᠪᠢᠴᠢᠬᠠᠨ ᠨᠠᠢᠵᠠ᠎ᠨᠠᠷ᠎ᠤᠨ 《ᠲᠡᠯᠡᠬᠡᠢ᠎ᠶᠢᠨ ᠨᠣᠮ᠎ᠤᠨ ᠪᠠᠶᠠᠷ》᠎ᠢ ᠪᠡᠯᠭᠡᠯᠡᠬᠦ ᠤᠷᠮ᠎ᠠ ᠰᠡᠳᠬᠢᠯᠭᠡ ᠪᠠ ᠥᠪᠡᠷ᠎ᠦᠨ ᠦᠨᠳᠦᠰᠦᠲᠡᠨ᠎ᠤ᠎ᠪᠠᠨ ᠰᠣᠶᠤᠯ᠎ᠢᠶᠠᠨ ᠬᠦᠨᠳᠦᠳᠬᠡᠵᠤ ᠬᠠᠢᠷᠠᠯᠠᠬᠤ ᠰᠡᠳᠬᠢᠯᠭᠡ᠎ᠶᠢ ᠭᠦᠢᠴᠡᠳ ᠢᠯᠡᠳᠬᠡᠵᠡᠢ᠃

  ᠲᠣᠰ ᠤᠳᠠᠭᠠᠨ᠎ᠤ ᠠᠵᠢᠯᠯᠠᠭ᠎ᠠ᠎ᠶᠢᠨ ᠪᠠᠰᠠ ᠨᠢᠭᠡ ᠴᠢᠬᠤᠯᠠ ᠭᠣᠭᠴᠤᠭ᠎ᠠ ᠪᠣᠯ ᠥᠪᠦᠷ ᠮᠣᠩᠭᠤᠯ᠎ᠤᠨ ᠰᠤᠷᠭᠠᠨ ᠬᠥᠮᠦᠵᠢᠯ᠎ᠤᠨ ᠬᠡᠪᠯᠡᠯ᠎ᠤᠨ ᠬᠣᠷᠢᠶ᠎ᠠ᠎ᠶᠢᠨ ᠨᠣᠮ ᠪᠢᠴᠢᠭ ᠰᠡᠲᠦᠬᠦ ᠬᠡᠯᠲᠡᠰ᠎ᠦᠨ ᠲᠡᠳ ᠡᠷᠬᠢᠯᠡᠭᠴᠢ ᠰᠠᠩᠵᠠᠢ ᠪᠠᠭᠱᠢ᠎ᠶᠢᠨ ᠭᠣᠣᠯᠯᠠᠨ ᠶᠠᠷᠢᠭᠰᠠᠨ 《ᠨᠣᠮ ᠤᠩᠱᠢᠭᠰᠠᠨ ᠲᠡᠮᠳᠡᠭᠯᠡᠯ᠎ᠢᠶᠠᠨ ᠬᠡᠷᠬᠢᠨ ᠰᠠᠢᠲᠤᠷ ᠪᠢᠴᠢᠬᠦ ᠪᠣᠢ》 ᠭᠡᠬᠦ ᠢᠯᠡᠳᠭᠡᠯ ᠪᠣᠯᠤᠨ᠎ᠠ᠃ ᠰᠠᠩᠵᠠᠢ ᠪᠠᠭᠱᠢ ᠲᠤᠬᠠᠢ᠎ᠶᠢᠨ ᠲᠠᠯᠠᠪᠠᠢ᠎ᠳᠤ ᠪᠠᠢᠭᠰᠠᠨ ᠪᠠᠭ᠎ᠠ ᠰᠤᠷᠭᠠᠭᠤᠯᠢ᠎ᠶᠢᠨ ᠰᠤᠷᠤᠭᠴᠢᠳ᠎ᠲᠤ ᠥᠨᠳᠦᠷ ᠪᠦᠲᠦᠮᠵᠢᠲᠡᠢ ᠤᠩᠱᠢᠯᠭ᠎ᠠ᠎ᠶᠢᠨ ᠠᠷᠭ᠎ᠠ ᠳᠡᠮ᠎ᠢᠶᠠᠨ ᠬᠤᠪᠢᠶᠠᠯᠴᠠᠵᠤ᠂ ᠪᠢᠴᠢᠬᠠᠨ ᠨᠠᠢᠵᠠ᠎ᠨᠠᠷ ᠬᠤᠪᠢ᠎ᠶᠢᠨ ᠨᠣᠮ᠎ᠤᠨ ᠭᠠᠷᠴᠠᠭ ᠵᠢᠭᠰᠠᠭᠠᠵᠤ᠂ ᠨᠣᠮ ᠤᠩᠱᠢᠭᠰᠠᠨ ᠲᠡᠮᠳᠡᠭᠯᠡᠯ ᠬᠢᠵᠦ᠂ ᠡᠳᠡᠭᠡᠷ᠎ᠢᠶᠡᠷ ᠳᠠᠮᠵᠢᠵᠦ ᠤᠩᠱᠢᠯᠭ᠎ᠠ᠎ᠶᠢᠨ ᠬᠠᠪᠤ ᠴᠡᠩᠭᠡᠯ ᠤᠯᠬᠤ᠎ᠶᠢ ᠣᠢᠯᠠᠭᠠᠭᠤᠯᠪᠠ; ᠪᠠᠰᠠ ᠲᠤᠰᠭᠠᠢ ᠮᠡᠷᠭᠡᠵᠢᠯ᠎ᠤᠨ ᠬᠡᠪᠯᠡᠯ᠎ᠤᠨ ᠠᠬᠠᠮᠠᠳ᠎ᠤᠨ ᠡᠭᠦᠳᠡᠨ᠎ᠠᠴᠠ  ᠰᠤᠷᠤᠭᠴᠢ᠎ᠨᠦᠭᠦᠳ᠎ᠢ ᠨᠣᠮ ᠪᠢᠴᠢᠭ᠎ᠢᠶᠡᠨ ᠨᠠᠨᠳᠢᠩᠨᠠᠨ ᠬᠠᠢᠷᠠᠯᠠᠬᠤ᠎ᠶᠢ ᠤᠷᠢᠶᠠᠯᠠᠵᠤ᠂ ᠨᠣᠮ ᠪᠢᠴᠢᠭ ᠪᠢᠴᠢᠵᠦ ᠬᠡᠪᠯᠡᠬᠦ᠎ᠨᠢ ᠬᠢᠯᠪᠡᠷ ᠪᠣᠰᠤ ᠭᠡᠳᠡᠭ᠎ᠢ ᠮᠡᠳᠡᠭᠦᠯᠵᠦ᠂ ᠬᠥᠮᠦᠨ ᠲᠥᠷᠦᠯᠬᠢᠲᠡᠨ᠎ᠳᠤ ᠣᠶᠤᠨ᠎ᠤ ᠠᠮᠤ ᠬᠦᠨᠡᠰᠦ ᠪᠦᠷᠢᠯᠳᠦᠭᠦᠯᠵᠦ ᠪᠠᠢᠭ᠎ᠠ ᠵᠣᠬᠢᠶᠠᠯᠴᠢᠳ ᠵᠢᠴᠢ ᠨᠢᠭᠡᠨ ᠰᠠᠢᠨ ᠨᠣᠮ᠎ᠶᠢ ᠤᠩᠱᠢᠭᠴᠢᠳ᠎ᠤᠨ ᠡᠮᠦᠨ᠎ᠡ ᠢᠯᠡᠷᠡᠭᠦᠯᠬᠦ᠎ᠶᠢᠨ ᠲᠥᠯᠦᠭᠡ ᠬᠦᠴᠦ ᠬᠥᠳᠡᠯᠮᠦᠷᠢ ᠭᠠᠷᠭᠠᠵᠤ ᠪᠠᠢᠭ᠎ᠠ ᠬᠣᠯᠪᠤᠭᠳᠠᠯ ᠪᠦᠬᠦᠢ ᠠᠵᠢᠯ ᠲᠥᠷᠦᠯ᠎ᠤᠨ ᠠᠵᠢᠯᠲᠠᠳ᠎ᠢ ᠬᠥᠨᠳᠦᠳᠬᠡᠨ ᠲᠠᠯᠠᠷᠬᠠᠭᠠᠷᠠᠢ ᠭᠡᠪᠡ᠃ ᠡᠳᠡᠭᠡᠷ᠎ᠨᠢ ᠮᠥᠨ᠎ᠴᠦ 《ᠲᠡᠯᠡᠬᠡᠢ᠎ᠶᠢᠨ ᠨᠣᠮ᠎ᠤᠨ ᠪᠠᠶᠠᠷ》᠎ᠢ ᠡᠭᠦᠰᠬᠡᠭᠰᠡᠨ ᠤᠭ ᠰᠠᠨᠠᠭ᠎ᠠ ᠪᠠ ᠵᠣᠷᠢᠯᠲᠠ᠎ᠶᠢᠨ ᠨᠢᠭᠡ᠎ᠨᠢ ᠪᠣᠯᠤᠨ᠎ᠠ᠃

  2020 ᠣᠨ᠎ᠳᠤ᠂ ᠥᠪᠦᠷ ᠮᠣᠩᠭᠤᠯ᠎ᠤᠨ ᠰᠤᠷᠭᠠᠨ ᠬᠥᠮᠦᠵᠢᠯ᠎ᠤᠨ ᠬᠡᠪᠯᠡᠯ᠎ᠤᠨ ᠬᠣᠷᠢᠶ᠎ᠠ 60 ᠵᠢᠯ᠎ᠤᠨ ᠣᠢ᠎ᠪᠠᠨ ᠤᠭᠲᠤᠬᠤ ᠪᠣᠯᠤᠨ᠎ᠠ᠃ ᠵᠢᠷᠠᠨ ᠵᠢᠯ᠎ᠦᠨ ᠲᠤᠷᠱᠢ᠂ ᠥᠪᠦᠷ ᠮᠣᠩᠭᠤᠯ᠎ᠤᠨ ᠰᠤᠷᠭᠠᠨ ᠬᠥᠮᠦᠵᠢᠯ᠎ᠤᠨ ᠬᠡᠪᠯᠡᠯ᠎ᠤᠨ ᠬᠣᠷᠢᠶ᠎ᠠ᠎ᠨᠢ ᠢᠮᠠᠭᠲᠠ ᠰᠠᠭᠤᠷᠢ ᠰᠤᠷᠭᠠᠨ ᠬᠥᠮᠦᠵᠢᠯ ᠪᠠ ᠦᠨᠳᠦᠰᠦᠲᠡᠨ᠎ᠤ ᠰᠤᠷᠭᠠᠨ ᠬᠥᠮᠦᠵᠢᠯ᠎ᠳᠤ ᠦᠢᠯᠡᠴᠢᠯᠡᠬᠦ᠎ᠪᠠᠷ ᠬᠦᠴᠦᠯᠡᠨ ᠴᠢᠷᠮᠠᠢᠵᠤ᠂ ᠪᠦᠬᠦ ᠣᠷᠤᠨ᠎ᠤ ᠡᠯ᠎ᠡ ᠦᠨᠳᠦᠰᠦᠲᠡᠨ᠎ᠤ ᠰᠤᠷᠤᠭᠴᠢ᠎ᠨᠦᠭᠦᠳ᠎ᠤᠨ ᠰᠤᠷᠤᠯᠴᠠᠯᠭ᠎ᠠ ᠪᠠ ᠦᠰᠦᠨ ᠪᠣᠢᠵᠢᠯᠲᠠ᠎ᠳᠤ ᠰᠡᠳᠬᠢᠯ ᠲᠠᠯᠪᠢᠨ᠂ ᠡᠯᠪᠡᠭ ᠵᠤᠵᠠᠭᠠᠨ ᠲᠤᠰᠭᠠᠢ ᠮᠡᠷᠭᠡᠵᠢᠯ᠎ᠤᠨ ᠮᠡᠳᠡᠯᠭᠡ ᠪᠠ ᠠᠵᠢᠯ ᠲᠥᠷᠦᠯ᠎ᠤᠨ ᠲᠤᠷᠱᠢᠯᠭ᠎ᠠ᠎ᠳᠤ᠎ᠪᠠᠨ ᠰᠠᠭᠤᠷᠢᠯᠠᠨ᠂ ᠦᠯᠡᠮᠵᠢ ᠣᠯᠠᠨ ᠱᠢᠯᠢᠳᠡᠭ ᠬᠡᠤᠬᠡᠳ ᠪᠠᠭᠠᠴᠤᠳ᠎ᠤᠨ ᠨᠣᠮ ᠪᠢᠴᠢᠭ᠎ᠢ ᠬᠡᠪᠯᠡᠭᠦᠯᠦᠭᠰᠡᠨ ᠪᠠᠢᠨ᠎ᠠ᠃   

  ᠬᠡᠤᠬᠡᠳ ᠪᠠᠭᠠᠴᠤᠳ᠎ᠦᠨ ᠤᠩᠱᠢᠯᠭ᠎ᠠ᠎ᠶᠢᠨ ᠤᠷᠮ᠎ᠠ ᠪᠠᠬ᠎ᠠ᠎ᠶᠢ ᠨᠠᠩ ᠰᠠᠢᠨ ᠬᠥᠭᠵᠢᠭᠡᠵᠦ᠂ ᠮᠣᠩᠭᠤᠯ ᠦᠨᠳᠦᠰᠦᠲᠡᠨ᠎ᠤ ᠬᠡᠤᠬᠡᠳ ᠪᠠᠭᠠᠴᠤᠳ ᠤᠩᠱᠢᠯᠭ᠎ᠠ᠎ᠶᠢᠨ ᠳᠤᠮᠳᠠ ᠡᠬᠡ ᠬᠡᠯᠡ᠎ᠲᠠᠢ᠎ᠪᠠᠨ ᠢᠯᠡᠭᠦᠦ ᠣᠢᠷᠠᠲᠤᠵᠤ᠂ ᠡᠬᠡ ᠬᠡᠯᠡ᠎ᠪᠠᠨ ᠤᠬᠠᠵᠤ ᠤᠬᠠᠭᠠᠷᠠᠵᠤ᠂ ᠤᠩᠱᠢᠯᠭ᠎ᠠ᠎ᠶᠢᠨ ᠳᠤᠮᠳᠠ ᠮᠡᠳᠡᠯᠭᠡ᠎ᠪᠠᠨ ᠨᠡᠮᠡᠭᠳᠡᠭᠦᠯᠵᠦ ᠬᠠᠷᠠᠴᠠ᠎ᠪᠠᠨ ᠥᠷᠭᠡᠳᠬᠡᠬᠦᠯᠬᠦ᠎ᠶᠢᠨ ᠲᠥᠯᠦᠭᠡ᠂ ᠥᠪᠦᠷ ᠮᠣᠩᠭᠤᠯ᠎ᠤᠨ ᠰᠤᠷᠭᠠᠨ ᠬᠥᠮᠦᠵᠢᠯ᠎ᠤᠨ ᠬᠡᠪᠯᠡᠯ᠎ᠤᠨ ᠬᠣᠷᠢᠶ᠎ᠠ ᠲᠤᠬᠠᠢ᠎ᠶᠢᠨ ᠡᠳᠦᠷ᠎ᠶᠢᠨ ᠠᠵᠢᠯᠯᠠᠭᠠᠨ᠎ᠳᠤ᠎ᠪᠠᠨ ᠬᠦᠬᠡᠬᠤᠲᠠ᠎ᠶᠢᠨ ᠦᠨᠳᠦᠰᠦᠲᠡᠨ᠎ᠤ ᠲᠤᠷᠱᠢᠯᠲᠠ᠎ᠶᠢᠨ ᠰᠤᠷᠭᠠᠭᠤᠯᠢ ᠪᠣᠯᠤᠨ ᠥᠪᠦᠷ ᠮᠣᠩᠭᠤᠯ᠎ᠤᠨ ᠨᠣᠮ᠎ᠤᠨ ᠰᠠᠩ᠎ᠳᠤ 171 ᠢᠵᠢ ᠨᠣᠮ (ᠨᠡᠢᠲᠡ 549 ᠲᠡᠪᠲᠡᠷ) ᠪᠡᠯᠭᠡᠯᠡᠪᠡ᠂ ᠡᠭᠦᠨ᠎ᠳᠤ ᠮᠣᠩᠭᠤᠯ ᠬᠡᠯᠡᠨ᠎ᠤ 《ᠠᠨᠳᠧᠷᠰᠧᠨ ᠬᠡᠤᠬᠡᠳ᠎ᠤᠨ ᠳᠣᠮᠤᠭ》᠂ 《ᠭᠷᠢᠨ᠎ᠤ ᠬᠡᠤᠬᠡᠳ᠎ᠤᠨ ᠳᠣᠮᠤᠭ》 ᠪᠠ 《<ᠮᠢᠨᠦ ᠶᠢᠷᠲᠢᠨᠴᠦ> ᠪᠠᠭ᠎ᠠ ᠰᠤᠷᠭᠠᠭᠤᠯᠢ᠎ᠶᠢᠨ ᠰᠤᠷᠤᠭᠴᠢ᠎ᠶᠢᠨ ᠨᠣᠮ᠎ᠤᠨ ᠥᠷᠦᠭᠡ》 ᠵᠡᠷᠭᠡ ᠱᠢᠷᠢᠰ ᠨᠣᠮ᠎ᠨᠢ ᠲᠤᠬᠠᠢ᠎ᠶᠢᠨ ᠲᠠᠯᠠᠪᠠᠢ᠎ᠶᠢᠨ ᠰᠤᠷᠤᠭᠴᠢᠳ᠎ᠤᠨ ᠳᠤᠷ᠎ᠠ ᠪᠠᠬ᠎ᠠ᠎ᠶᠢ ᠶᠡᠬᠡ᠎ᠪᠡᠷ ᠲᠠᠲᠠᠪᠠ᠃ ᠡᠨᠡ᠎ᠬᠦ ᠠᠵᠢᠯᠯᠠᠭ᠎ᠠ᠎ᠨᠢ ᠦᠨᠳᠦᠰᠦᠲᠡᠨ᠎ᠤ ᠲᠤᠷᠱᠢᠯᠲᠠ᠎ᠶᠢᠨ ᠰᠤᠷᠭᠠᠭᠤᠯᠢ᠎ᠶᠢᠨ ᠪᠠᠭᠱᠢ᠎ᠨᠠᠷ᠎ᠲᠤ ᠶᠡᠬᠡ ᠠᠱᠢᠭ ᠬᠦᠷᠲᠡᠭᠡᠵᠦ᠂ ᠰᠣᠳᠤᠨ ᠨᠣᠮ ᠪᠢᠴᠢᠭ᠎ᠲᠠᠢ ᠪᠣᠯᠤᠭᠰᠠᠨ ᠪᠦᠭᠡᠳ ᠡᠢᠮᠦᠷᠬᠦᠤ ᠤᠳᠬ᠎ᠠ ᠠᠭᠤᠯᠭ᠎ᠠ᠎ᠲᠠᠢ ᠢᠯᠡᠳᠬᠡᠯ᠎ᠢ ᠰᠣᠨᠤᠰᠤᠭᠰᠠᠨ᠎ᠨᠢ ᠲᠡᠳᠡᠨ᠎ᠤ ᠰᠤᠷᠭᠠᠭᠤᠯᠢ᠎ᠶᠢᠨ ᠬᠦᠷᠢᠶᠡᠨ᠎ᠳᠤ ᠠᠩᠭᠢ᠎ᠪᠠᠷ ᠨᠢᠭᠡᠴᠢ ᠪᠣᠯᠭᠠᠵᠤ ᠤᠩᠱᠢᠭᠰᠠᠨ ᠨᠣᠮ ᠪᠢᠴᠢᠭ᠎ᠢᠶᠡᠨ ᠬᠠᠷᠢᠯᠴᠠᠨ ᠬᠤᠪᠢᠶᠠᠯᠴᠠᠬᠤ ᠬᠥᠳᠡᠯᠭᠡᠭᠡᠨ᠎ᠢ ᠤᠷᠲᠤ ᠬᠤᠭᠤᠴᠠᠭ᠎ᠠ᠎ᠪᠠᠷ ᠥᠷᠨᠢᠭᠦᠯᠵᠦ᠂ ᠬᠡᠤᠬᠡᠳ᠎ᠢ ᠬᠠᠪᠰᠤᠷᠤᠨ ᠰᠠᠢᠨ ᠰᠠᠢᠬᠠᠨ ᠤᠩᠱᠢᠯᠭ᠎ᠠ᠎ᠶᠢᠨ ᠲᠠᠳᠭᠠᠯ᠎ᠢ ᠬᠥᠮᠦᠵᠢᠭᠦᠯᠬᠦ᠎ᠳᠤ ᠮᠠᠱᠢ ᠲᠤᠰᠠᠲᠠᠢ ᠪᠣᠯᠵᠠᠢ ᠭᠡᠵᠦ ᠢᠯᠡᠳᠬᠡᠪᠡ᠃

  ᠦᠳᠡ᠎ᠶᠢᠨ ᠡᠮᠦᠨᠡᠬᠢ ᠠᠷᠪᠠᠨ ᠨᠢᠭᠡᠨ ᠴᠠᠭ᠎ᠲᠤ᠂ ᠲᠤᠰ ᠤᠳᠠᠭᠠᠨ᠎ᠤ ᠠᠵᠢᠯᠯᠠᠭ᠎ᠠ᠎ᠨᠢ ᠲᠤᠬᠠᠢ᠎ᠶᠢᠨ ᠲᠠᠯᠠᠪᠠᠢ᠎ᠳᠠᠬᠢ ᠪᠥᠬᠦᠲᠡ ᠪᠠᠭ᠎ᠠ ᠰᠤᠷᠭᠠᠭᠤᠯᠢ᠎ᠶᠢᠨ ᠰᠤᠷᠤᠭᠴᠢᠳ᠎ᠤᠨ 《ᠪᠢᠳᠠ ᠡᠬᠡ ᠬᠡᠯᠡ᠎ᠳᠤ᠎ᠪᠠᠨ ᠬᠠᠢᠷᠠᠲᠠᠢ᠂ ᠪᠢᠳᠡ ᠨᠣᠮ ᠤᠩᠱᠢᠬᠤ ᠳᠤᠷᠠᠲᠠᠢ》 ᠭᠡᠬᠦ ᠬᠠᠮᠲᠤ᠎ᠶᠢᠨ ᠤᠷᠢᠶᠠᠯᠠᠭ᠎ᠠ᠎ᠶᠢᠨ ᠲᠠᠭᠤᠨ᠎ᠳᠦ ᠱᠢᠪᠲᠤᠷᠭᠠᠨ᠎ᠳᠤ᠎ᠪᠠᠨ ᠤᠷᠤᠵᠠᠢ᠂ ᠱᠢᠨ᠎ᠡ ᠨᠣᠮ ᠭᠠᠷᠳᠠᠭᠰᠠᠨ ᠬᠡᠤᠬᠡᠳ᠎ᠤ᠋ᠳ ᠨᠢᠭᠤᠷ ᠳᠦᠭᠦᠷᠡᠩ ᠮᠦᠱᠢᠶᠡᠲᠦ ᠪᠢᠯᠬᠠᠵᠤ᠂ ᠭᠡᠷ᠎ᠤᠨ ᠠᠬᠠᠮᠠᠳ ᠪᠣᠯᠤᠨ ᠪᠠᠭᠱᠢ᠎ᠨᠠᠷ ᠡᠢᠮᠦᠷᠬᠦᠦ ᠠᠵᠢᠯᠯᠠᠭ᠎ᠠ᠎ᠨᠢ ᠬᠡᠤᠬᠡᠳ᠎ᠲᠤ ᠰᠤᠷᠤᠯᠴᠠᠯᠭ᠎ᠠ ᠪᠠ ᠪᠣᠯᠪᠠᠰᠤᠷᠠᠯ᠎ᠳᠤ ᠳᠡᠮᠵᠢᠯᠭᠡ ᠪᠣᠯᠤᠭᠰᠠᠨ᠎ᠢᠶᠠᠷ ᠪᠠᠷᠠᠬᠤ᠎ᠦᠭᠡᠢ᠂ ᠪᠠᠰᠠ ᠲᠡᠳᠡᠨ᠎ᠢ ᠵᠣᠷᠢᠭᠵᠢᠭᠤᠯᠬᠤ᠎ᠳᠤ ᠭᠦᠨ ᠨᠥᠯᠦᠭᠡ᠎ᠲᠠᠢ ᠭᠡᠵᠦ ᠢᠯᠡᠳᠬᠡᠪᠡ᠃

  ᠲᠣᠰ ᠤᠳᠠᠭᠠᠨ᠎ᠤ ᠠᠵᠢᠯᠯᠠᠭ᠎ᠠ᠎ᠨᠢ ᠬᠡᠪᠯᠡᠯ᠎ᠤᠨ ᠬᠣᠷᠢᠶ᠎ᠠ᠂ ᠨᠣᠮ᠎ᠤᠨ ᠰᠠᠩ ᠪᠣᠯᠤᠨ ᠰᠤᠷᠭᠠᠭᠤᠯᠢ ᠭᠤᠷᠪᠠᠨ ᠲᠠᠯ᠎ᠠ᠎ᠪᠠᠷ ᠬᠣᠯᠪᠤᠭᠠᠯᠠᠨ ᠥᠷᠨᠢᠭᠦᠯᠦᠭᠰᠡᠨ᠂ ᠬᠠᠮᠲᠤ᠎ᠪᠠᠷ ᠬᠡᠤᠬᠡᠳ ᠪᠠᠭᠠᠴᠤᠳ᠎ᠦᠨ ᠨᠣᠮ ᠤᠩᠱᠢᠬᠤ᠎ᠳᠤ ᠳᠡᠮᠵᠢᠯᠭᠡ ᠦᠵᠡᠭᠦᠯᠵᠦ᠂ ᠬᠡᠦᠬᠡᠳ ᠪᠠᠭᠠᠴᠤᠳ᠎ᠲᠤ ᠨᠣᠮ ᠤᠩᠱᠢᠬᠤ ᠥᠳᠬᠡᠨ ᠵᠤᠵᠠᠭᠠᠨ ᠠᠭᠤᠷ ᠠᠮᠢᠰᠭᠤᠯ ᠪᠠ ᠰᠠᠢᠨ ᠰᠠᠢᠬᠠᠨ ᠤᠩᠱᠢᠯᠭ᠎ᠠ᠎ᠶᠢᠨ ᠣᠷᠴᠢᠨ ᠨᠥᠬᠦᠴᠡᠯ᠎ᠢ ᠪᠣᠢ ᠪᠣᠯᠭᠠᠶ᠎ᠠ ᠭᠡᠰᠡᠨ ᠨᠢᠭᠡ ᠤᠳᠠᠭᠠᠨ᠎ᠤ ᠠᠱᠢᠭᠲᠠᠢ ᠲᠤᠷᠱᠢᠯᠲᠠ ᠪᠣᠯᠤᠨ᠎ᠠ᠃ ᠮᠣᠩᠭᠤᠯ ᠦᠨᠳᠦᠰᠦᠲᠡᠨ ᠪᠣᠯ ᠠᠯᠢ ᠡᠷᠲᠡᠨ᠎ᠡᠴᠡ ᠮᠡᠳᠡᠯᠭᠡ᠎ᠶᠢ ᠳᠡᠭᠡᠳᠦᠯᠡᠵᠦ ᠨᠣᠮ ᠤᠩᠱᠢᠬᠤ ᠳᠤᠷᠠᠲᠠᠢ᠂ ᠰᠤᠷᠤᠯᠴᠠᠬᠤ᠎ᠶᠢ ᠪᠠᠷᠢᠮᠳᠠᠯᠠᠵᠤ ᠢᠳᠡᠪᠬᠢᠲᠡᠢ᠎ᠪᠠᠷ ᠤᠷᠤᠭᠱᠢᠯᠠᠨ ᠲᠠᠪᠱᠢᠳᠠᠭ ᠦᠨᠳᠦᠰᠦᠲᠡᠨ ᠮᠥᠨ᠂ ᠲᠠᠯ᠎ᠠ ᠨᠤᠲᠤᠭ᠎ᠤᠨ ᠰᠣᠶᠤᠯ ᠥᠷᠭᠡᠨ ᠪᠦᠭᠡᠳ ᠭᠦᠨᠵᠡᠭᠡᠢ᠂ ᠡᠢᠮᠦ᠎ᠡᠴᠡ ᠨᠣᠮ ᠪᠢᠴᠢᠭ᠎ᠢ ᠬᠡᠦᠭᠡᠳ ᠪᠠᠭᠠᠴᠤᠳ᠎ᠦᠨ ᠡᠳᠦᠷ ᠲᠤᠲᠤᠮ᠎ᠤᠨ ᠠᠮᠢᠳᠤᠷᠠᠯ᠎ᠳᠤ ᠵᠢᠩᠬᠢᠨᠢ ᠠᠭᠤᠰᠭᠠᠨ᠂ ᠨᠣᠮ ᠪᠢᠴᠢᠭ ᠤᠩᠱᠢᠬᠤ᠎ᠶᠢ ᠬᠡᠤᠬᠡᠳ ᠪᠠᠭᠠᠴᠤᠳ᠎ᠤᠨ ᠨᠢᠭᠡ ᠵᠦᠢᠯ᠎ᠤᠨ ᠠᠶᠠᠨᠳᠠᠭᠠᠨ᠎ᠤ ᠲᠠᠳᠭᠠᠯ ᠪᠣᠯᠭᠠᠬᠤ᠎ᠨᠢ ᠪᠦᠬᠦ ᠨᠡᠢᠭᠡᠮ᠎ᠤᠨ ᠬᠠᠮᠲᠤ᠎ᠶᠢᠨ ᠬᠠᠷᠠᠯᠲᠠ ᠪᠣᠯᠤᠨ᠎ᠠ᠃

  ᠥᠪᠦᠷ ᠮᠣᠩᠭᠤᠯ᠎ᠤᠨ ᠰᠤᠷᠭᠠᠨ ᠬᠥᠮᠦᠵᠢᠯ᠎ᠦᠨ ᠬᠡᠪᠯᠡᠯ᠎ᠦᠨ ᠬᠣᠷᠢᠶ᠎ᠠ ᠰᠠᠭᠤᠷᠢ ᠰᠤᠷᠭᠠᠨ ᠬᠥᠮᠦᠵᠢᠯ ᠪᠠ ᠦᠨᠳᠦᠰᠦᠲᠡᠨ᠎ᠤ ᠰᠤᠷᠭᠠᠨ ᠬᠥᠮᠦᠵᠢᠯ᠎ᠳᠤ ᠮᠡᠷᠡᠢᠨ ᠦᠢᠯᠡᠴᠢᠯᠡᠳᠡᠭ ᠥᠪᠡᠷᠲᠡᠭᠡᠨ ᠵᠠᠰᠠᠬᠤ ᠣᠷᠤᠨ᠎ᠤ ᠲᠤᠰᠭᠠᠢ ᠮᠡᠷᠭᠡᠵᠢᠯ᠎ᠤᠨ ᠬᠡᠪᠯᠡᠯ᠎ᠤᠨ ᠨᠢᠭᠡᠴᠢ ᠪᠣᠯᠤᠭᠰᠠᠨ᠎ᠤ ᠬᠤᠪᠢ᠎ᠳᠤ᠂ ᠦᠨᠳᠦᠰᠦᠲᠡᠨ᠎ᠤ ᠱᠢᠯᠢᠳᠡᠭ ᠰᠣᠶᠤᠯ᠎ᠢ ᠵᠠᠯᠭᠠᠮᠵᠢᠯᠠᠨ ᠬᠥᠭᠵᠢᠭᠦᠯᠬᠦ ᠬᠠᠷᠢᠭᠤᠴᠠᠯᠭ᠎ᠠ᠎ᠲᠠᠢ ᠪᠠᠢᠵᠤ᠂ ᠬᠡᠦᠭᠡᠳ ᠪᠠᠭᠠᠴᠤᠳ᠎ᠲᠦ 《ᠰᠠᠢᠨ ᠨᠣᠮ ᠰᠤᠩᠭᠤᠵᠤ》 《ᠰᠠᠢᠨ ᠨᠣᠮ ᠬᠢᠬᠦ》 ᠢᠲᠡᠭᠡᠯ ᠵᠣᠷᠢᠭ ᠲᠡᠭᠦᠯᠳᠡᠷ ᠮᠥᠷᠲᠡᠭᠡᠨ ᠬᠠᠮᠤᠭ᠎ᠤᠨ ᠶᠡᠬᠡ ᠴᠢᠷᠮᠠᠢᠯᠭ᠎ᠠ᠎ᠪᠡᠷ᠎ᠢᠶᠡᠨ ᠬᠡᠦᠭᠡᠳ ᠪᠠᠭᠠᠴᠤᠳ᠎ᠪᠠᠨ 《ᠨᠣᠮ ᠤᠩᠱᠢᠬᠤ ᠳᠤᠷᠠᠲᠠᠢ》 《ᠨᠣᠮ ᠪᠢᠴᠢᠭ ᠤᠩᠱᠢᠵᠤ ᠴᠢᠳᠠᠬᠤ》᠎ᠶᠢ᠎ᠨᠢ ᠳᠡᠮᠵᠢᠨ ᠳᠡᠳᠭᠦᠵᠦ ᠶᠠᠪᠤᠨ᠎ᠠ᠃

  ᠣᠷᠴᠢᠭᠤᠯᠤᠭᠴᠢ᠄ ᠰᠠᠢᠬᠠᠨ᠎ᠠ

(ᠬᠠᠷᠢᠭᠤᠴᠠᠭᠰᠠᠨ ᠨᠠᠢᠷᠠᠭᠤᠯᠤᠭᠴᠢ : ᠤᠷᠢᠬᠠᠨ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604