ᠨᠠᠢᠷᠠᠭᠤᠯᠤᠭᠴᠢ᠎ᠶᠢᠨ ᠬᠡᠪ ᠰᠤᠷᠲᠠᠯ᠎ᠤᠨ ᠲᠤᠬᠠᠢ ᠥᠭᠦᠯᠡᠬᠦ᠎ᠨᠢ
2019.06.28

  ᠨᠢᠭᠡ᠂ ᠨᠠᠢᠷᠠᠭᠤᠯᠤᠭᠴᠢ ᠪᠣᠯᠬᠤ ᠦᠨᠳᠦᠰᠦᠨ ᠱᠠᠭᠠᠷᠳᠠᠯᠭ᠎ᠠ ᠪᠠ ᠴᠢᠳᠠᠪᠤᠷᠢ

  ᠨᠢᠭᠡᠨ ᠰᠠᠢᠨ ᠨᠠᠢᠷᠠᠭᠤᠯᠤᠭᠴᠢ ᠪᠣᠯᠬᠤ᠎ᠳᠤ ᠵᠠᠪᠠᠯ ᠥᠷᠭᠡᠨ ᠳᠡᠯᠭᠡᠷ ᠮᠡᠳᠡᠯᠭᠡ᠂ ᠮᠡᠳᠡᠭᠡ ᠵᠠᠩᠭᠢ᠎ᠶᠢ ᠣᠨᠤᠪᠴᠢᠲᠠᠢ ᠰᠡᠷᠡᠵᠦ ᠮᠡᠳᠡᠬᠦ ᠪᠠ ᠦᠭᠡ ᠬᠡᠯᠡ ᠦᠰᠦᠭ ᠪᠢᠴᠢᠭ᠎ᠦᠨ ᠪᠠᠲᠤᠲᠠᠢ ᠰᠠᠭᠤᠷᠢ ᠪᠠᠢᠬᠤ ᠬᠡᠷᠡᠭᠲᠡᠢ᠃

  1. ᠥᠷᠭᠡᠨ ᠳᠡᠯᠭᠡᠷ ᠮᠡᠳᠡᠯᠭᠡ᠎ᠲᠠᠢ ᠪᠠᠢᠬᠤ

  ᠨᠠᠢᠷᠠᠭᠤᠯᠤᠭᠴᠢ ᠬᠥᠮᠦᠰ ᠳᠠᠩᠲᠠ 《ᠪᠦᠬᠦᠨ᠎ᠢ ᠮᠡᠷᠭᠡᠱᠢᠭᠰᠡᠳ》 ᠭᠡᠵᠤ ᠬᠣᠱᠤᠩᠨᠠᠭᠳᠠᠳᠠᠭ᠃ ᠮᠢᠨᠦ ᠣᠢᠯᠠᠭᠠᠬᠤ᠎ᠪᠠᠷ᠂ ᠡᠨᠡ᠎ᠨᠢ ᠦᠨᠡᠨ᠎ᠳᠤ᠎ᠪᠠᠨ ᠮᠠᠭᠤᠱᠢᠶᠠᠭᠰᠠᠨ ᠤᠳᠭ᠎ᠠ᠎ᠲᠠᠢ ᠦᠭᠡ᠂ ᠶᠠᠭᠤ ᠪᠦᠬᠦᠨ᠎ᠢ ᠪᠦᠷ ᠪᠠᠭ᠎ᠠ ᠰᠠᠭ᠎ᠠ ᠮᠡᠳᠡᠬᠦ ᠪᠣᠯᠪᠠᠴᠤ ᠲᠤᠭᠤᠱᠢᠲᠠᠢ ᠮᠡᠳᠡᠵᠦ ᠴᠢᠳᠠᠬᠤ᠎ᠦᠭᠡᠢ ᠭᠡᠰᠡᠨ ᠤᠳᠭ᠎ᠠ᠎ᠲᠠᠢ᠃ ᠨᠠᠢᠷᠠᠭᠤᠯᠬᠤ ᠠᠵᠢᠯ᠎ᠢ ᠰᠠᠢᠲᠤᠷ ᠬᠢᠬᠦ᠎ᠳᠦ ᠮᠡᠳᠡᠯᠭᠡ᠎ᠶᠢᠨ ᠬᠦᠷᠢᠶ᠎ᠡ ᠬᠡᠪᠴᠢᠶ᠎ᠡ᠎ᠪᠡᠨ ᠡᠷᠬᠡᠪᠱᠢ ᠥᠷᠭᠡᠨ ᠪᠠᠢᠯᠭᠠᠬᠤ ᠬᠡᠷᠡᠭᠲᠠᠢ᠂ ᠢᠩᠭᠢᠪᠡᠯ ᠰᠠᠶᠢ ᠡᠬᠡ ᠪᠢᠴᠢᠭ᠎ᠡᠴᠡ ᠲᠤᠰᠭᠠᠢ ᠮᠡᠷᠭᠡᠵᠢᠯ᠎ᠦᠨ ᠴᠢᠨᠠᠷᠲᠠᠢ ᠠᠯᠳᠠᠭ᠎ᠠ ᠪᠠ ᠶᠡᠷᠦ᠎ᠶᠢᠨ ᠮᠡᠳᠡᠯᠭᠡ᠎ᠶᠢᠨ ᠴᠢᠨᠠᠷᠲᠠᠢ ᠠᠯᠳᠠᠭ᠎ᠠ᠎ᠶᠢ ᠢᠯᠡᠷᠡᠭᠦᠯᠵᠦ ᠴᠢᠳᠠᠨ᠎ᠠ᠃ ᠨᠠᠢᠷᠠᠭᠤᠯᠤᠭᠴᠢ ᠮᠡᠳᠡᠯᠭᠡ᠎ᠶᠢᠨ ᠲᠠᠯ᠎ᠠ᠎ᠪᠠᠷ᠂ ᠨᠢᠭᠡ ᠵᠤᠢᠯ᠎ᠳᠤ ᠮᠡᠷᠭᠡᠱᠢᠵᠤ ᠣᠯᠠᠨ ᠲᠠᠯ᠎ᠠ᠎ᠶᠢ ᠬᠠᠮᠤᠷᠤᠨ᠎ᠠ᠂ ᠬᠠᠷᠢᠨ ᠪᠦᠬᠦ ᠲᠠᠯ᠎ᠠ᠎ᠪᠠᠷ ᠪᠦᠷ ᠨᠡᠯᠢᠶᠠᠳ ᠮᠡᠷᠭᠡᠱᠢᠬᠦ ᠪᠢᠱᠢ᠃ ᠡᠢᠮᠦ᠎ᠡᠴᠡ ᠨᠢᠭᠡᠨ ᠬᠢᠷᠢ ᠲᠡᠩᠴᠡᠭᠰᠡᠨ ᠨᠠᠢᠷᠠᠭᠤᠯᠤᠭᠴᠢ ᠪᠣᠯᠤᠶ᠎ᠠ ᠭᠡᠪᠡᠯ ᠡᠷᠬᠡᠪᠱᠢ ᠣᠯᠠᠨ ᠨᠣᠮ ᠤᠩᠱᠢᠵᠤ᠂ ᠣᠯᠠᠨ ᠲᠠᠯ᠎ᠠ᠎ᠶᠢᠨ ᠮᠡᠳᠡᠯᠭᠡ᠎ᠲᠠᠢ ᠪᠠᠢᠬᠤ ᠬᠡᠷᠡᠭᠲᠡᠢ᠃

  2.ᠰᠤᠷᠠᠭ ᠵᠠᠩᠭᠢ᠎ᠶᠢ ᠣᠨᠤᠪᠴᠢᠲᠠᠢ ᠡᠵᠡᠮᠱᠢᠬᠦ

  ᠨᠠᠢᠷᠠᠭᠤᠯᠬᠤ ᠠᠵᠢᠯ᠎ᠤᠨ ᠲᠡᠷᠢᠭᠦᠨ ᠴᠢᠬᠤᠯᠠ ᠠᠵᠢᠯ᠎ᠨᠢ ᠳᠠᠷᠤᠢ ᠰᠡᠳᠦᠪ ᠰᠣᠩᠭᠤᠯᠲᠠ ᠪᠣᠯᠤᠨ᠎ᠠ᠂ ᠰᠡᠳᠦᠪ ᠰᠣᠩᠭᠤᠯᠲᠠ ᠠᠮᠵᠢᠯᠲᠠ ᠣᠯᠬᠤ ᠡᠰᠡᠬᠦ᠎ᠨᠢ ᠨᠡᠯᠢᠶᠡᠳ ᠶᠡᠬᠡ ᠬᠡᠮᠵᠢᠶᠠᠨ ᠳᠡᠭᠡᠷ᠎ᠡ᠎ᠪᠡᠨ ᠨᠣᠮ᠎ᠤᠨ ᠲᠠᠷᠬᠠᠯᠲᠠ᠎ᠶᠢᠨ ᠬᠡᠮᠵᠢᠶ᠎ᠡ ᠪᠠ ᠬᠡᠪᠯᠡᠯ᠎ᠦᠨ ᠬᠣᠷᠢᠶ᠎ᠠ᠎ᠶᠢᠨ ᠢᠷᠡᠭᠡᠳᠦᠢ᠎ᠲᠠᠢ ᠬᠣᠯᠪᠤᠭᠳᠠᠵᠤ ᠪᠠᠢᠭ᠎ᠠ ᠴᠢᠬᠤᠯᠠ ᠠᠰᠠᠭᠤᠳᠠᠯ᠃ ᠨᠢᠭᠡᠨ ᠠᠮᠵᠢᠯᠲᠠ᠎ᠲᠠᠢ ᠰᠡᠳᠦᠪ ᠰᠣᠩᠭᠤᠯᠲᠠ᠎ᠨᠢ ᠰᠤᠷᠠᠭ ᠵᠠᠩᠭᠢ᠎ᠶᠢ ᠣᠨᠤᠪᠴᠢᠲᠠᠢ ᠠᠳᠭᠤᠬᠤ ᠳᠡᠭᠡᠷ᠎ᠡ ᠪᠣᠢ ᠪᠣᠯᠳᠠᠭ᠃ ᠡᠩ ᠲᠡᠷᠢᠭᠦᠨ᠎ᠳᠤ᠂ ᠰᠡᠳᠦᠪ ᠰᠤᠩᠭᠤᠬᠤ ᠦᠨᠳᠦᠰᠦᠯᠡᠯ᠎ᠢᠶᠡᠨ ᠳᠤᠷᠠᠳᠤᠨ᠎ᠠ; ᠳᠠᠷᠠᠭ᠎ᠠ᠎ᠨᠢ᠂ ᠤᠯᠤᠰ᠎ᠤᠨ ᠳᠣᠲᠤᠭᠠᠳᠤ ᠭᠠᠳᠠᠭᠠᠳᠤ᠎ᠳᠡᠬᠢ ᠡᠢᠮᠦᠷᠬᠦᠦ ᠰᠡᠳᠦᠪ ᠰᠣᠩᠭᠤᠯᠲᠠ᠎ᠶᠢᠨ ᠪᠠᠢᠳᠠᠯ᠂ ᠲᠥᠷᠦ᠎ᠶᠢᠨ ᠪᠣᠳᠤᠯᠭ᠎ᠠ᠎ᠨᠢ ᠡᠢᠮᠦᠷᠬᠦᠦ ᠰᠡᠳᠦᠪ ᠰᠣᠩᠭᠤᠯᠲᠠ᠎ᠳᠤ ᠶᠠᠮᠠᠷ ᠱᠠᠭᠠᠷᠳᠠᠯᠭ᠎ᠠ᠎ᠲᠠᠢ ᠪᠠᠢᠬᠤ᠂ ᠡᠢᠮᠦᠷᠬᠦᠦ ᠰᠡᠳᠦᠪ ᠰᠣᠩᠭᠤᠯᠲᠠ᠎ᠶᠢ ᠳᠤᠷᠠᠳᠴᠤ ᠭᠠᠷᠭᠠᠭᠰᠠᠨ ᠳᠣᠬᠢᠶᠠᠯᠲᠤᠯ᠎ᠨᠢ ᠶᠠᠭᠤ ᠪᠣᠯᠬᠤ᠎ᠶᠢ ᠱᠢᠨᠵᠢᠯᠡᠵᠦ ᠰᠤᠳᠤᠯᠬᠤ ᠬᠡᠷᠡᠭᠲᠠᠢ; ᠭᠤᠷᠪᠠ᠎ᠳᠤ᠂ ᠵᠣᠬᠢᠶᠠᠭᠴᠢ᠎ᠶᠢᠨ ᠪᠠᠢᠳᠠᠯ᠎ᠢ ᠣᠢᠯᠠᠭᠠᠨ᠎ᠠ᠂ ᠳᠠᠷᠤᠢ ᠵᠣᠬᠢᠶᠠᠭᠴᠢ ᠶᠠᠮᠠᠷ ᠨᠣᠮ ᠬᠡᠪᠯᠡᠵᠦ ᠥᠩᠭᠡᠷᠡᠭᠰᠡᠨ᠂ ᠲᠠᠷᠬᠠᠯᠲᠠ᠎ᠨᠢ ᠶᠠᠮᠠᠷ ᠵᠡᠷᠭᠡ᠂ ᠵᠣᠬᠢᠶᠠᠭᠴᠢ᠎ᠶᠢᠨ ᠨᠦᠯᠦᠭᠡᠯᠡᠬᠦ ᠬᠦᠴᠦᠨ ᠵᠡᠷᠭᠡ᠎ᠶᠢ ᠪᠠᠭᠲᠠᠭᠠᠨ᠎ᠠ; ᠳᠥᠷᠪᠡ᠎ᠳᠦ᠂ ᠰᠡᠳᠦᠪ ᠰᠣᠩᠭᠤᠯᠲᠠ᠎ᠶᠢᠨ ᠤᠩᠱᠢᠭᠴᠢ ᠡᠲᠡᠭᠡᠳ᠃ ᠡᠳᠡᠭᠡᠷ ᠪᠣᠯ ᠴᠥᠮ ᠰᠠᠢᠨ ᠰᠡᠳᠦᠪ ᠰᠣᠩᠭᠤᠯᠲᠠ ᠲᠣᠭᠲᠠᠭᠠᠬᠤ᠎ᠠᠴᠠ ᠡᠮᠦᠨᠡᠬᠢ ᠡᠵᠡᠮᠱᠢᠬᠦ ᠴᠢᠬᠤᠯᠠ᠎ᠲᠠᠢ ᠰᠤᠷᠠᠭ ᠵᠠᠩᠭᠢ ᠪᠣᠯᠤᠨ᠎ᠠ᠃ ᠬᠠᠷᠢᠨ ᠨᠢᠭᠡᠨ ᠬᠡᠪᠯᠡᠯ᠎ᠦᠨ ᠨᠢᠭᠡᠴᠢ᠎ᠳᠦ ᠠᠪᠴᠦ ᠬᠡᠯᠡᠪᠡᠯ᠂ ᠣᠨᠤᠪᠴᠢᠲᠠᠢ ᠰᠤᠷᠠᠭ ᠵᠠᠩᠭᠢ᠎ᠨᠢ ᠲᠤᠰ ᠬᠡᠪᠯᠡᠯ᠎ᠦᠨ ᠬᠣᠷᠢᠶ᠎ᠠ᠎ᠶᠢᠨ ᠬᠡᠪᠯᠡᠯ᠎ᠦᠨ ᠴᠢᠭᠯᠡᠯ ᠪᠠ ᠬᠥᠭᠵᠢᠯᠲᠡ᠎ᠶᠢ ᠨᠥᠯᠦᠭᠡᠯᠡᠵᠦ ᠪᠠᠢᠳᠠᠭ᠃

  3.ᠯᠠᠪᠳᠠᠭᠤᠨ ᠪᠠᠲᠤᠲᠠᠢ ᠦᠰᠦᠭ ᠪᠢᠴᠢᠭ᠎ᠦᠨ ᠰᠠᠭᠤᠷᠢ

  ᠨᠣᠮ᠎ᠤᠨ ᠰᠠᠢᠨ ᠮᠠᠭᠤ᠎ᠨᠢ ᠨᠠᠢᠷᠠᠭᠤᠯᠬᠤ ᠶᠠᠰᠤ ᠴᠢᠨᠠᠷ᠎ᠲᠠᠢ ᠬᠣᠯᠪᠤᠭ᠎ᠠ᠎ᠲᠠᠢ᠃ ᠨᠣᠮ ᠨᠠᠢᠷᠠᠭᠤᠯᠤᠭᠰᠠᠨ ᠶᠠᠰᠤ ᠴᠢᠨᠠᠷ᠎ᠤᠨ ᠬᠢᠷᠢ ᠲᠡᠩᠴᠡᠯᠲᠡ᠎ᠶᠢ ᠦᠰᠦᠭ᠎ᠦᠨ ᠲᠣᠭᠠᠨ᠎ᠤ ᠲᠦᠮᠡᠨ᠎ᠦ ᠨᠢᠭᠡ ᠬᠤᠪᠢ᠎ᠪᠠᠷ ᠪᠣᠳᠤᠳᠠᠭ᠂ ᠡᠨᠡ᠎ᠨᠢ ᠨᠠᠢᠷᠠᠭᠤᠯᠬᠤ ᠠᠵᠢᠯ᠎ᠨᠢ ᠦᠭᠡ ᠬᠡᠯᠡ ᠦᠰᠦᠭ ᠪᠢᠴᠢᠭ᠎ᠲᠦ ᠮᠠᠱᠢ ᠥᠨᠳᠦᠷ ᠱᠠᠭᠠᠷᠳᠠᠯᠭ᠎ᠠ᠎ᠲᠠᠢ ᠭᠡᠰᠡᠨ᠎ᠢ ᠢᠯᠡᠳᠭᠡᠵᠦ ᠪᠤᠢ᠃ ᠨᠢᠭᠡ᠎ᠳᠦ᠂ ᠬᠡᠯᠡᠨ ᠵᠦᠢ᠎ᠶᠢ ᠡᠷᠬᠡᠪᠱᠢ ᠰᠠᠢᠲᠤᠷ ᠡᠵᠡᠮᠱᠢᠬᠦ ᠬᠡᠷᠡᠭᠲᠡᠢ᠃ ᠬᠡᠯᠡᠨ ᠵᠦᠢ᠎ᠶᠢ ᠰᠠᠢᠲᠤᠷ ᠡᠵᠡᠮᠱᠢᠬᠦ᠎ᠳᠦ ᠨᠡᠷᠡᠲᠦ ᠬᠥᠮᠦᠰ᠎ᠦᠨ ᠨᠣᠮ ᠵᠣᠬᠢᠶᠠᠯ᠎ᠢ ᠢᠯᠡᠭᠦᠦ ᠤᠩᠱᠢᠨ᠎ᠠ᠃ ᠪᠢᠳᠡ ᠨᠠᠢᠷᠠᠭᠤᠯᠬᠤ ᠶᠠᠪᠤᠴᠠ᠎ᠳᠤ ᠳᠠᠷᠤᠢᠬᠠᠨ ᠪᠠᠢᠵᠤ᠂ ᠮᠠᠳᠠᠭ᠎ᠲᠠᠢ ᠠᠰᠠᠭᠤᠳᠠᠯ ᠳᠣᠬᠢᠶᠠᠯᠳᠤᠪᠠᠯ ᠡᠷᠬᠡᠪᠱᠢ ᠳᠠᠷᠤᠢ᠎ᠳᠤᠨᠢ ᠲᠣᠯᠢ ᠪᠢᠴᠢᠭ ᠡᠷᠢᠬᠦ ᠬᠡᠷᠡᠭᠲᠡᠢ᠃ ᠬᠣᠶᠠᠷ᠎ᠲᠤ᠂ ᠨᠠᠢᠷᠠᠭᠤᠯᠭ᠎ᠠ ᠵᠦᠢ᠎ᠶᠢᠨ ᠬᠠᠮᠢᠶ᠎ᠠ᠎ᠲᠠᠢ ᠨᠣᠮ᠎ᠢ ᠢᠯᠡᠭᠦᠦ ᠤᠩᠱᠢᠨ᠎ᠠ᠃ ᠭᠤᠷᠪᠠ᠎ᠳᠤ᠂ ᠯᠣᠭᠢᠭ ᠰᠡᠳᠭᠢᠬᠦᠢ᠎ᠶᠢ ᠠᠩᠬᠠᠷᠬᠤ ᠬᠡᠷᠡᠭᠲᠡᠢ᠂ ᠡᠬᠡ ᠪᠢᠴᠢᠭ ᠨᠠᠢᠷᠠᠭᠤᠯᠬᠤ ᠶᠠᠪᠤᠴᠠ᠎ᠳᠤ᠂ ᠯᠣᠭᠢᠭ᠎ᠤᠨ ᠬᠠᠷᠢᠴᠠᠭ᠎ᠠ᠎ᠶᠢ ᠠᠩᠬᠠᠷᠬᠤ ᠬᠡᠷᠡᠭᠲᠡᠢ᠃ ᠳᠥᠷᠪᠡ᠎ᠳᠦ᠂ ᠲᠣᠯᠢ ᠪᠢᠴᠢᠭ ᠢᠯᠡᠭᠦᠦ ᠤᠷᠪᠠᠭᠤᠯᠤᠨ᠎ᠠ᠃ ᠦᠰᠦᠭ ᠪᠢᠴᠢᠭ᠎ᠦᠨ ᠰᠠᠭᠤᠷᠢ᠎ᠶᠢ ᠯᠠᠪᠳᠠᠭᠤᠨ ᠪᠣᠯᠭᠠᠶ᠎ᠠ ᠭᠡᠪᠡᠯ ᠢᠯᠡᠭᠦᠦ ᠤᠩᠱᠢᠵᠤ᠂ ᠢᠯᠡᠭᠦᠦ ᠰᠣᠨᠤᠰᠴᠦ᠂ ᠢᠯᠡᠭᠦᠦ ᠶᠠᠪᠤᠵᠤ᠂ ᠢᠯᠡᠭᠦᠦ ᠪᠢᠴᠢᠬᠦ ᠬᠡᠷᠡᠭᠲᠠᠢ᠃ ᠳᠠᠷᠤᠢ ᠨᠣᠮ ᠪᠢᠴᠢᠭ ᠰᠣᠨᠢᠨ ᠰᠡᠳᠭᠦᠯ ᠢᠯᠡᠭᠦᠦ ᠤᠩᠱᠢᠵᠤ᠂ ᠲᠤᠰᠭᠠᠢ ᠮᠡᠷᠭᠡᠵᠢᠯᠲᠡᠨ᠎ᠦ ᠬᠢᠴᠢᠶᠡᠯ᠂ ᠤᠩᠱᠢᠭᠴᠢᠳ᠎ᠤᠨ ᠬᠠᠷᠢᠭᠤ ᠳᠤᠰᠭᠠᠯ᠂ ᠤᠳᠤᠷᠢᠳᠤᠯᠭ᠎ᠠ ᠪᠠ ᠬᠠᠮᠲᠦ ᠠᠵᠢᠯᠯᠠᠭᠰᠠᠳ᠎ᠤᠨ ᠰᠠᠨᠠᠯ᠎ᠢ ᠢᠯᠡᠭᠦᠦ ᠰᠣᠨᠤᠰᠴᠦ᠂ ᠢᠯᠡᠭᠦᠦ ᠪᠠᠢᠴᠠᠭᠠᠨ ᠰᠤᠳᠤᠯᠤᠯᠲᠠ ᠬᠢᠵᠤ᠂ ᠥᠪᠡᠷ᠎ᠦᠨ ᠪᠣᠳᠤᠯ ᠰᠠᠨᠠᠯ᠎ᠢᠶᠠᠨ ᠢᠯᠡᠭᠦᠦ ᠪᠢᠴᠢᠵᠦ ᠢᠯᠡᠳᠭᠡᠬᠦ᠎ᠶᠢ ᠶᠠᠷᠢᠵᠤ ᠪᠤᠢ᠃

  ᠬᠣᠶᠠᠷ᠂ ᠨᠠᠢᠷᠠᠭᠤᠯᠤᠭᠴᠢ᠎ᠳᠤ ᠪᠠᠢᠪᠠᠰᠤ ᠵᠣᠬᠢᠬᠤ ᠰᠤᠷᠲᠠᠯ ᠪᠠ ᠲᠤᠬᠠᠢᠯᠠᠭᠰᠠᠨ ᠠᠵᠢᠯ᠎ᠤᠨ ᠶᠣᠰᠤ ᠮᠤᠷᠠᠯ ᠰᠤᠷᠲᠠᠯ

  ᠨᠠᠢᠷᠠᠭᠤᠯᠬᠤ ᠠᠵᠢᠯ᠎ᠢ ᠲᠤᠢᠯ᠎ᠤᠨ ᠨᠠᠷᠢᠨ ᠬᠢᠨᠠᠮᠠᠭᠠᠢ᠂ ᠴᠢᠩᠭ᠎ᠠ ᠬᠠᠷᠢᠭᠤᠴᠠᠯᠭ᠎ᠠ᠎ᠲᠠᠢ ᠬᠢᠬᠦ ᠠᠵᠢᠯ᠎ᠤᠨ ᠰᠤᠷᠲᠠᠯ ᠪᠠᠢᠬᠤ ᠬᠡᠷᠡᠭᠲᠠᠢ᠃ ᠪᠢᠳᠡ ᠶᠠᠮᠠᠷᠪᠠ ᠡᠬᠡ ᠪᠢᠴᠢᠭ᠎ᠦᠨ ᠠᠭᠤᠯᠭ᠎ᠠ᠂ ᠮᠠᠲᠧᠷᠢᠶᠠᠯ᠂ ᠦᠰᠦᠭ ᠪᠢᠴᠢᠭ᠂ ᠬᠡᠯᠡᠨ ᠵᠦᠢ᠂ ᠴᠡᠭ ᠲᠡᠮᠲᠡᠭ᠂ ᠵᠡᠭᠦᠯᠲᠡ ᠲᠠᠢᠯᠪᠤᠷᠢ ᠵᠡᠷᠭᠡ᠎ᠶᠢ ᠴᠥᠮ ᠳᠡᠭᠡᠳᠦ ᠬᠡᠮᠵᠢᠶ᠎ᠡ᠎ᠪᠡᠷ ᠠᠩᠬᠠᠷᠬᠤ ᠬᠡᠷᠡᠭᠲᠡᠢ᠃

  1. ᠢᠲᠡᠭᠡᠯ᠎ᠲᠠᠢ ᠪᠠᠢᠬᠤ ᠬᠡᠷᠡᠭᠲᠡᠢ᠃ ᠳᠠᠷᠤᠢ᠂ ᠨᠢᠭᠡ᠎ᠳᠦ᠂ ᠥᠷᠭᠡᠨ ᠳᠡᠯᠭᠡᠷ ᠮᠡᠳᠡᠯᠭᠡ᠎ᠲᠠᠢ; ᠬᠣᠶᠠᠷ᠎ᠲᠤ᠂ ᠲᠤᠰ ᠱᠢᠨᠵᠢᠯᠡᠭᠡᠨ᠎ᠦ ᠰᠠᠯᠠᠭᠠᠨ᠎ᠤ ᠮᠡᠳᠡᠯᠭᠡ᠎ᠶᠢ ᠣᠢᠯᠠᠭᠠᠨ᠎ᠠ; ᠭᠤᠷᠪᠠ᠎ᠳᠤ᠂ ᠲᠥᠷᠦ᠎ᠶᠢᠨ ᠪᠣᠳᠤᠯᠭ᠎ᠠ᠎ᠶᠢ ᠪᠦᠬᠦ ᠲᠠᠯ᠎ᠠ᠎ᠪᠠᠷ ᠡᠵᠡᠮᠱᠢᠨ᠎ᠡ᠃ ᠨᠣᠮ ᠪᠢᠴᠢᠭ ᠨᠠᠢᠷᠠᠭᠤᠯᠬᠤ ᠦᠶ᠎ᠡ᠎ᠳᠦ ᠡᠬᠡ ᠪᠢᠴᠢᠭ᠎ᠤᠨ ᠠᠭᠤᠯᠭ᠎ᠠ ᠪᠠ ᠡᠬᠡ ᠪᠢᠴᠢᠭ᠎ᠦᠨ ᠴᠢᠨᠠᠷ᠎ᠢ ᠵᠠᠪᠠᠯ ᠰᠠᠢᠲᠤᠷ ᠠᠳᠭᠤᠬᠤ ᠬᠡᠷᠡᠭᠲᠡᠢ᠃ ᠵᠠᠷᠢᠮ ᠴᠢᠨᠠᠷ ᠴᠢᠨᠰᠠᠭ᠎ᠠ᠎ᠪᠠᠷ ᠠᠨᠠᠢ ᠵᠣᠬᠢᠶᠠᠯ᠎ᠢ ᠡᠷᠬᠡᠪᠱᠢ ᠲᠥᠪ ᠴᠢᠩᠭ᠎ᠠ᠎ᠪᠠᠷ ᠱᠢᠢᠳᠪᠦᠷᠢᠯᠡᠬᠦ ᠬᠡᠷᠡᠭᠲᠠᠢ᠂ ᠨᠡᠷᠡᠲᠠᠢ ᠵᠣᠬᠢᠶᠠᠯᠴᠢ ᠡᠰᠡᠪᠡᠯ ᠨᠡᠢᠭᠡᠮ᠎ᠦᠨ ᠬᠠᠷᠢᠴᠠᠭ᠎ᠠ᠎ᠠᠴᠠ ᠪᠣᠯᠵᠤ ᠬᠢᠷᠢ ᠲᠡᠩᠴᠡᠬᠦ᠎ᠦᠭᠡᠢ ᠦᠢᠯᠡᠳᠬᠦᠨ᠎ᠢ ᠬᠡᠪᠯᠡᠵᠦ ᠪᠣᠯᠬᠤ᠎ᠦᠭᠡᠢ᠃

  2. ᠳᠠᠷᠤᠤ ᠬᠢᠴᠢᠶᠡᠩᠭᠦᠢ ᠪᠠᠢᠬᠤ ᠬᠡᠷᠡᠭᠲᠠᠢ᠃ ᠨᠠᠢᠷᠠᠭᠤᠯᠤᠭᠴᠢ ᠥᠪᠡᠷ᠎ᠦᠨ ᠰᠠᠨᠠᠭ᠎ᠠ᠎ᠪᠠᠨ ᠵᠣᠬᠢᠶᠠᠭᠴᠢ᠎ᠳᠤ ᠠᠯᠪᠠ᠎ᠪᠠᠷ ᠲᠣᠬᠤᠵᠤ ᠪᠣᠯᠬᠤ᠎ᠦᠭᠡᠢ; ᠪᠤᠰᠤᠳ᠎ᠤᠨ ᠰᠠᠨᠠᠯ᠎ᠢ ᠳᠠᠷᠤᠤ ᠬᠢᠴᠢᠶᠡᠩᠭᠦᠢ᠎ᠪᠡᠷ ᠰᠣᠨᠤᠰᠭᠤ ᠪᠠ ᠮᠠᠲᠧᠷᠢᠶᠠᠯ ᠡᠷᠢᠨ᠎ᠡ᠂ ᠳᠤᠷ᠎ᠠ ᠵᠣᠷᠢᠭ᠎ᠢᠶᠠᠷ᠎ᠢᠶᠠᠨ ᠵᠣᠬᠢᠶᠠᠭᠴᠢ᠎ᠶᠢᠨ ᠪᠢᠴᠢᠭᠰᠡᠨ ᠡᠬᠡ ᠪᠢᠴᠢᠭ᠎ᠢ ᠵᠠᠰᠠᠵᠤ ᠪᠣᠯᠬᠤ᠎ᠦᠭᠡᠢ᠃

  3. ᠭᠤᠨᠢᠵᠤ ᠭᠤᠲᠤᠷᠠᠵᠤ ᠪᠣᠯᠬᠤ᠎ᠦᠭᠡᠢ᠃ ᠨᠠᠢᠷᠠᠭᠤᠯᠤᠭᠴᠢ ᠡᠯ᠎ᠡ ᠲᠥᠷᠦᠯ᠎ᠦᠨ ᠡᠬᠡ ᠪᠢᠴᠢᠭ᠎ᠲᠠᠢ ᠪᠦᠷ ᠬᠠᠷᠭᠤᠵᠤ ᠮᠡᠳᠡᠨ᠎ᠡ᠂ ᠵᠠᠷᠢᠮ᠎ᠨᠢ ᠤᠳᠤᠷᠢᠳᠤᠯᠭ᠎ᠠ᠎ᠶᠢᠨ᠂ ᠵᠠᠷᠢᠮ᠎ᠨᠢ ᠲᠤᠰᠭᠠᠢ ᠮᠡᠷᠭᠡᠵᠢᠯ᠎ᠦᠨ ᠡᠷᠳᠡᠮᠲᠡᠳ᠂ ᠵᠠᠷᠢᠮ᠎ᠨᠢ ᠡᠩ᠎ᠦᠨ ᠵᠣᠬᠢᠶᠠᠯᠴᠢ ᠪᠠᠢᠵᠤ ᠮᠡᠳᠡᠨ᠎ᠡ᠂ ᠡᠭᠦᠨ᠎ᠳᠦ ᠬᠠᠨᠳᠤᠬᠤ ᠵᠥᠪ ᠣᠪᠤᠷ ᠪᠣᠯ ᠳᠠᠷᠤᠢ ᠨᠢᠭᠡ᠎ᠯᠡ ᠠᠳᠠᠯᠢ ᠬᠠᠨᠳᠤᠨ᠎ᠠ᠃ ᠨᠠᠢᠷᠠᠭᠤᠯᠤᠭᠴᠢ ᠪᠣᠯᠤᠭᠰᠠᠨ᠎ᠤ ᠬᠤᠪᠢ᠎ᠳᠤ᠂ ᠮᠡᠳᠡᠯᠭᠡ ᠬᠣᠮᠰᠠ᠂ ᠲᠤᠬᠠᠢᠯᠠᠭᠰᠠᠨ ᠠᠵᠢᠯ᠎ᠤᠨ ᠬᠢᠷᠢ ᠲᠦᠪᠱᠢᠨ ᠳᠣᠤᠷ᠎ᠠ ᠪᠣᠯ᠂ ᠡᠯ᠎ᠡ ᠲᠥᠷᠦᠯ᠎ᠦᠨ ᠡᠬᠡ ᠪᠢᠴᠢᠭ᠎ᠢ ᠠᠷᠭᠠᠴᠠᠭᠠᠵᠤ ᠴᠢᠳᠠᠬᠤ᠎ᠦᠭᠡᠢ᠎ᠶᠤᠮ᠃ ᠡᠢᠮᠦ᠎ᠡᠴᠡ ᠡᠷᠬᠡᠪᠱᠢ ᠬᠢᠬᠦ᠎ᠶᠢᠨ ᠳᠠᠭᠠᠦ ᠰᠤᠷᠤᠯᠴᠠᠬᠤ ᠬᠡᠷᠡᠭᠲᠠᠢ᠃

                                                             ᠥᠪᠦᠷ ᠮᠣᠩᠭᠤᠯ᠎ᠤᠨ ᠡᠳᠦᠷ᠎ᠦᠨ ᠰᠣᠨᠢᠨ᠎ᠠᠴᠠ ᠱᠢᠯᠵᠢᠭᠦᠯᠦᠨ ᠨᠡᠢᠲᠡᠯᠡᠪᠡ

                                                                               ᠨᠠᠢᠷᠠᠭᠤᠯᠤᠭᠴᠢ᠄ ᠪᠣᠤ ᠰᠡᠴᠡᠨ

(ᠬᠠᠷᠢᠭᠤᠴᠠᠭᠰᠠᠨ ᠨᠠᠢᠷᠠᠭᠤᠯᠤᠭᠴᠢ : ᠱᠦ᠍ ᠭᠤᠸᠠᠩ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604