ᠲᠦᠷᠦᠭᠦᠦ ᠪᠦᠯᠦᠭ 《ᠳᠤᠮᠳᠠᠳᠤ ᠤᠯᠤᠰ᠎ᠤᠨ ᠨᠣᠮ ᠰᠤᠳᠤᠷ᠎ᠤᠨ ᠤᠩᠱᠢᠯᠭ᠎ᠠ᠎ᠶᠢᠨ ᠥᠷᠦᠭᠡ》 ᠮᠣᠩᠭᠤᠯ ᠤᠯᠤᠰ᠎ᠲᠤ ᠫᠠᠢᠰᠠ ᠡᠯᠭᠦᠨ ᠪᠠᠢᠭᠤᠯᠤᠭᠳᠠᠪᠠ
2019.12.31

  ᠮᠣᠩᠭᠤᠯ ᠤᠯᠤᠰ᠎ᠦᠨ ᠥᠷᠭᠡᠨ ᠣᠯᠠᠨ ᠤᠩᠱᠢᠭᠴᠢᠳ᠎ᠲᠤ ᠳᠤᠮᠳᠠᠳᠤ ᠤᠯᠤᠰ᠎ᠤᠨ ᠰᠣᠶᠤᠯ᠎ᠢ ᠲᠡᠯᠭᠡᠨ ᠦᠵᠡᠭᠦᠯᠬᠦ ᠪᠠ ᠲᠠᠨᠢᠯᠴᠠᠭᠤᠯᠬᠤ᠎ᠪᠠᠷ ᠵᠣᠷᠢᠯᠲᠠ ᠪᠣᠯᠭᠠᠭᠰᠠᠨ ᠲᠦᠷᠦᠭᠦᠦ ᠪᠦᠯᠦᠭ᠎ᠤᠨ ᠭᠤᠷᠪᠠᠨ 《ᠳᠤᠮᠳᠠᠳᠤ ᠤᠯᠤᠰ᠎ᠤᠨ ᠨᠣᠮ ᠰᠤᠳᠤᠷ᠎ᠤᠨ ᠤᠩᠱᠢᠯᠭ᠎ᠠ᠎ᠶᠢᠨ ᠥᠷᠦᠭᠡ》 5᠎ᠤ ᠡᠳᠦᠷ ᠮᠣᠩᠭᠤᠯ ᠤᠯᠤᠰ᠎ᠤᠨ ᠤᠯᠤᠰ᠎ᠤᠨ ᠰᠤᠷᠭᠠᠨ ᠬᠥᠮᠦᠵᠢᠯ᠎ᠤᠨ ᠶᠡᠬᠡ ᠰᠤᠷᠭᠠᠭᠤᠯᠢ᠂ ᠮᠣᠩᠭᠤᠯ ᠤᠯᠤᠰ᠎ᠤᠨ ᠪᠠᠭᠠᠴᠤᠳ᠎ᠤᠨ ᠨᠣᠮ᠎ᠤᠨ ᠰᠠᠩ᠂ ᠮᠣᠩᠭᠤᠯ ᠤᠯᠤᠰ᠎ᠤᠨ ᠤᠯᠠᠭᠠᠨᠪᠠᠭᠠᠲᠤᠷ ᠶᠡᠬᠡ ᠰᠤᠷᠭᠠᠭᠤᠯᠢ᠎ᠳᠤ ᠤᠷᠢᠳ ᠬᠣᠵᠢᠳ ᠫᠠᠢᠰᠠ ᠡᠯᠭᠦᠨ ᠪᠠᠢᠭᠤᠯᠤᠭᠳᠠᠪᠠ᠃

  ᠫᠠᠢᠰᠠ ᠡᠯᠭᠦᠬᠦ ᠶᠣᠰᠤᠯᠠᠯ᠎ᠨᠢ ᠲᠤᠬᠠᠢ᠎ᠶᠢᠨ ᠡᠳᠦᠷ᠎ᠲᠦ ᠤᠯᠠᠭᠠᠨᠪᠠᠭᠠᠲᠤᠷ ᠶᠡᠬᠡ ᠰᠤᠷᠭᠠᠭᠤᠯᠢ᠎ᠳᠤ ᠶᠠᠪᠤᠭᠳᠠᠪᠠ᠃ ᠳᠤᠮᠳᠠᠳᠤ ᠤᠯᠤᠰ᠎ᠤᠨ ᠥᠪᠦᠷ ᠮᠣᠩᠭᠤᠯ᠎ᠤᠨ ᠥᠪᠡᠷᠲᠡᠭᠡᠨ ᠵᠠᠰᠠᠬᠤ ᠣᠷᠤᠨ᠎ᠤ ᠠᠷᠠᠳ᠎ᠤᠨ ᠵᠠᠰᠠᠭ᠎ᠤᠨ ᠣᠷᠳᠤᠨ᠎ᠤ ᠰᠣᠨᠢᠨ ᠮᠡᠳᠡᠭᠡᠨ᠎ᠤ ᠠᠯᠪᠠᠨ ᠭᠡᠷ᠎ᠤᠨ ᠡᠷᠬᠢᠯᠡᠭᠴᠢ ᠬᠠᠨ ᠶᠦᠨ ᠱᠢᠶᠠᠩ᠎ᠦᠨ ᠲᠠᠨᠢᠯᠴᠠᠭᠤᠯᠬᠤ᠎ᠪᠠᠷ᠂ ᠮᠣᠩᠭᠤᠯ ᠤᠯᠤᠰ᠎ᠲᠤ 《ᠳᠤᠮᠳᠠᠳᠤ ᠤᠯᠤᠰ᠎ᠤᠨ ᠨᠣᠮ ᠰᠤᠳᠤᠷ᠎ᠤᠨ ᠤᠩᠱᠢᠯᠭ᠎ᠠ᠎ᠶᠢᠨ ᠥᠷᠦᠭᠡ》 ᠪᠠᠢᠭᠤᠯᠬᠤ᠎ᠨᠢ ᠳᠤᠮᠳᠠᠳᠤ ᠮᠣᠩᠭᠤᠯ᠎ᠤᠨ ᠭᠠᠳᠠᠭᠠᠳᠤ ᠬᠠᠷᠢᠯᠴᠠᠭ᠎ᠠ ᠪᠠᠢᠭᠤᠯᠤᠭᠰᠠᠨ 70 ᠵᠢᠯ᠎ᠤᠨ ᠣᠢ᠎ᠶᠢ ᠳᠤᠷᠠᠰᠭᠠᠬᠤ ᠱᠢᠷᠢᠰ ᠰᠣᠶᠤᠯ᠎ᠤᠨ ᠠᠵᠢᠯᠯᠠᠭ᠎ᠠ᠎ᠶᠢᠨ ᠨᠢᠭᠡ ᠪᠣᠯᠤᠨ᠎ᠠ᠃ ᠳᠤᠮᠳᠠᠳᠤ ᠤᠯᠤᠰ ᠤᠯᠠᠭᠠᠨᠪᠠᠭᠠᠲᠤᠷ ᠶᠡᠬᠡ ᠰᠤᠷᠭᠠᠭᠤᠯᠢ᠎ᠳᠤ 600 ᠭᠠᠷᠤᠢ ᠲᠥᠷᠦᠯ᠎ᠤᠨ 1000 ᠭᠠᠷᠤᠢ ᠨᠣᠮ ᠬᠠᠨᠳᠢᠪᠯᠠᠪᠠ᠃ ᠡᠳᠡᠭᠡᠷ ᠨᠣᠮ ᠰᠤᠳᠤᠷ᠎ᠢᠶᠠᠷ ᠲᠠᠮᠵᠢᠵᠤ᠂ ᠮᠣᠩᠭᠤᠯ ᠤᠯᠤᠰ᠎ᠤᠨ ᠠᠷᠠᠳ ᠣᠯᠠᠨ ᠳᠤᠮᠳᠠᠳᠤ ᠤᠯᠤᠰ᠎ᠤᠨ ᠰᠣᠶᠤᠯ᠎ᠢ ᠣᠢᠯᠠᠭᠠᠵᠤ ᠪᠣᠯᠤᠨ᠎ᠠ᠃ 《ᠳᠤᠮᠳᠠᠳᠤ ᠤᠯᠤᠰ᠎ᠤᠨ ᠨᠣᠮ ᠰᠤᠳᠤᠷ᠎ᠤᠨ ᠤᠩᠱᠢᠯᠭ᠎ᠠ᠎ᠶᠢᠨ ᠥᠷᠦᠭᠡ》᠎ᠨᠢ ᠳᠤᠮᠳᠠᠳᠤ ᠮᠣᠩᠭᠤᠯ ᠬᠣᠶᠠᠷ ᠤᠯᠤᠰ᠎ᠤᠨ ᠰᠣᠶᠤᠯ᠎ᠤᠨ ᠰᠣᠯᠢᠯᠴᠠᠭᠠᠨ ᠬᠥᠭᠦᠷᠭᠡ ᠪᠠ ᠬᠣᠯᠪᠤᠭᠠᠰᠤ᠎ᠶᠢᠨ ᠦᠢᠯᠡᠳᠦᠯ ᠦᠵᠡᠭᠦᠯᠦᠨ᠎ᠡ ᠬᠡᠵᠤ ᠬᠠᠨ ᠶᠦᠨ ᠱᠢᠶᠠᠩ ᠢᠯᠡᠳᠭᠡᠪᠡ᠃

  ᠶᠣᠰᠤᠯᠠᠯ ᠲᠡᠭᠡᠷ᠎ᠡ᠂ ᠳᠤᠮᠳᠠᠳᠤ ᠤᠯᠤᠰ᠎ᠤᠨ ᠥᠪᠦᠷ ᠮᠣᠩᠭᠤᠯ᠎ᠤᠨ ᠬᠡᠪᠯᠡᠯ᠎ᠤᠨ ᠪᠦᠯᠦᠭᠯᠡᠯ᠎ᠤᠨ ᠶᠡᠷᠦᠩᠬᠡᠢ ᠲᠠᠭᠠᠭᠠᠮᠠᠯ ᠽᠧᠩ ᠬᠠᠨ 《ᠳᠤᠮᠳᠠᠳᠤ ᠤᠯᠤᠰ᠎ᠤᠨ ᠨᠣᠮ ᠰᠤᠳᠤᠷ᠎ᠤᠨ ᠤᠩᠱᠢᠯᠭ᠎ᠠ᠎ᠶᠢᠨ ᠥᠷᠦᠭᠡ》᠎ᠶᠢᠨ ᠲᠥᠰᠦᠪ᠎ᠢ ᠬᠡᠳᠦᠨ ᠱᠠᠲᠤ ᠬᠤᠪᠢᠶᠠᠵᠤ ᠶᠠᠪᠤᠭᠳᠠᠭᠤᠯᠤᠨ᠎ᠠ᠂ ᠡᠩ ᠲᠡᠷᠢᠭᠦᠨ᠎ᠳᠤ ᠮᠣᠩᠭᠤᠯ ᠤᠯᠤᠰ᠎ᠤᠨ ᠬᠡᠰᠡᠭ ᠰᠤᠷᠭᠠᠭᠤᠯᠢ᠂ ᠨᠣᠮ᠎ᠤᠨ ᠰᠠᠩ᠎ᠢ ᠰᠣᠩᠭᠤᠵᠤ 《ᠳᠤᠮᠳᠠᠳᠤ ᠤᠯᠤᠰ᠎ᠤᠨ ᠨᠣᠮ ᠰᠤᠳᠤᠷ᠎ᠤᠨ ᠤᠩᠱᠢᠯᠭ᠎ᠠ᠎ᠶᠢᠨ ᠥᠷᠦᠭᠡ》 ᠪᠠᠢᠭᠤᠯᠬᠤ᠎ᠶᠢᠨ ᠬᠠᠮᠲᠤ ᠦᠨ᠎ᠡ ᠲᠥᠯᠦᠪᠦᠷᠢ᠎ᠦᠭᠡᠢ᠎ᠪᠠᠷ ᠨᠣᠮ ᠪᠢᠴᠢᠭ ᠬᠠᠩᠭᠠᠨ᠎ᠠ᠃ ᠰᠠᠭᠦᠯᠡᠷ ᠲᠥᠰᠦᠪ᠎ᠢ ᠬᠡᠷᠡᠭᠵᠢᠭᠦᠯᠵᠦ ᠪᠠᠢᠭ᠎ᠠ ᠪᠠᠢᠳᠠᠯ ᠪᠠ ᠦᠷ᠎ᠡ ᠪᠦᠲᠦᠮᠵᠢ᠎ᠶᠢ ᠦᠨᠳᠦᠰᠦᠯᠡᠨ ᠨᠣᠮ ᠪᠢᠴᠢᠭ ᠬᠠᠩᠭᠠᠬᠤ ᠬᠦᠷᠢᠶ᠎ᠠ ᠬᠡᠪᠴᠢᠶ᠎ᠡ ᠪᠠ ᠲᠣᠭ᠎ᠠ ᠬᠡᠮᠵᠢᠶ᠎ᠡ᠎ᠶᠢ ᠵᠢᠯ ᠲᠠᠷᠠᠭᠠᠯᠠᠨ ᠥᠷᠭᠡᠳᠬᠡᠨ᠎ᠡ ᠭᠡᠵᠦ ᠶᠠᠷᠢᠪᠠ᠃

   《ᠳᠤᠮᠳᠠᠳᠤ ᠤᠯᠤᠰ᠎ᠤᠨ ᠨᠣᠮ ᠰᠤᠳᠤᠷ᠎ᠤᠨ ᠤᠩᠱᠢᠯᠭ᠎ᠠ᠎ᠶᠢᠨ ᠥᠷᠦᠭᠡ》᠎ᠳᠤ ᠲᠡᠯᠭᠡᠭᠳᠡᠭᠰᠡᠨ ᠬᠢᠲᠠᠳ ᠬᠡᠯᠡ᠂ ᠤᠯᠠᠮᠵᠢᠯᠠᠯᠲᠤ ᠮᠣᠩᠭᠤᠯ ᠬᠡᠯᠡ᠂ ᠺᠢᠷᠢᠯ ᠮᠣᠩᠭᠤᠯ ᠬᠡᠯᠡ ᠵᠡᠷᠭᠡ ᠬᠡᠪᠯᠡᠯ᠎ᠤᠨ ᠨᠣᠮ ᠪᠢᠴᠢᠭ᠎ᠨᠢ ᠳᠤᠮᠳᠠᠳᠤ ᠤᠯᠤᠰ᠎ᠦᠨ ᠥᠪᠦᠷ ᠮᠣᠩᠭᠤᠯ᠎ᠤᠨ ᠬᠡᠪᠯᠡᠯ᠎ᠤᠨ ᠪᠦᠯᠦᠭᠯᠡᠯ᠎ᠳᠤ ᠬᠠᠷᠢᠶᠠᠯᠠᠭᠳᠠᠬᠤ ᠥᠪᠦᠷ ᠮᠣᠩᠭᠤᠯ᠎ᠤᠨ ᠠᠷᠠᠳ᠎ᠤᠨ ᠬᠡᠪᠯᠡᠯ᠎ᠤᠨ ᠬᠣᠷᠢᠶ᠎ᠠ ᠵᠡᠷᠭᠡ ᠬᠡᠪᠯᠡᠯ᠎ᠤᠨ ᠨᠢᠭᠡᠴᠢ᠎ᠠᠴᠠ ᠦᠨ᠎ᠡ ᠲᠥᠯᠦᠪᠦᠷᠢ᠎ᠦᠭᠡᠢ᠎ᠪᠠᠷ ᠬᠠᠩᠭᠠᠪᠠ᠂ ᠠᠭᠤᠯᠭ᠎ᠠ᠎ᠨᠢ ᠲᠡᠤᠬᠡ᠂ ᠠᠨᠠᠭᠠᠬᠤ ᠤᠬᠠᠭᠠᠨ᠂ ᠪᠡᠶ᠎ᠡ᠎ᠶᠢᠨ ᠲᠠᠮᠢᠷ᠂ ᠤᠳᠬ᠎ᠠ ᠵᠣᠬᠢᠶᠠᠯ ᠵᠡᠷᠭᠡ ᠣᠯᠠᠨ ᠵᠦᠢᠯ᠎ᠦᠨ ᠬᠦᠷᠢᠶ᠎ᠡ ᠬᠡᠪᠴᠢᠶᠡᠨ᠎ᠳᠤ ᠬᠣᠯᠪᠤᠭᠳᠠᠵᠠᠢ᠃

  ᠤᠯᠠᠭᠠᠨᠪᠠᠭᠠᠲᠤᠷ ᠶᠡᠬᠡ ᠰᠤᠷᠭᠠᠭᠤᠯᠢ᠎ᠶᠢᠨ ᠵᠠᠬᠢᠷᠤᠯ ᠪᠠᠢᠭᠠᠯᠢᠰᠠᠢᠬᠠᠨ ᠶᠣᠰᠤᠯᠠᠯ ᠲᠡᠭᠡᠷ᠎ᠡ ᠤᠯᠠᠭᠠᠨᠪᠠᠭᠠᠲᠤᠷ ᠶᠡᠬᠡ ᠰᠤᠷᠭᠠᠭᠤᠯᠢ ᠳᠤᠮᠳᠠᠳᠤ ᠤᠯᠤᠰ᠎ᠲᠠᠢ ᠡᠯ᠎ᠡ ᠲᠠᠯ᠎ᠠ᠎ᠤᠨ ᠬᠠᠮᠲᠤᠷᠠᠯᠴᠠᠭ᠎ᠠ᠎ᠶᠢ ᠢᠳᠡᠪᠬᠢᠲᠡᠢ ᠥᠷᠨᠢᠭᠦᠯᠦᠭᠰᠡᠭᠡᠷ ᠢᠷᠡᠵᠡᠢ᠂ ᠣᠳᠤᠬᠠᠨ᠎ᠳᠤ ᠨᠢᠭᠡᠨᠲᠡ ᠺᠦᠩᠽᠢ᠎ᠶᠢᠨ ᠬᠢᠴᠢᠶᠡᠯ᠎ᠤᠨ ᠲᠠᠩᠬᠢᠮ ᠪᠠ ᠨᠡᠷᠡᠬᠦᠢ ᠪᠣᠯᠪᠠᠰᠤᠷᠠᠯ᠎ᠤᠨ ᠲᠥᠪ᠎ᠲᠠᠢ ᠪᠣᠯᠪᠠ᠃ 《ᠳᠤᠮᠳᠠᠳᠤ ᠤᠯᠤᠰ᠎ᠤᠨ ᠨᠣᠮ ᠰᠤᠳᠤᠷ᠎ᠤᠨ ᠤᠩᠱᠢᠯᠭ᠎ᠠ᠎ᠶᠢᠨ ᠥᠷᠦᠭᠡ》 ᠪᠠᠢᠭᠤᠯᠤᠭᠳᠠᠭᠰᠠᠨ᠎ᠨᠢ ᠰᠤᠷᠤᠭᠴᠢᠳ ᠳᠤᠮᠳᠠᠳᠤ ᠤᠯᠤᠰ᠎ᠤᠨ ᠰᠣᠶᠤᠯ᠎ᠤᠨ ᠲᠤᠬᠠᠢ ᠣᠢᠯᠠᠭᠠᠯᠲᠠ᠎ᠪᠠᠨ ᠲᠡᠭᠡᠭᠱᠢᠯᠡᠭᠦᠯᠬᠦ᠎ᠳᠤ ᠠᠱᠢᠭᠲᠠᠢ᠎ᠶᠤᠮ ᠬᠡᠵᠤ ᠢᠯᠡᠳᠬᠡᠪᠠ᠃

 

 

    ᠱᠢᠨᠬᠤᠧᠠ ᠰᠦᠯᠵᠢᠶ᠎ᠡ᠎ᠠᠴᠠ ᠣᠷᠴᠢᠭᠤᠯᠤᠨ ᠨᠡᠢᠲᠡᠯᠡᠪᠡ   

    ᠣᠷᠴᠢᠭᠤᠯᠤᠭᠴᠢ᠄ ᠰᠠᠢᠬᠠᠨ᠎ᠠ

(ᠬᠠᠷᠢᠭᠤᠴᠠᠭᠰᠠᠨ ᠨᠠᠢᠷᠠᠭᠤᠯᠤᠭᠴᠢ : ᠰᠠᠭᠤᠷᠢᠪᠡᠬᠢ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604