ᠶᠡᠷᠤᠩᠬᠡᠢ ᠱᠦᠵᠢ ᠰᠢ᠎ᠵᠢᠨ ᠫᠢᠩ᠎ᠤᠨ ᠴᠢᠬᠤᠯᠠ ᠶᠠᠷᠢᠶ᠎ᠠ᠎ᠨᠢ ᠣᠯᠠᠨ᠎ᠤ ᠳᠣᠮᠳᠠ ᠬᠠᠯᠠᠭᠤᠨ ᠳᠣᠰᠭᠠᠯ ᠭᠠᠷᠭᠠᠵᠤ ᠪᠠᠢᠨ᠎ᠠ
2019.09.24

ᠨᠠᠮ᠎ᠤᠨ ᠲᠦᠪ ᠬᠣᠷᠢᠶᠠᠨ᠎ᠤ ᠣᠯᠤᠰ ᠲᠦᠷᠦ᠎ᠶᠢᠨ ᠵᠦᠪᠯᠡᠯᠬᠡᠨ᠎ᠤ ᠠᠵᠢᠯ᠎ᠤᠨ ᠬᠣᠷᠠᠯ ᠪᠠ ᠳᠣᠮᠳᠠᠳᠤ ᠣᠯᠤᠰ᠎ᠤᠨ ᠠᠷᠠᠳ᠎ᠤᠨ ᠣᠯᠤᠰ ᠲᠦᠷᠦ᠎ᠶᠢᠨ ᠵᠦᠪᠯᠡᠯᠬᠡᠨ᠎ᠤ ᠬᠣᠷᠠᠯ ᠪᠠᠢᠭᠤᠯᠤᠭᠳᠠᠭᠰᠠᠨ 70 ᠵᠢᠯ᠎ᠤᠨ ᠣᠢ᠎ᠶᠢ ᠳᠣᠷᠠᠰᠭᠠᠨ ᠲᠡᠮᠳᠡᠭᠯᠡᠬᠦ ᠬᠣᠷᠠᠯ ᠲᠡᠬᠡᠷ᠎ᠡ ᠶᠠᠷᠢᠭᠰᠠᠨ ᠶᠡᠷᠤᠩᠬᠡᠢ ᠱᠦᠵᠢ ᠰᠢ᠎ᠵᠢᠨ ᠫᠢᠩ᠎ᠤᠨ ᠴᠢᠬᠤᠯᠠ ᠶᠠᠷᠢᠶ᠎ᠠ᠎ᠨᠢ ᠣᠯᠠᠨ᠎ᠤ ᠳᠣᠮᠳᠠ ᠬᠠᠯᠠᠭᠤᠨ ᠳᠣᠰᠭᠠᠯ ᠭᠠᠷᠭᠠᠵᠤ ᠪᠠᠢᠨ᠎ᠠ

  ᠲᠦᠪ ᠷᠠᠳᠢᠤ᠋᠎ᠶᠢᠨ ᠮᠡᠳᠡᠬᠡ᠄
   20 ᠎ᠦ ᠡᠳᠤᠷ ᠬᠣᠷᠠᠯᠳᠤᠭᠤᠯᠤᠭᠰᠠᠨ ᠨᠠᠮ᠎ᠤᠨ ᠲᠦᠪ ᠬᠣᠷᠢᠶᠠᠨ᠎ᠤ ᠣᠯᠤᠰ ᠲᠦᠷᠦ᠎ᠶᠢᠨ ᠵᠦᠪᠯᠡᠯᠬᠡᠨ᠎ᠤ ᠠᠵᠢᠯ᠎ᠤᠨ ᠬᠣᠷᠠᠯ ᠪᠠ ᠳᠣᠮᠳᠠᠳᠤ ᠣᠯᠤᠰ᠎ᠤᠨ ᠠᠷᠠᠳ᠎ᠤᠨ ᠣᠯᠤᠰ ᠲᠦᠷᠦ᠎ᠶᠢᠨ ᠵᠦᠪᠯᠡᠯᠬᠡᠨ ᠪᠠᠢᠭᠤᠯᠤᠭᠳᠠᠭᠰᠠᠨ 70 ᠵᠢᠯ᠎ᠤᠨ ᠣᠢ᠎ᠶᠢ ᠳᠤᠷᠠᠰᠭᠠᠨ ᠲᠡᠮᠲᠡᠭᠯᠡᠬᠦ ᠶᠡᠬᠡ ᠬᠣᠷᠠᠯ ᠲᠡᠬᠡᠷ᠎ᠡ ᠶᠡᠷᠤᠩᠬᠡᠢ ᠱᠦᠵᠢ ᠰᠢ᠎ᠵᠢᠨ ᠫᠢᠩ ᠴᠢᠬᠤᠯᠠ ᠶᠠᠷᠢᠶ᠎ᠠ ᠲᠠᠯᠪᠢᠵᠤ ᠴᠢᠬᠤᠯᠠᠴᠢᠯᠠᠬᠤ ᠎ᠳᠤ᠎ᠪᠠᠨ᠂ ᠣᠯᠤᠰ ᠲᠦᠷᠦ᠎ᠪᠠᠷ ᠵᠦᠪᠳᠡᠯᠴᠡᠬᠦ᠂ ᠠᠷᠠᠳᠴᠢᠯᠠᠯ᠎ᠢᠶᠠᠷ ᠬᠢᠨᠠᠯᠳᠠ ᠲᠠᠯᠪᠢᠬᠤ ᠪᠠ ᠲᠦᠷᠦ᠎ᠶᠢᠨ ᠬᠡᠷᠡᠭ᠎ᠲᠤ ᠣᠷᠤᠯᠴᠠᠵᠤ ᠵᠦᠪᠯᠡᠬᠦ ᠬᠢᠷᠢ ᠲᠦᠪᠱᠢᠨ᠎ᠢᠶᠠᠨ ᠲᠡᠭᠡᠭᠱᠢᠯᠡᠬᠦᠯᠵᠤ᠂ ᠬᠠᠮᠳᠤ᠎ᠶᠢᠨ ᠦᠵᠡᠯᠳᠡ ᠲᠠᠨᠢᠯᠳᠠ᠎ᠪᠠᠨ ᠨᠡᠩ ᠰᠠᠢᠨ ᠨᠢᠭᠳᠠᠷᠠᠭᠤᠯᠤᠨ᠂ ᠠᠷᠠᠳ᠎ᠤᠨ ᠣᠯᠤᠰ ᠲᠦᠷᠦ᠎ᠶᠢᠨ ᠵᠦᠪᠯᠡᠯᠬᠡᠨ᠎ᠤ ᠲᠦᠷᠢᠮ᠎ᠢ ᠰᠠᠢᠨ ᠪᠠᠷᠢᠮᠳᠠᠯᠠᠵᠤ᠂ ᠠᠷᠠᠳ᠎ᠤᠨ ᠣᠯᠤᠰ ᠲᠦᠷᠦ᠎ᠶᠢᠨ ᠵᠦᠪᠯᠡᠯᠬᠡᠨ᠎ᠤ ᠦᠢᠯᠡᠰ᠎ᠢ ᠰᠠᠢᠨ 
ᠬᠦᠭᠵᠢᠬᠦᠯᠬᠦ ᠬᠡᠷᠡᠭᠳᠡᠢ ᠬᠡᠵᠡᠢ᠃ ᠬᠣᠷᠠᠯ᠎ᠳᠤ ᠣᠷᠤᠯᠴᠠᠭᠰᠠᠨ ᠲᠦᠯᠦᠬᠡᠯᠡᠭᠴᠢᠳ ᠢᠯᠡᠷᠬᠡᠢᠯᠡᠬᠦ᠎ᠳᠤ᠎ᠪᠠᠨ᠂ ᠶᠡᠷᠤᠩᠬᠡᠢ ᠱᠦᠵᠢ᠎ᠶᠢᠨ ᠱᠠᠭᠠᠷᠳᠠᠯᠭ᠎ᠠ ᠶᠣᠰᠤᠭᠠᠷ ᠱᠢᠨ᠎ᠡ ᠴᠠᠭ ᠦᠶ᠎ᠡ᠎ᠶᠢᠨ ᠠᠷᠠᠳ᠎ᠤᠨ ᠣᠯᠤᠰ ᠲᠦᠷᠦ᠎ᠶᠢᠨ ᠵᠦᠪᠯᠡᠯᠬᠡᠨ᠎ᠤ ᠦᠢᠯᠡᠰ᠎ᠤᠨ ᠬᠦᠭᠵᠢᠯᠳᠡ᠎ᠶᠢᠨ ᠱᠢᠨ᠎ᠡ ᠬᠠᠭᠤᠳᠠᠰᠤ᠎ᠶᠢ ᠦᠷᠬᠦᠯᠵᠢᠯᠡᠨ ᠪᠢᠴᠢᠭᠯᠡᠵᠤ᠂ ᠱᠢᠨ᠎ᠡ ᠴᠠᠭ ᠦᠶ᠎ᠡ᠎ᠶᠢᠨ ᠨᠠᠮ᠎ᠤᠨ ᠲᠡᠦᠬᠡᠳᠤ ᠡᠬᠦᠷᠭᠡ᠎ᠶᠢ ᠪᠡᠶᠡᠯᠡᠬᠦᠯᠬᠦ᠎ᠳᠤ ᠰᠡᠳᠬᠢᠯ ᠨᠢᠬᠡᠳᠤᠨ ᠬᠦᠴᠦᠨ᠎ᠢᠶᠠᠨ ᠬᠠᠮᠳᠤᠳᠭᠠᠬᠤ ᠬᠡᠷᠡᠭᠳᠡᠢ ᠬᠡᠵᠡᠢ᠃
   ᠶᠡᠷᠤᠩᠬᠡᠢ ᠱᠦᠵᠢ ᠰᠢ᠎ᠵᠢᠨ ᠫᠢᠩ ᠶᠠᠷᠢᠶᠠᠨ᠎ᠳᠤ᠎ᠪᠠᠨ ᠠᠷᠠᠳ᠎ᠤᠨ ᠣᠯᠤᠰ ᠲᠦᠷᠦ᠎ᠶᠢᠨ ᠵᠦᠪᠯᠡᠯᠬᠡᠨ ᠪᠠᠢᠭᠤᠯᠤᠭᠳᠠᠭᠰᠠᠨ 70 ᠵᠢᠯ᠎ᠤᠨ ᠳᠣᠷᠱᠢᠬᠢ ᠬᠡᠷᠡᠯ ᠰᠠᠴᠤᠷᠠᠩᠭᠤᠢ ᠲᠡᠦᠬᠡᠨ ᠵᠠᠮᠨᠠᠯ᠎ᠢ ᠡᠷᠬᠢᠴᠡᠬᠦᠯᠵᠤ᠂ ᠱᠢᠨ᠎ᠡ ᠳᠣᠮᠳᠠᠳᠤ ᠣᠯᠤᠰ᠎ᠢ ᠪᠠᠢᠭᠤᠯᠬᠤ ᠪᠠ ᠨᠡᠢᠬᠡᠮ ᠵᠢᠷᠤᠮᠳᠤ ᠬᠣᠪᠢᠰᠭᠠᠯ᠂ ᠪᠦᠳᠦᠬᠡᠨ ᠪᠠᠢᠭᠤᠯᠤᠯᠳᠠ᠂ ᠦᠬᠡᠷᠡᠴᠢᠯᠡᠯᠳᠡ ᠵᠡᠷᠬᠡ ᠡᠯ᠎ᠡ ᠲᠡᠦᠬᠡᠨ ᠴᠠᠭ ᠦᠶ᠎ᠡ᠎ᠳᠤ ᠦᠵᠡᠬᠦᠯᠦᠭᠰᠡᠨ ᠠᠷᠠᠳ᠎ᠤᠨ ᠣᠯᠤᠰ ᠲᠦᠷᠦ᠎ᠶᠢᠨ ᠵᠦᠪᠯᠡᠯᠬᠡᠨ᠎ᠤ ᠴᠢᠬᠤᠯᠠ ᠬᠣᠪᠢ ᠨᠡᠮᠡᠷᠢ᠎ᠶᠢ ᠦᠨᠳᠤᠷ ᠦᠨᠡᠯᠡᠭᠰᠡᠨ ᠶᠣᠮ᠃ ᠠᠷᠠᠳ᠎ᠤᠨ ᠣᠯᠤᠰ ᠲᠦᠷᠦ᠎ᠶᠢᠨ ᠵᠦᠪᠯᠡᠯᠬᠡᠨ᠎ᠤ ᠦᠢᠯᠡᠰ᠎ᠤᠨ 70 ᠵᠢᠯ᠎ᠤᠨ ᠬᠦᠭᠵᠢᠯᠳᠡ᠎ᠶᠢᠨ ᠵᠠᠮᠨᠠᠯ᠎ᠤᠨ ᠬᠡᠷᠡᠴᠢᠯᠡᠭᠴᠢ ᠪᠣᠯᠤᠭᠰᠠᠨ ᠣᠯᠤᠰ ᠲᠦᠷᠦ᠎ᠶᠢᠨ ᠵᠦᠪᠯᠡᠯᠬᠡᠨ᠎ᠤ ᠪᠦᠬᠦ
ᠣᠯᠤᠰ᠎ᠤᠨ ᠬᠣᠷᠢᠶᠠᠨ᠎ᠤ ᠠᠯᠪᠠᠨ ᠪᠠᠢᠭᠤᠯᠭ᠎ᠠ᠎ᠶᠢᠨ ᠭᠠᠪᠢᠶᠠᠨ᠎ᠤ ᠠᠮᠠᠷᠠᠯᠳᠠ᠎ᠳᠤ᠎ᠪᠠᠨ ᠭᠠᠷᠤᠭᠰᠠᠨ ᠬᠣᠤ᠎ᠢ ᠲᠠᠢᠰᠠᠨ ᠳᠣᠤᠷ᠎ᠠ ᠰᠠᠭᠤᠵᠤ ᠶᠡᠷᠤᠩᠬᠡᠢ ᠱᠦᠵᠢ᠎ᠶᠢᠨ ᠶᠠᠷᠢᠶ᠎ᠠ᠎ᠶᠢ ᠰᠣᠨᠤᠰᠤᠭᠰᠠᠨ᠎ᠤ ᠲᠠᠷᠠᠭ᠎ᠠ ᠬᠦᠨ ᠰᠡᠳᠬᠢᠭᠳᠡᠯ᠎ᠲᠡᠢ ᠪᠣᠯᠤᠭᠰᠠᠨ ᠶᠣᠮ᠃ ᠲᠡᠷᠡ ᠬᠡᠯᠡᠬᠦ᠎ᠳᠤ᠎ᠪᠠᠨ᠂ ᠣᠯᠤᠰ ᠲᠦᠷᠦ᠎ᠶᠢᠨ ᠵᠦᠪᠯᠡᠯᠬᠡᠨ᠎ᠤ ᠬᠢᠵᠤ ᠪᠦᠳᠦᠬᠡᠭᠰᠡᠨ ᠠᠵᠢᠯ᠂ ᠳᠣᠭᠤᠯᠵᠤ ᠢᠷᠡᠭᠰᠡᠨ ᠵᠠᠮ ᠮᠦᠷ᠎ᠢ ᠰᠠᠢᠬᠠᠨ ᠳ᠋ᠦᠩᠨᠡᠭᠰᠡᠨ ᠪᠠᠢᠨ᠎ᠠ᠃ ᠲᠦᠷᠦ ᠬᠦᠷᠦᠨ᠎ᠤ ᠣᠯᠤᠰ ᠲᠦᠷᠦ᠎ᠶᠢᠨ ᠠᠮᠢᠳᠤᠷᠠᠯ᠎ᠳᠡᠬᠢ ᠣᠯᠤᠰ ᠲᠦᠷᠦ᠎ᠶᠢᠨ ᠵᠦᠪᠯᠡᠯᠬᠡᠨ᠎ᠤ ᠪᠠᠢᠷᠢ ᠰᠠᠭᠤᠷᠢ ᠣᠯᠠᠮ ᠲᠡᠭᠡᠭᠱᠢᠯᠡᠵᠤ ᠦᠢᠯᠡᠳᠤᠯ᠎ᠨᠢ ᠶᠡᠬᠡ᠎ᠪᠡᠷ ᠨᠡᠮᠡᠭᠳᠡᠬᠦ᠎ᠶᠢᠨ ᠲᠠᠭᠠᠤ ᠣᠳᠤ ᠰᠦᠯᠵᠢᠶᠡᠨ ᠲᠡᠬᠡᠷ᠎ᠡ ᠵᠦᠪᠯᠡᠬᠦ ᠵᠡᠷᠬᠡ ᠮᠠᠨ᠎ᠤ ᠲᠡᠷᠡ ᠴᠠᠭ ᠦᠶ᠎ᠡ᠎ᠶᠢᠨ ᠬᠥᠮᠦᠰ᠎ᠦᠨ ᠲᠦᠰᠦᠬᠡᠯᠡᠬᠦ᠎ᠶᠢᠨ ᠠᠷᠭ᠎ᠠ ᠦᠬᠡᠢ ᠣᠯᠠᠨ ᠵᠦᠢᠯ᠎ᠤᠨ ᠱᠢᠨ᠎ᠡ ᠠᠷᠭ᠎ᠠ ᠬᠡᠯᠪᠡᠷᠢ ᠢᠯᠡᠷᠡᠭᠰᠡᠨ ᠶᠣᠮ᠃ ᠬᠣᠢᠱᠢᠳᠠ᠎ᠶᠢᠨ ᠠᠵᠢᠯ᠎ᠳᠤ ᠳᠣᠰᠭᠠᠢ ᠵᠦᠪᠯᠡᠬᠦ ᠡᠨᠡ᠎ᠬᠦ ᠴᠢᠳᠠᠪᠬᠢ ᠪᠣᠯ ᠬᠠᠮᠤᠭ᠎ᠤᠨ ᠴᠢᠬᠤᠯᠠ ᠵᠦᠢᠯ ᠮᠦᠨ ᠬᠡᠵᠤ ᠪᠢ ᠦᠵᠡᠵᠦ ᠪᠠᠢᠨ᠎ᠠ᠃ ᠲᠡᠷᠢᠬᠦᠯᠡᠭᠴᠢ ᠰᠢ᠎ᠵᠢᠨ ᠫᠢᠩ ᠣᠯᠤᠰ ᠲᠦᠷᠦ᠎ᠶᠢᠨ ᠵᠦᠪᠯᠡᠬᠡᠨ᠎ᠤ ᠬᠣᠢᠱᠢᠳᠠ᠎ᠶᠢᠨ ᠠᠵᠢᠯ᠎ᠳᠤ ᠬᠡᠳᠤᠨ ᠲᠠᠯ᠎ᠠ᠎ᠶᠢᠨ ᠵᠢᠭᠠᠪᠦᠷᠢ ᠳᠣᠷᠠᠳᠴᠤ᠂ ᠣᠯᠤᠰ ᠲᠦᠷᠦ᠎ᠶᠢᠨ ᠵᠦᠪᠯᠡᠯᠬᠡᠨ᠎ᠤ ᠠᠵᠢᠯ᠎ᠳᠤ ᠴᠢᠭᠯᠡᠯ᠎ᠢ ᠵᠢᠭᠠᠵᠤ ᠦᠭᠬᠦᠭᠰᠡᠨ ᠪᠠᠢᠨ᠎ᠠ ᠬᠡᠵᠡᠢ᠃
   ᠶᠡᠷᠤᠩᠬᠡᠢ ᠱᠦᠵᠢ ᠰᠢ᠎ᠵᠢᠨ ᠫᠢᠩ ᠵᠢᠭᠠᠬᠤ᠎ᠳᠤ᠎ᠪᠠᠨ᠂ ᠠᠷᠠᠳ᠎ᠤᠨ ᠣᠯᠤᠰ ᠲᠦᠷᠦ᠎ᠶᠢᠨ ᠵᠦᠪᠯᠡᠯᠬᠡᠨ᠎ᠤ ᠲᠦᠷᠢᠮ᠎ᠳᠤ ᠣᠯᠠᠨ ᠦᠪᠡᠷᠮᠢᠴᠠ ᠲᠠᠪᠠᠭᠤᠯᠢᠭ ᠲᠠᠯ᠎ᠠ᠎ᠲᠡᠢ ᠪᠠᠢᠳᠠᠭ᠃ ᠳᠣᠮᠳᠠᠳᠤ ᠣᠯᠤᠰ᠎ᠤᠨ ᠣᠨᠴᠠᠯᠢᠭ᠎ᠲᠡᠢ ᠠᠷᠠᠳᠴᠢᠯᠠᠯ᠎ᠨᠢ ᠳᠣᠮᠳᠠᠳᠤ ᠣᠯᠤᠰ᠎ᠲᠤ ᠶᠠᠪᠤᠭᠳᠠᠵᠤ ᠴᠢᠳᠠᠬᠤ ᠮᠦᠷᠳᠡᠬᠡᠨ ᠮᠠᠱᠢ ᠲᠣᠰᠠ ᠪᠣᠯᠤᠨ᠎ᠠ ᠬᠡᠳᠡᠭ᠎ᠢ ᠦᠢᠯᠡᠳᠤᠯᠬᠡ ᠬᠦᠢᠴᠡᠳ ᠬᠡᠷᠡᠴᠢᠯᠡᠭᠰᠡᠨ ᠶᠣᠮ᠃ ᠱᠢᠨ᠎ᠡ ᠪᠠᠢᠳᠠᠯ᠎ᠳᠤ ᠪᠢᠳᠡ ᠡᠷᠬᠡᠪᠱᠢ ᠠᠷᠠᠳ᠎ᠤᠨ ᠣᠯᠤᠰ ᠲᠦᠷᠦ᠎ᠶᠢᠨ ᠵᠦᠪᠯᠡᠯᠬᠡᠨ᠎ᠤ ᠲᠦᠷᠢᠮ᠎ᠢ ᠰᠠᠢᠨ ᠪᠠᠷᠢᠮᠳᠠᠯᠠᠵᠤ᠂ ᠠᠷᠠᠳ᠎ᠤᠨ ᠣᠯᠤᠰ ᠲᠦᠷᠦ᠎ᠶᠢᠨ ᠵᠦᠪᠯᠡᠯᠬᠡᠨ᠎ᠤ ᠦᠢᠯᠡᠰ᠎ᠢ ᠰᠠᠢᠳᠤᠷ ᠬᠦᠭᠵᠢᠬᠦᠯᠵᠤ᠂ ᠨᠢᠬᠡᠳᠤᠮᠡᠯ ᠹᠷᠤᠨᠲ᠎ᠤᠨ ᠠᠵᠢᠯ᠎ᠢ ᠦᠷᠨᠢᠬᠦᠯᠬᠦ ᠡᠬᠦᠷᠭᠡ ᠬᠠᠷᠢᠭᠤᠴᠠᠯᠭ᠎ᠠ᠎ᠪᠠᠨ ᠴᠢᠩᠭᠠᠳᠭᠠᠵᠤ᠂ ᠨᠡᠩ ᠣᠯᠠᠨ ᠬᠦᠮᠦᠰ᠎ᠢ ᠨᠠᠮ᠎ᠤᠨ ᠳᠣᠭᠤᠷᠢᠨ᠎ᠳᠤ ᠪᠦᠯᠬᠦᠮᠳᠡᠬᠦᠯᠦᠨ ᠨᠢᠭᠳᠠᠷᠠᠭᠤᠯᠵᠤ᠂ ᠠᠷᠠᠳ᠎ᠤᠨ ᠣᠯᠤᠰ ᠲᠦᠷᠦ᠎ᠶᠢᠨ ᠵᠦᠪᠯᠡᠯᠬᠡᠨ᠎ᠤ ᠦᠷᠬᠡᠨ ᠣᠯᠠᠨ ᠠᠵᠢᠯᠳᠠᠳ᠎ᠤᠨ ᠢᠳᠡᠬᠡᠯ᠎ᠢ ᠴᠢᠨᠠᠭᠱᠢᠳᠠ ᠪᠠᠳᠤᠳᠭᠠᠬᠤ ᠬᠡᠷᠡᠭᠳᠡᠢ ᠬᠡᠵᠡᠢ᠃
   ᠤᠯᠤᠰ ᠲᠥᠷᠦ᠎ᠶᠢᠨ ᠵᠥᠪᠯᠡᠯᠭᠡᠨ᠎ᠤ ᠪᠦᠬᠦ ᠤᠯᠤᠰ᠎ᠤᠨ ᠬᠣᠷᠢᠶᠠᠨ᠎ᠤ ᠪᠠᠢᠩᠭᠤ᠎ᠶᠢᠨ ᠬᠣᠷᠢᠶᠠᠨ᠎ᠤ ᠭᠡᠱᠢᠭᠦᠨ ᠪᠥᠭᠡᠳ ᠲᠡᠳ ᠨᠠᠷᠢᠨ ᠪᠢᠴᠢᠭ᠎ᠤᠨ ᠲᠠᠷᠤᠭ᠎ᠠ᠂ ᠳᠤᠮᠳᠠᠳᠤ ᠤᠯᠤᠰ᠎ᠤᠨ ᠠᠷᠠᠳᠴᠢᠯᠠᠯ᠎ᠢᠶᠠᠷ ᠠᠬᠢᠭᠤᠯᠬᠤ ᠬᠤᠷᠠᠯ᠎ᠤᠨ ᠲᠥᠪ ᠬᠣᠷᠢᠶᠠᠨ᠎ᠤ ᠲᠡᠳ ᠲᠡᠷᠢᠭᠦᠯᠡᠭᠴᠢ ᠵᠦ ᠶᠦᠩ ᠱᠢᠨ ᠬᠡᠯᠡᠬᠦ᠎ᠳᠤ᠎ᠪᠠᠨ᠂ ᠠᠷᠠᠳ᠎ᠤᠨ ᠤᠯᠤᠰ ᠲᠥᠷᠦ᠎ᠶᠢᠨ ᠵᠥᠪᠯᠡᠯᠭᠡᠨ᠎ᠤ ᠳᠦᠷᠢᠮ᠎ᠨᠢ ᠳᠤᠮᠳᠠᠳᠤ ᠤᠯᠤᠰ᠎ᠤᠨ ᠣᠨᠴᠠᠭᠠᠢ ᠲᠠᠪᠠᠭᠤᠯᠢᠭ ᠪᠣᠯᠬᠤ ᠲᠤᠬᠠᠢ ᠶᠡᠷᠦᠩᠬᠡᠢ ᠱᠦᠵᠢ ᠨᠡᠯᠢᠶᠡᠳ ᠭᠦᠨᠵᠡᠭᠡᠢ ᠲᠣᠳᠤᠷᠬᠠᠢᠯᠠᠨ ᠥᠭᠦᠯᠡᠭᠰᠡᠨ᠎ᠶᠤᠮ᠃ ᠲᠡᠢᠮᠦ ᠪᠣᠯᠬᠤᠷ ᠤᠯᠤᠰ ᠲᠥᠷᠦ᠎ᠶᠢᠨ ᠵᠥᠪᠯᠡᠯᠭᠡᠨ
᠎ᠨᠢ ᠳᠤᠮᠳᠠᠳᠤ ᠤᠯᠤᠰ᠎ᠤᠨ ᠡᠭᠦᠳᠦᠭᠰᠡᠨ᠂ ᠪᠢᠳᠠᠨ᠎ᠤ ᠤᠯᠠᠮᠵᠢᠯᠠᠯᠲᠤ ᠰᠣᠶᠤᠯ ᠪᠣᠯᠤᠨ ᠪᠣᠳᠠᠲᠠᠢ ᠤᠯᠤᠰ᠎ᠤᠨ ᠪᠠᠢᠳᠠᠯ᠎ᠲᠠᠢ ᠨᠡᠢᠴᠡᠭᠰᠡᠨ ᠳᠦᠷᠢᠮ ᠪᠣᠯᠬᠤ᠎ᠶᠢᠨ ᠬᠤᠪᠢ᠎ᠳᠤ ᠨᠡᠢᠭᠡᠮ᠎ᠦᠨ ᠥᠨᠢᠳᠡ᠎ᠶᠢᠨ ᠠᠮᠤᠷ ᠠᠮᠤᠭᠤᠯᠠᠩ ᠪᠠᠢᠬᠤ᠎ᠳᠤ ᠠᠱᠢᠭᠲᠠᠢ ᠪᠥᠭᠡᠳ ᠪᠦᠬᠦᠢᠯᠡ ᠨᠡᠢᠭᠡᠮ ᠨᠡᠢᠲᠡ᠎ᠶᠢᠨ ᠡᠶ᠎ᠡ ᠵᠣᠬᠢᠴᠠᠯ᠎ᠲᠠᠢ ᠬᠥᠭᠵᠢᠬᠦ᠎ᠳᠦ ᠠᠱᠢᠭᠲᠠᠢ ᠭᠡᠵᠦ ᠦᠵᠡᠵᠦ ᠪᠠᠢᠨ᠎ᠠ ᠭᠡᠵᠡᠢ᠃
   ᠨᠠᠮ᠎ᠤᠨ ᠠᠷᠪᠠᠨ ᠨᠠᠢᠮᠠᠳᠤᠭᠠᠷ ᠶᠡᠬᠡ ᠬᠤᠷᠠᠯ᠎ᠠᠴᠠ ᠨᠠᠭᠠᠱᠢᠬᠢ ᠱᠢᠨ᠎ᠡ ᠱᠠᠭᠠᠷᠳᠠᠯᠭ᠎ᠠ᠎ᠶᠢ ᠪᠦᠬᠦ ᠲᠠᠯ᠎ᠠ᠎ᠪᠠᠷ ᠳ᠋ᠦᠩᠨᠡᠭᠰᠡᠨ ᠰᠠᠭᠤᠷᠢᠨ ᠲᠡᠭᠡᠷ᠎ᠡ ᠶᠡᠷᠦᠩᠬᠡᠢ ᠱᠦᠵᠢ ᠰᠢ᠎ᠵᠢᠨ ᠫᠢᠩ ᠠᠷᠠᠳ᠎ᠤᠨ ᠤᠯᠤᠰ ᠲᠥᠷᠦ᠎ᠶᠢᠨ ᠵᠥᠪᠯᠡᠯᠭᠡᠨ᠎ᠦ ᠣᠳᠤᠬᠠᠨ᠎ᠤ ᠪᠠ ᠬᠣᠢᠱᠢᠳᠠ᠎ᠶᠢᠨ ᠬᠡᠰᠡᠭ ᠬᠤᠭᠤᠴᠠᠭᠠᠨ᠎ᠳᠤ ᠰᠠᠢᠨ ᠠᠳᠭᠤᠬᠤ ᠭᠣᠤᠯᠳᠠᠯᠭ᠎ᠠ᠎ᠲᠠᠢ ᠬᠡᠳᠦᠨ ᠲᠥᠷᠦᠯ᠎ᠤᠨ ᠠᠵᠢᠯ᠎ᠢ ᠴᠢᠨᠠᠭᠱᠢᠳᠠ ᠲᠣᠳᠤᠷᠬᠠᠢᠯᠠᠭᠰᠠᠨ ᠪᠠᠢᠨ᠎ᠠ᠃ ᠲᠡᠷᠡ ᠴᠢᠬᠤᠯᠠᠴᠢᠯᠠᠬᠤ᠎ᠳᠤ᠎ᠪᠠᠨ᠂ ᠠᠷᠠᠳ᠎ᠤᠨ ᠤᠯᠤᠰ ᠲᠥᠷᠦ᠎ᠶᠢᠨ ᠵᠥᠪᠯᠡᠯᠭᠡᠨ᠎ᠦ ᠬᠢᠨ ᠪᠦᠲᠦᠮᠵᠢᠲᠡᠢ ᠠᠵᠢᠯᠯᠠᠬᠤ᠎ᠪᠠᠷ ᠲᠠᠮᠵᠢᠨ ᠡᠯ᠎ᠡ ᠲᠥᠷᠦᠯ᠎ᠤᠨ ᠠᠵᠢᠯ᠎ᠤᠨ ᠲᠠᠯ᠎ᠠ᠎ᠪᠠᠷ ᠬᠢ ᠨᠠᠮ᠎ᠤᠨ ᠤᠳᠤᠷᠢᠳᠤᠯᠭ᠎ᠠ᠎ᠶᠢ ᠪᠠᠷᠢᠮᠲᠠᠯᠠᠨ ᠴᠢᠩᠭᠠᠳᠭᠠᠬᠤ ᠴᠢᠬᠤᠯᠠ ᠹᠷᠤᠨᠲ᠂ ᠨᠠᠮ
᠎ᠤᠨ ᠡᠭᠦᠳᠦᠯᠲᠡ ᠱᠢᠨᠡᠴᠢᠯᠡᠯᠲᠡ ᠬᠢᠬᠦ ᠣᠨᠤᠯ᠎ᠢᠶᠠᠷ ᠦᠨᠳᠦᠰᠦᠲᠡᠨ᠎ᠨᠦᠭᠦᠳ᠎ᠤᠨ ᠡᠯ᠎ᠡ ᠡᠲᠡᠭᠡᠳ᠎ᠤᠨ ᠵᠢᠳᠬᠦᠯᠲᠡᠳ᠎ᠢ ᠪᠦᠯᠬᠦᠮᠳᠡᠭᠦᠯᠦᠨ ᠵᠢᠯᠤᠭᠤᠳᠭᠤ ᠴᠢᠬᠤᠯᠠ ᠲᠠᠪᠴᠠᠩ᠂ ᠬᠠᠮᠲᠤ᠎ᠶᠢᠨ ᠦᠵᠡᠯ ᠰᠠᠨᠠᠭ᠎ᠠ ᠤᠯᠤᠰ ᠲᠥᠷᠦ᠎ᠶᠢᠨ ᠰᠠᠭᠤᠷᠢᠨ ᠲᠡᠭᠡᠷ᠎ᠡ ᠵᠥᠷᠢᠴᠡᠯ ᠵᠢᠭᠤᠷᠠᠭᠠᠨ᠎ᠢ ᠱᠢᠢᠳᠪᠦᠷᠢᠯᠡᠬᠦ ᠪᠠ ᠬᠠᠮᠲᠤ᠎ᠶᠢᠨ ᠦᠵᠡᠯᠲᠡ ᠲᠠᠨᠢᠯᠲᠠ᠎ᠶᠢ ᠨᠢᠭᠲᠠᠷᠠᠭᠤᠯᠬᠤ ᠴᠢᠬᠤᠯᠠ ᠠᠷᠭ᠎ᠠ ᠵᠠᠮ ᠪᠣᠯᠬᠤ᠎ᠪᠠᠷ ᠴᠢᠷᠮᠠᠢᠬᠤ ᠬᠡᠷᠡᠭᠲᠡᠢ ᠭᠡᠵᠡᠢ᠃
   ᠤᠯᠤᠰ ᠲᠥᠷᠦ᠎ᠶᠢᠨ ᠵᠥᠪᠯᠡᠯᠭᠡᠨ᠎ᠦ ᠪᠦᠬᠦ ᠤᠯᠤᠰ᠎ᠤᠨ ᠬᠣᠷᠢᠶᠠᠨ᠎ᠤ ᠪᠠᠢᠩᠭᠤ᠎ᠶᠢᠨ ᠬᠣᠷᠢᠶᠠᠨ᠎ᠤ ᠭᠡᠱᠢᠭᠦᠨ ᠵᠠᠩ ᠯᠢᠶᠠᠨ ᠴᠢ ᠢᠯᠡᠷᠬᠡᠢᠯᠡᠬᠦ᠎ᠳᠤ᠎ᠪᠠᠨ᠂ ᠠᠷᠠᠳ᠎ᠤᠨ ᠤᠯᠤᠰ ᠲᠥᠷᠦ᠎ᠶᠢᠨ ᠵᠥᠪᠯᠡᠯᠭᠡᠨ ᠭᠡᠳᠡᠭ ᠡᠨᠡ᠎ᠬᠦ ᠵᠥᠪᠳᠡᠯᠴᠡᠭᠡ ᠬᠢᠬᠦ ᠲᠤᠰᠭᠠᠢ ᠪᠠᠢᠭᠤᠯᠤᠮᠵᠢ ᠪᠣᠯ
ᠬᠠᠮᠤᠭ᠎ᠤᠨ ᠰᠠᠢᠨ ᠲᠠᠪᠴᠠᠩ ᠪᠣᠯᠤᠨ᠎ᠠ᠂ ᠮᠥᠨ᠎ᠴᠦ ᠪᠢᠳᠠᠨ᠎ᠤ ᠪᠤᠰᠤᠳ ᠤᠯᠤᠰ᠂ ᠪᠤᠰᠤᠳ ᠲᠥᠷᠦ᠎ᠶᠢᠨ ᠨᠠᠮ᠎ᠠᠴᠠ ᠢᠯᠭᠠᠭᠳᠠᠬᠤ ᠤᠯᠤᠰ ᠲᠥᠷᠦ᠎ᠶᠢᠨ ᠢᠯᠠ ᠲᠣᠳᠤ ᠣᠨᠴᠠᠯᠢᠭ ᠪᠥᠭᠡᠳ ᠳᠦᠷᠢᠮ᠎ᠤᠨ ᠲᠠᠪᠠᠭᠤᠯᠢᠭ ᠪᠣᠯᠤᠨ᠎ᠠ᠃ ᠪᠢᠳᠠ ᠡᠨᠡ ᠠᠤᠭ᠎ᠠ ᠶᠠᠪᠤᠴᠠ᠎ᠳᠤ ᠪᠡᠶᠡᠴᠢᠯᠡᠨ ᠣᠷᠤᠯᠴᠠᠵᠤ ᠪᠠᠢᠭ᠎ᠠ᠎ᠳᠤ᠎ᠪᠠᠨ ᠨᠢᠭᠡ ᠲᠠᠯ᠎ᠠ᠎ᠪᠠᠷ ᠰᠡᠳᠬᠢᠯ᠎ᠤᠨ ᠬᠤᠪᠢ᠎ᠳᠤ ᠭᠦᠨ ᠲᠠᠢᠪᠤᠱᠢᠷᠠᠯ᠎ᠲᠠᠢ ᠪᠣᠯᠵᠤ᠂ ᠨᠥᠭᠦᠭᠡ ᠲᠠᠯ᠎ᠠ᠎ᠪᠠᠷ ᠥᠪᠡᠷ᠎ᠤᠨ ᠵᠠᠷᠢᠮ ᠰᠠᠨᠠᠯ ᠰᠠᠨᠠᠭᠤᠯᠭ᠎ᠠ᠎ᠪᠠᠷ᠎ᠢᠶᠠᠨ ᠲᠠᠮᠵᠢᠭᠤᠯᠤᠨ ᠠᠷᠠᠳ ᠲᠦᠮᠡᠨ᠂ ᠤᠯᠤᠰ ᠣᠷᠤᠨ᠎ᠳᠤ᠎ᠪᠠᠨ ᠣᠶᠤᠨ ᠤᠬᠠᠭᠠᠨ ᠬᠦᠴᠦ᠎ᠪᠡᠨ ᠡᠷᠭᠦᠵᠦ ᠪᠠᠢᠳᠠᠭ᠃ ᠪᠢᠳᠠ ᠲᠤᠰᠭᠠᠢᠯᠠᠨ ᠵᠥᠪᠳᠡᠯᠴᠡᠭᠡ ᠬᠢᠬᠦ ᠪᠠᠢᠭᠤᠯᠤᠮᠵᠢ᠎ᠶᠢᠨ ᠲᠤᠰᠭᠠᠢ ᠪᠠᠢᠳᠠᠭ ᠣᠨᠴᠠᠯᠢᠭ᠎ᠢ ᠴᠢᠨᠠᠭᠱᠢᠳᠠ ᠪᠠᠳᠠᠷᠠᠭᠤᠯᠵᠤ᠂ ᠲᠤᠰᠭᠠᠢᠯᠠᠨ ᠵᠥᠪᠳᠡᠯᠴᠡᠭᠡ ᠬᠢᠬᠦ ᠪᠠᠢᠭᠤᠯᠤᠮᠵᠢ᠎ᠶᠢᠨ ᠭᠡᠷᠡᠯ ᠭᠡᠭᠡ᠎ᠶᠢ ᠳᠤᠮᠳᠠᠳᠤ᠎ᠶᠢᠨ ᠨᠤᠲᠤᠭ᠎ᠲᠤ ᠥᠨᠢᠳᠡ ᠰᠠᠴᠤᠷᠠᠭᠤᠯᠬᠤ᠎ᠶᠢ ᠬᠦᠰᠡᠵᠦ ᠪᠠᠢᠨ᠎ᠠ ᠭᠡᠵᠡᠢ᠃
   ᠡᠯ᠎ᠡ ᠲᠠᠯ᠎ᠠ᠎ᠠᠴᠠ ᠨᠠᠷᠢᠨ ᠬᠢᠨᠠᠭᠤᠷ ᠵᠥᠪᠳᠡᠵᠦ ᠰᠣᠩᠭᠤᠭᠰᠠᠨ ᠡᠯ᠎ᠡ ᠨᠠᠮ ᠪᠦᠯᠦᠭ ᠪᠣᠯᠤᠨ ᠦᠨᠳᠦᠰᠦᠲᠡᠨ ᠨᠥᠭᠦᠳ᠎ᠤᠨ ᠡᠯ᠎ᠡ ᠡᠲᠡᠭᠡᠳ᠎ᠤᠨ ᠵᠢᠳᠬᠦᠯᠲᠡᠳ ᠪᠣᠯᠬᠤ ᠤᠯᠤᠰ ᠲᠥᠷᠦ᠎ᠶᠢᠨ ᠵᠥᠪᠯᠡᠯᠭᠡᠨ᠎ᠦ ᠭᠡᠱᠢᠭᠦᠨ᠎ᠨᠢ ᠡᠯ᠎ᠡ ᠡᠲᠡᠭᠡᠳ᠎ᠤᠨ ᠣᠯᠠᠨ ᠲᠦᠮᠡᠨ᠎ᠤ ᠡᠮᠦᠨ᠎ᠡ᠎ᠡᠴᠡ ᠲᠥᠷᠦ ᠭᠦᠷᠦᠨ᠎ᠤ ᠶᠠᠪᠤᠳᠠᠯ᠎ᠳᠤ ᠣᠷᠤᠯᠴᠠᠨ᠂ ᠡᠭᠦᠷᠭᠡ ᠬᠠᠷᠢᠭᠤᠴᠠᠯᠭ᠎ᠠ᠎ᠪᠠᠨ ᠭᠦᠢᠴᠡᠳᠬᠡᠵᠦ ᠪᠠᠢᠳᠠᠭ᠃ ᠡᠨᠡ ᠪᠣᠯ ᠢᠷᠠᠭᠤ ᠠᠯᠳᠠᠷ ᠪᠥᠭᠡᠳ ᠨᠡᠩ᠎ᠴᠦ ᠬᠠᠷᠢᠭᠤᠴᠠᠯᠭ᠎ᠠ ᠮᠥᠨ᠃ ᠤᠯᠤᠰ ᠲᠥᠷᠦ᠎ᠶᠢᠨ ᠵᠥᠪᠯᠡᠯᠭᠡᠨ᠎ᠦ ᠪᠦᠬᠦ ᠤᠯᠤᠰ᠎ᠤᠨ ᠬᠣᠷᠢᠶᠠᠨ᠎ᠤ ᠭᠡᠱᠢᠭᠦᠨ ᠵᠧᠦ ᠴᠦᠨ ᠯᠢᠩ ᠬᠡᠯᠡᠬᠦ᠎ᠳᠤ᠎ᠪᠠᠨ᠂ ᠱᠢᠶᠠᠩᠭᠠᠩ ᠣᠷᠤᠨ᠎ᠤ ᠭᠡᠱᠢᠭᠦᠨ ᠪᠣᠯᠤᠭᠰᠠᠨ᠎ᠤ ᠬᠤᠪᠢ᠎ᠳᠤ ᠪᠢᠳᠠ ᠪᠤᠴᠠᠭᠰᠠᠨ᠎ᠤ᠎ᠪᠠᠨ ᠲᠠᠷᠠᠭ᠎ᠠ ᠪᠡᠶ᠎ᠡ᠎ᠪᠡᠷ᠎ᠢᠶᠡᠨ ᠲᠠᠭᠤᠷᠢᠶᠠᠯ ᠪᠣᠯᠵᠤ
ᠨᠢᠭᠡ ᠤᠯᠤᠰ᠎ᠲᠤ ᠬᠣᠶᠠᠷ ᠪᠠᠢᠭᠤᠯᠤᠯ ᠬᠡᠷᠡᠭᠵᠢᠭᠦᠯᠬᠦᠴᠢᠭᠯᠡᠯᠲᠡ᠎ᠶᠢ ᠡᠷᠡᠰ ᠭᠤᠢᠪᠢᠱᠢ᠎ᠦᠭᠡᠢ ᠲᠣᠭᠤᠱᠢᠯᠠᠭᠤᠯᠵᠤ᠂ ᠱᠢᠶᠠᠩᠭᠠᠩ᠎ᠤᠨ ᠬᠥᠭᠵᠢᠯ ᠴᠡᠴᠡᠭᠯᠡᠯ᠂ ᠲᠠᠢᠪᠤᠩ ᠲᠣᠭᠲᠠᠭᠤᠨ ᠪᠠᠢᠳᠠᠯ᠎ᠢ ᠢᠳᠡᠪᠬᠢᠲᠡᠢ ᠬᠠᠮᠠᠭᠠᠯᠠᠵᠤ᠂ ᠤᠯᠤᠰ ᠣᠷᠤᠨ᠎ᠤ ᠪᠠᠢᠭᠤᠯᠤᠯᠲᠠ᠎ᠶᠢᠨ ᠬᠥᠭᠵᠢᠯᠲᠡ᠎ᠶᠢᠨ ᠶᠡᠬᠡ ᠪᠠᠢᠳᠠᠯ᠎ᠳᠤ ᠱᠢᠶᠠᠩᠭᠠᠩ᠎ᠢ ᠠᠭᠤᠰᠤᠯᠴᠠᠭᠤᠯᠬᠤ᠎ᠶᠢ ᠢᠳᠡᠪᠬᠢᠲᠡᠢ ᠠᠬᠢᠭᠤᠯᠵᠤ᠂ ᠨᠢᠭᠡ ᠪᠦᠰᠡ ᠨᠢᠭᠡ ᠵᠠᠮ
᠂ ᠶᠡᠬᠡ ᠪᠤᠯᠤᠩ᠎ᠤᠨ ᠣᠷᠤᠨ᠎ᠤ ᠪᠠᠢᠭᠤᠯᠤᠯᠲᠠ᠎ᠪᠠᠷ ᠱᠢᠶᠠᠩᠭᠠᠩ᠎ᠳᠤ ᠬᠥᠭᠵᠢᠯᠲᠡ᠎ᠶᠢᠨ ᠵᠢᠩᠬᠢᠨᠢ ᠣᠷᠤᠨ ᠵᠠᠢ ᠣᠯᠭᠤᠬᠤ ᠪᠣᠯᠤᠨ᠎ᠠ ᠭᠡᠵᠡᠢ᠃
                            

                                     ᠣᠷᠴᠢᠭᠤᠯᠤᠭᠴᠢ᠄ ᠢᠷᠠᠭᠤ᠂ ᠠᠯᠲᠠᠨᠳᠦᠱᠢ

                  ᠬᠢᠨᠠᠭᠴᠢ᠄ ᠭᠡᠷᠡᠯᠲᠦ

                  ᠨᠠᠢᠷᠠᠭᠤᠯᠤᠭᠴᠢ᠄ ᠷᠠᠱᠢᠨᠢᠮ᠎ᠠ

                  ᠳᠤᠮᠳᠠᠳᠤ ᠤᠯᠤᠰ᠎ᠤᠨ ᠦᠨᠳᠦᠰᠦᠲᠡᠨ᠎ᠦ ᠷᠠᠳᠢᠤ ᠨᠡᠪᠲᠡᠷᠡᠭᠦᠯᠭᠡ᠎ᠶᠢᠨ ᠰᠦᠯᠵᠢᠶᠡᠨ᠎ᠡᠴᠡ ᠱᠢᠯᠵᠢᠭᠦᠯᠦᠨ ᠨᠡᠢᠲᠡᠯᠡᠪᠡ

(ᠬᠠᠷᠢᠭᠤᠴᠠᠭᠰᠠᠨ ᠨᠠᠢᠷᠠᠭᠤᠯᠤᠭᠴᠢ : ᠱᠦ᠍ ᠭᠤᠸᠠᠩ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604