ᠲᠡᠦᠬᠡᠨ ᠠᠬᠤᠢ᠎ᠠᠴᠠ ᠡᠭᠦᠰᠦᠯ᠎ᠲᠠᠢ 《ᠭᠤᠷᠪᠠᠨ ᠦᠭᠡ》᠎ᠶᠢᠨ ᠣᠨᠴᠠᠭᠠᠢ ᠪᠢᠴᠢᠯᠭᠡ᠎ᠶᠢᠨ ᠱᠢᠨᠵᠢᠯᠡᠬᠦᠢ
2019.07.25

  ᠥᠪᠦᠷ ᠮᠣᠩᠭᠤᠯ᠎ᠤᠨ ᠥᠪᠡᠷᠲᠡᠭᠡᠨ ᠵᠠᠰᠠᠬᠤ ᠣᠷᠤᠨ ᠪᠠᠢᠭᠤᠯᠤᠭᠳᠠᠭᠰᠠᠨ 72 ᠵᠢᠯ ᠪᠣᠯᠵᠤ ᠪᠠᠢᠭ᠎ᠠ ᠥᠨᠦᠳᠦᠷ ᠥᠪᠦᠷ ᠮᠣᠩᠭᠤᠯᠴᠤᠳ 《ᠥᠪᠡᠷᠲᠡᠭᠡᠨ ᠵᠠᠰᠠᠬᠤ ᠣᠷᠤᠨ》 ᠭᠡᠬᠦ ᠦᠭᠡ᠎ᠶᠢ ᠡᠳᠦᠷ ᠪᠦᠷᠢ ᠴᠢᠬᠢ᠎ᠪᠡᠷ᠎ᠢᠶᠡᠨ ᠰᠣᠨᠤᠰᠴᠤ᠂ ᠨᠢᠳᠦ᠎ᠪᠠᠷ᠎ᠢᠶᠠᠨ ᠬᠠᠷᠠᠬᠤ ᠪᠥᠭᠡᠲᠡᠯ᠎ᠡ ᠶᠠᠭ 《ᠥᠪᠦᠷ ᠮᠣᠩᠭᠤᠯ᠎ᠤᠨ ᠥᠪᠡᠷᠲᠡᠭᠡᠨ ᠵᠠᠰᠠᠬᠤ ᠣᠷᠤᠨ》 ᠪᠠᠢᠭᠤᠯᠤᠭᠳᠠᠭᠰᠠᠨ ᠡᠨᠡ᠎ᠬᠦ ᠲᠡᠦᠬᠡᠨ ᠴᠠᠭ ᠦᠶ᠎ᠡ᠎ᠲᠠᠢ ᠬᠣᠯᠪᠤᠭᠳᠠᠭᠰᠠᠨ 《ᠭᠤᠷᠪᠠᠨ ᠦᠭᠡ》 ᠣᠷᠴᠢᠨ ᠴᠠᠭ᠎ᠤᠨ ᠮᠣᠩᠭᠤᠯ ᠬᠡᠯᠡᠨ᠎ᠳᠤ ᠣᠨᠴᠠᠭᠠᠢ ᠪᠢᠴᠢᠯᠭᠡ᠎ᠪᠡᠷ ᠪᠢᠴᠢᠭᠳᠡᠭᠰᠡᠨ ᠳᠠᠯᠠ ᠭᠠᠷᠤᠢ ᠵᠢᠯ ᠪᠣᠯᠤᠭᠰᠠᠨ᠎ᠴᠤ ᠠᠩᠬᠠᠷᠤᠯ᠎ᠳᠤ᠎ᠪᠠᠨ ᠠᠪᠴᠤ ᠪᠠᠢᠭ᠎ᠠ ᠬᠥᠮᠦᠨ ᠮᠠᠱᠢ ᠴᠦ᠋ᠬᠡᠨ ᠪᠠᠢᠬᠤ ᠪᠤᠶᠤ ᠢᠷᠡᠯ ᠭᠠᠷᠤᠯ᠎ᠢ᠎ᠨᠢ ᠣᠮᠳᠤᠭᠠᠢᠯᠠᠵᠤ ᠪᠠᠢᠭ᠎ᠠ᠎ᠶᠤᠮ ᠪᠠᠢᠨ᠎ᠠ᠂ ᠡᠭᠦᠨ᠎ᠤ ᠳ᠋ᠦᠩ᠎ᠳᠤ ᠪᠢᠴᠢᠯᠭᠡ᠎ᠶᠢᠨ ᠰᠠᠮᠠᠭᠤᠷᠠᠯ ᠪᠣᠯᠵᠤ ᠪᠠᠢᠭ᠎ᠠ ᠪᠠᠢᠳᠠᠯ᠎ᠳᠤ ᠴᠢᠭᠯᠡᠭᠦᠯᠦᠨ ᠬᠡᠳᠦᠨ ᠦᠭᠡ ᠶᠠᠷᠢᠰᠤᠭᠠᠢ᠃

  ᠡᠨᠳᠡ ᠶᠠᠷᠢᠵᠤ ᠪᠠᠢᠭ᠎ᠠ 《ᠭᠤᠷᠪᠠᠨ ᠦᠭᠡ》 ᠭᠡᠳᠡᠭ᠎ᠨᠢ ᠮᠠᠤ ᠽᠸ ᠳ᠋ᠦᠩ ᠲᠡᠷᠢᠭᠦᠯᠡᠭᠴᠢ᠎ᠶᠢᠨ 《ᠮᠠᠤ》 ᠂ ᠤᠯᠠᠭᠠᠨᠬᠦᠦ ᠲᠡᠷᠢᠭᠦᠯᠡᠭᠴᠢ᠎ᠶᠢᠨ 《ᠤᠯᠠᠭᠠᠨᠬᠦᠦ》 ᠂ ᠥᠪᠡᠷᠲᠡᠭᠡᠨ ᠵᠠᠰᠠᠬᠤ ᠣᠷᠤᠨ᠎ᠤ 《ᠥᠪᠡᠷᠲᠡᠭᠡᠨ》 ᠭᠡᠬᠦ ᠭᠤᠷᠪᠠᠨ ᠦᠭᠡ ᠪᠣᠯᠤᠨ᠎ᠠ᠃ ᠡᠨᠡ ᠭᠤᠷᠪᠠᠨ ᠦᠭᠡ᠎ᠨᠢ ᠣᠷᠴᠢᠨ ᠴᠠᠭ᠎ᠤᠨ ᠮᠣᠩᠭᠤᠯ ᠬᠡᠯᠡᠨ᠎ᠤ ᠪᠢᠴᠢᠯᠭᠡ᠎ᠶᠢᠨ ᠣᠨᠤᠯ ᠳᠦᠷᠢᠮᠵᠢᠯ᠎ᠲᠠᠢ ᠡᠰᠡ ᠨᠡᠢᠴᠡᠬᠦ᠎ᠨᠢ ᠮᠡᠳᠡᠭᠡᠵᠢ᠎ᠶᠢᠨ ᠬᠡᠷᠡᠭ᠃ ᠭᠡᠪᠡᠴᠦ ᠬᠡᠨ᠂ ᠬᠡᠵᠢᠶ᠎ᠡ᠂ ᠶᠠᠮᠠᠷ ᠤᠴᠢᠷ᠎ᠠᠴᠠ᠂ ᠠᠯᠢ ᠨᠢᠭᠡᠨ ᠱᠢᠢᠳᠪᠦᠷᠢ ᠲᠣᠭᠲᠠᠭᠠᠯ᠎ᠢᠶᠠᠷ ᠪᠠᠲᠤᠯᠠᠭᠠᠳ ᠢᠩᠭᠢᠵᠦ ᠪᠢᠴᠢᠬᠦ ᠪᠣᠯᠤᠯ᠎ᠠ ᠭᠡᠰᠡᠨ ᠲᠡᠦᠬᠡᠨ ᠡᠬᠡ ᠪᠠᠷᠢᠮᠲᠠ᠎ᠶᠢ ᠣᠳᠤ ᠤᠯᠬᠤ᠎ᠳᠤ ᠮᠠᠱᠢ ᠪᠡᠷᠬᠡ ᠪᠣᠯᠵᠤ᠂ ᠮᠥᠨ ᠢᠩᠭᠢᠵᠦ ᠪᠢᠴᠢᠭᠳᠡᠭᠰᠡᠭᠡᠷ ᠢᠷᠡᠭᠰᠡᠨ᠎ᠨᠢ ᠦᠨᠡᠨ ᠤᠴᠢᠷ ᠪᠤᠳᠠᠳᠦ ᠪᠠᠢᠳᠠᠯ ᠪᠣᠯᠤᠭᠰᠠᠨ᠎ᠠᠴᠠ ᠬᠡᠨ᠎ᠴᠦ ᠥᠭᠡᠷᠡᠴᠢᠯᠡᠬᠦ᠎ᠶᠢᠨ ᠠᠷᠭ᠎ᠠ᠎ᠦᠭᠡᠢ ᠪᠣᠯᠵᠠᠢ᠃ ᠡᠢᠮᠦ᠎ᠡᠴᠡ ᠡᠨᠡ᠎ᠬᠦ 《ᠭᠤᠷᠪᠠᠨ ᠦᠭᠡ》 ᠎ᠶᠢᠨ ᠪᠢᠴᠢᠯᠭᠡ᠎ᠨᠢ ᠡᠨᠡ 《ᠭᠤᠷᠪᠠᠨ》 ᠎ᠳᠤ᠎ᠯᠠ ᠵᠣᠷᠢᠭᠤᠯᠤᠭᠰᠠᠨ ᠣᠨᠴᠠᠭᠠᠢ ᠪᠢᠴᠢᠯᠭᠡ ᠭᠡᠰᠡᠨ ᠦᠭᠡ᠃ ᠥᠭᠡᠷ᠎ᠡ ᠭᠠᠵᠠᠷ ᠬᠡᠷᠡᠭᠯᠡᠪᠡᠯ ᠪᠢᠴᠢᠯᠭᠡ᠎ᠶᠢᠨ ᠰᠠᠮᠠᠭᠤᠷᠠᠯ ᠡᠭᠦᠰᠭᠡᠬᠦ᠎ᠨᠢ ᠯᠠᠪᠲᠠᠢ᠃

  ᠡᠨᠡ᠎ᠬᠦ 《ᠭᠤᠷᠪᠠᠨ ᠦᠭᠡ》 ᠎ᠶᠢᠨ ᠪᠢᠴᠢᠯᠭᠡ᠎ᠶᠢ ᠣᠷᠴᠢᠨ ᠴᠠᠭ᠎ᠤᠨ ᠮᠣᠩᠭᠤᠯ ᠬᠡᠯᠡᠨ᠎ᠤ ᠵᠦᠢ᠎ᠶᠢᠨ ᠣᠨᠤᠯ ᠪᠠ ᠬᠠᠮᠢᠶ᠎ᠠ ᠪᠦᠬᠦᠢ ᠳᠦᠷᠢᠮᠵᠢᠯ ᠪᠠᠷᠢᠮᠵᠢᠶ᠎ᠠ᠎ᠲᠠᠢ ᠬᠣᠯᠪᠤᠭᠳᠠᠭᠤᠯᠤᠨ ᠱᠢᠨᠵᠢᠯᠡᠵᠤ ᠦᠵᠡᠪᠡᠯ᠄

  ᠬᠢᠲᠠᠳ ᠬᠡᠯᠡᠨ᠎ᠤ ᠳᠠᠩ ᠦᠭᠡ᠎ᠶᠢ ᠮᠣᠩᠭᠤᠯ ᠦᠰᠦᠭ᠎ᠢᠶᠡᠷ ᠪᠠᠭᠤᠯᠭᠠᠨ ᠪᠢᠴᠢᠬᠦ᠎ᠳᠤ 《mao》 ᠎ᠶᠢ 《ᠮᠣᠤ》 ᠭᠡᠵᠦ ᠨᠢᠭᠡᠳᠭᠡᠨ ᠪᠢᠴᠢᠬᠦ᠎ᠪᠡᠷ ᠳᠦᠷᠢᠮᠵᠢᠭᠦᠯᠦᠭᠰᠡᠨ ᠪᠠᠢᠳᠠᠭ᠃ ᠡᠢᠮᠦ᠎ᠡᠴᠡ 《ᠮᠠᠤ》 ᠎ᠶᠢ ᠭᠠᠭᠴᠠᠬᠠᠨ ᠮᠠᠤ ᠽᠸ ᠳ᠋ᠦᠩ ᠲᠡᠷᠢᠭᠦᠯᠡᠭᠴᠢ᠎ᠶᠢᠨ᠎ᠨᠡᠷ᠎ᠡ᠎ᠶᠢ ᠪᠢᠴᠢᠬᠦ᠎ᠳᠤ᠎ᠯᠠ ᠬᠡᠷᠡᠭᠯᠡᠨ᠎ᠡ᠃ ᠥᠭᠡᠷ᠎ᠡ᠎ᠪᠡᠷ ᠬᠡᠯᠡᠪᠡᠯ ᠠᠳᠠᠯᠢᠬᠠᠨ 《毛泽东》 ᠭᠡᠰᠡᠨ᠎ᠨᠡᠷ᠎ᠡ᠎ᠲᠠᠢ ᠬᠥᠮᠦᠨ ᠪᠠᠢᠭᠰᠠᠨ᠎ᠴᠦ 《ᠮᠠᠤ》 ᠬᠡᠮᠡᠨ ᠪᠢᠴᠢᠵᠦ ᠦᠯᠦ ᠪᠣᠯᠤᠨ᠎ᠠ᠃ ᠨᠢᠭᠡᠨᠲᠡ ᠬᠡᠪᠯᠡᠭᠳᠡᠭᠰᠡᠨ ᠨᠣᠮ ᠳᠡᠭᠡᠷ᠎ᠡ 《ᠵᠣᠬᠢᠶᠠᠯᠴᠢ ᠮᠠᠤ ᠳ᠋ᠦᠨ (矛盾) 》 ᠭᠡᠵᠦ ᠪᠢᠴᠢᠭᠰᠡᠨ᠎ᠨᠢ ᠱᠠᠯ ᠪᠤᠷᠤᠭᠤᠳᠠᠭᠰᠠᠨ ᠶᠠᠪᠤᠳᠠᠯ ᠪᠣᠯᠬᠤ᠎ᠶᠤᠮ᠃

  ᠵᠠᠯᠭᠠᠮᠠᠯ ᠦᠰᠦᠭ᠎ᠦᠨ᠎ᠨᠡᠷ᠎ᠡ᠎ᠶᠢ ᠳᠡᠯᠡᠬᠡᠢ ᠨᠡᠢᠲᠡ᠎ᠶᠢᠨ ᠵᠤᠷᠱᠢᠯ᠂ ᠤᠯᠤᠰ᠎ᠤᠨ ᠲᠣᠭᠲᠠᠭᠠᠯ᠎ᠢᠶᠠᠷ ᠪᠣᠯ ᠵᠠᠯᠭᠠᠵᠤ ᠪᠢᠴᠢᠳᠡᠭ᠃ ᠭᠡᠬᠦ᠎ᠳᠤ ᠮᠣᠩᠭᠤᠯ᠎ᠨᠡᠷ᠎ᠡ᠎ᠶᠢ ᠵᠠᠯᠭᠠᠵᠤ ᠪᠢᠴᠢᠬᠦ᠎ᠳᠤ᠎ᠪᠠᠨ ᠴᠢᠩᠭ᠎ᠠ ᠬᠥᠨᠳᠡᠢ ᠦᠭᠡ᠎ᠶᠢ ᠬᠣᠭᠤᠷᠤᠨᠳᠤ᠎ᠨᠢ ᠵᠠᠯᠭᠠᠵᠤ ᠪᠢᠴᠢᠬᠦ ᠪᠤᠶᠤ ᠡᠰᠡᠭᠦᠯ᠎ᠡ ᠴᠢᠩᠭ᠎ᠠ ᠪᠠ ᠬᠥᠨᠳᠡᠢ ᠦᠭᠡ᠎ᠶᠢ ᠵᠠᠯᠭᠠᠵᠤ ᠪᠢᠴᠢᠬᠦ᠎ᠳᠤ ᠴᠥᠮ ᠤᠤᠯ ᠦᠭᠡ᠎ᠶᠢᠨ ᠡᠯᠸᠮᠸᠨ᠋ᠲ᠎ᠤ᠋ᠳ᠎ᠢ ᠣᠷᠬᠢᠭᠳᠠᠭᠤᠯᠤᠯ᠎ᠦᠭᠡᠢ ᠵᠠᠯᠭᠠᠵᠤ ᠪᠢᠴᠢᠳᠡᠭ᠃ ᠵᠢᠱ᠌ᠢᠶᠡᠯᠡᠪᠡᠯ᠂ 《ᠳᠠᠯᠠᠢ+ᠳᠦᠭᠦᠷᠡᠩ ᠳᠠᠯᠠᠢᠳᠦ᠋ᠭᠦᠷᠡᠩ》 《ᠠᠯᠲᠠᠨ+ᠰᠦᠬᠡ   ᠠᠯᠲᠠᠨᠰᠦ᠋ᠬᠡ》 《ᠬᠡᠱᠢᠭ+ ᠵᠢᠷᠭᠠᠯ   ᠬᠡᠱᠢᠭᠵᠢᠷᠭᠠᠯ》 ᠭᠡᠬᠦ ᠮᠡᠲᠦ᠃ ᠭᠡᠲᠡᠯ᠎ᠡ ᠭᠠᠭᠴᠠ᠎ᠬᠦ 《ᠤᠯᠠᠭᠠᠨ+ᠬᠦᠤ  ᠤᠯᠠᠭᠠᠨᠬᠦᠦ》 《ᠬᠦᠤ》᠎ᠶᠢᠨ ᠱᠢᠯᠪᠢ᠎ᠨᠢ ᠭᠡᠭᠡᠭᠳᠡᠭᠡᠳ ᠳᠦᠷᠢᠮᠵᠢᠯ᠎ᠡᠴᠡ ᠵᠥᠷᠢᠴᠡᠭᠰᠡᠨ ᠣᠨᠴᠠᠭᠠᠢ ᠪᠢᠴᠢᠯᠭᠡ ᠪᠣᠯᠵᠠᠢ᠃ ᠣᠳᠤ ᠪᠣᠯᠬᠤ᠎ᠳᠤ 《ᠬᠦᠤ》 ᠪᠣᠯᠭᠠᠨ᠎ᠨᠢ ᠱᠢᠯᠪᠢ᠎ᠦᠭᠡᠢ ᠪᠢᠴᠢᠭᠳᠡᠬᠦ ᠪᠣᠯᠤᠭᠰᠠᠨ᠎ᠨᠢ ᠭᠠᠢᠬᠠᠯᠲᠠᠢ᠃ 《ᠬᠠᠷᠠᠬᠦᠤ᠂ ᠪᠤᠷᠤᠬᠦᠤ᠂ ᠱᠢᠷᠠᠬᠦᠤ᠂ ᠬᠤᠷᠴᠢᠨᠬᠦᠤ᠂ ᠬᠠᠷᠠᠴᠢᠨᠬᠦᠤ᠂ ᠮᠤᠩᠭᠤᠯᠬᠦᠤ》 ᠭᠡᠵᠦ ᠪᠢᠴᠢᠬᠦ᠎ᠨᠢ ᠬᠤᠪᠢ ᠬᠥᠮᠦᠨ᠎ᠨᠡᠷ᠎ᠡ᠎ᠪᠠᠨ ᠶᠠᠭᠠᠬᠢᠵᠤ ᠪᠢᠴᠢᠬᠦ᠎ᠶᠢ ᠬᠦᠨᠳᠦᠳᠭᠡᠵᠦ ᠪᠠᠢᠭ᠎ᠠ ᠬᠡᠳᠦᠢ᠎ᠴᠦ᠂ ᠡᠢᠮᠦ ᠳᠦᠷᠢᠮ ᠲᠣᠭᠲᠠᠭᠠᠯ᠂ ᠪᠠᠷᠢᠮᠵᠢᠶ᠎ᠠ ᠪᠠᠢᠳᠠᠭ ᠪᠣᠯᠪᠠ᠎ᠤᠤ ᠭᠡᠳᠡᠭ᠎ᠢ ᠪᠣᠳᠤᠭᠤᠱᠢᠲᠠᠢ᠃ ᠬᠥᠮᠦᠨ ᠪᠣᠯᠭᠠᠨ ᠥᠪᠡᠷ᠎ᠦᠨ᠎ᠨᠡᠷ᠎ᠡ᠎ᠪᠡᠨ ᠥᠪᠡᠷ᠎ᠦᠨ ᠳᠤᠷᠠᠱᠢᠯ᠎ᠢᠶᠠᠷ᠎ᠢᠶᠠᠨ ᠦᠰᠦᠭ ᠵᠤᠬᠢᠶᠠᠵᠦ ᠪᠢᠴᠢᠪᠡᠯ ᠶᠠᠮᠠᠷ ᠪᠠᠢᠳᠠᠯ ᠪᠣᠯᠳᠠᠭ ᠪᠣᠯ?

  《ᠥᠪᠡᠷᠲᠡᠭᠡᠨ ᠵᠠᠰᠠᠬᠤ》 ᠭᠡᠳᠡᠭ᠎ᠦᠨ ᠤᠤᠯ ᠤᠳᠭ᠎ᠠ᠎ᠨᠢ 《ᠥᠪᠡᠷ᠎ᠢᠶᠡᠨ ᠵᠠᠰᠠᠬᠤ》 ᠭᠡᠰᠡᠨ ᠤᠳᠭ᠎ᠠ᠎ᠲᠠᠢ ᠪᠠᠢᠬᠤ ᠶᠣᠰᠤᠲᠠᠢ᠃ ᠳᠡᠭᠡᠷ᠎ᠡ ᠵᠠᠭᠤᠨ᠎ᠤ ᠳᠥᠴᠢᠭᠡᠳ ᠣᠨ᠎ᠤ ᠰᠡᠭᠦᠯᠴᠢ᠂ ᠲᠠᠪᠢᠭᠠᠳ ᠣᠨ᠎ᠤ ᠡᠬᠢ᠎ᠪᠡᠷ ᠵᠠᠷᠢᠮ ᠨᠣᠮ ᠰᠡᠳᠭᠦᠯ᠂ ᠳᠠᠩᠰᠠ ᠡᠪᠬᠡᠮᠡᠯ᠎ᠳᠤ ᠡᠨᠡ᠎ᠬᠦ ᠤᠳᠭ᠎ᠠ᠎ᠪᠡᠷ 《ᠥᠪᠡᠰᠦᠪᠡᠨ ᠵᠠᠰᠠᠬᠤ》 ᠭᠡᠵᠦ ᠪᠢᠴᠢᠭᠳᠡᠵᠦ ᠪᠠᠢᠭᠰᠠᠨ ᠪᠠᠢᠯ᠎ᠠ᠃ ᠵᠢᠱ᠌ᠢᠶᠡᠯᠡᠪᠡᠯ᠄ 《ᠣᠲᠤᠭ ᠬᠣᠱᠢᠭᠤᠨ᠎ᠤ ᠥᠪᠡᠰᠦᠪᠡᠨ ᠵᠠᠰᠠᠬᠤ ᠵᠠᠰᠠᠭ᠎ᠤᠨ ᠭᠠᠵᠠᠷ》 ᠭᠡᠬᠦ ᠮᠡᠲᠦ᠃ ᠰᠡᠭᠦᠯᠴᠢ᠎ᠶᠢᠨ ᠦᠶ᠎ᠡ᠎ᠳᠤ ᠴᠥᠮ 《ᠥᠪᠡᠷᠲᠡᠭᠡᠨ ᠵᠠᠰᠠᠬᠤ》 ᠬᠡᠮᠡᠨ ᠨᠢᠭᠡᠳᠭᠡᠨ ᠪᠢᠴᠢᠭᠡᠳ ᠣᠳᠤ ᠪᠣᠯᠤᠭᠰᠠᠨ ᠪᠠᠢᠳᠠᠭ᠃ 《ᠥᠪᠡᠷᠲᠡᠭᠡᠨ》 ᠭᠡᠬᠦ ᠪᠢᠴᠢᠯᠭᠡ᠎ᠨᠢ 《ᠥᠪᠡᠷ+᠎ᠲᠤ (ᠥᠭᠬᠦ ᠤᠷᠤᠱᠢᠬᠤ᠎ᠶᠢᠨ ᠳᠠᠭᠠᠪᠦᠷᠢ) +᠎ᠪᠠᠨ (ᠶᠡᠷᠦᠩᠬᠡᠢᠯᠡᠨ ᠬᠠᠮᠢᠶᠠᠳᠠᠭᠤᠯᠬᠤ ᠨᠥᠬᠦᠴᠡᠯ) 》᠎ᠤ ᠵᠠᠯᠭᠠᠮᠠᠯ ᠪᠢᠴᠢᠯᠭᠡ ᠪᠣᠯᠬᠤ᠎ᠶᠤᠮ᠃ ᠡᠭᠦᠨ᠎ᠢ ᠤᠳᠭ᠎ᠠ ᠪᠤᠶᠤ ᠪᠢᠴᠢᠯᠭᠡ᠎ᠶᠢᠨ ᠠᠯᠢ ᠲᠠᠯ᠎ᠠ᠎ᠠᠴᠠ᠎ᠨᠢ ᠱᠢᠨᠵᠢᠯᠡᠭᠰᠡᠨ᠎ᠴᠦ ᠣᠨᠴᠠᠭᠠᠢ ᠪᠢᠴᠢᠯᠭᠡ᠎ᠯᠠ ᠭᠡᠵᠦ ᠦᠵᠡᠨ᠎ᠡ᠃ ᠥᠭᠡᠷ᠎ᠡ᠎ᠪᠡᠷ ᠬᠡᠯᠡᠪᠡᠯ ᠵᠠᠰᠠᠭ ᠵᠠᠬᠢᠷᠭᠠᠨ᠎ᠤ ᠪᠠᠢᠭᠤᠯᠤᠮᠵᠢ᠎ᠶᠢᠨ ᠲᠤᠰᠭᠠᠢ᠎ᠨᠡᠷ᠎ᠡ ᠪᠣᠯᠵᠤ ᠬᠡᠪᠱᠢᠭᠰᠡᠨ ᠪᠠᠢᠨ᠎ᠠ᠃ ᠣᠳᠤ ᠬᠠᠷᠢᠨ 《ᠪᠠᠭᠱᠢ᠎ᠨᠠᠷ ᠥᠪᠡᠷ᠎ᠢᠶᠡᠨ ᠪᠡᠯᠡᠳᠭᠡᠬᠦ᠎ᠪᠡᠷ ᠲᠣᠭᠲᠠᠪᠠ》 ᠂ 《ᠥᠪᠡᠷ᠎ᠢᠶᠡᠨ ᠰᠤᠷᠬᠤ ᠪᠢᠴᠢᠭ》 ᠭᠡᠰᠡᠨ᠎ᠢ 《ᠪᠠᠭᠱᠢ᠎ᠨᠠᠷ ᠥᠪᠡᠷᠲᠡᠭᠡᠨ ᠪᠡᠯᠡᠳᠭᠡᠬᠦ᠎ᠪᠡᠷ ᠲᠣᠭᠲᠠᠪᠠ》 《ᠥᠪᠡᠷᠲᠡᠭᠡᠨ ᠰᠤᠷᠬᠤ ᠪᠢᠴᠢᠭ》 ᠭᠡᠬᠦᠴᠢᠯᠡᠨ ᠪᠢᠴᠢᠬᠦ ᠦᠵᠡᠭᠳᠡᠯ ᠮᠠᠷ ᠰᠠᠷ ᠬᠠᠷᠠᠭᠳᠠᠵᠦ ᠪᠠᠢᠨ᠎ᠠ᠃

  ᠡᠨᠡ᠎ᠬᠦ 《ᠭᠤᠷᠪᠠᠨ ᠦᠭᠡ》᠎ᠶᠢ ᠥᠭᠡᠷ᠎ᠡ ᠥᠭᠦᠯᠡᠪᠦᠷᠢ᠎ᠶᠢᠨ ᠣᠷᠴᠢᠨ᠎ᠳᠤ ᠠᠪᠢᠶ᠎ᠠ ᠪᠤᠶᠤ ᠪᠢᠴᠢᠯᠭᠡ᠎ᠪᠡᠷ᠎ᠨᠢ ᠪᠢᠴᠢᠬᠦ ᠪᠠᠢᠳᠠᠯ ᠭᠠᠵᠠᠷ ᠠᠪᠬᠤ᠎ᠳᠤ ᠬᠦᠷᠪᠡᠯ ᠮᠣᠩᠭᠤᠯ ᠦᠭᠡ᠎ᠶᠢᠨ ᠪᠢᠴᠢᠯᠭᠡ᠎ᠳᠤ ᠰᠠᠮᠠᠭᠤᠷᠠᠯ ᠳᠡᠭᠳᠡᠬᠦ᠎ᠨᠢ ᠳᠠᠮᠵᠢᠭ᠎ᠦᠭᠡᠢ᠃ ᠢᠷᠡᠯ ᠡᠭᠦᠰᠦᠯ᠂ ᠤᠴᠢᠷ ᠤᠳᠭ᠎ᠠ᠎ᠶᠢ᠎ᠨᠢ ᠬᠦᠨᠳᠦᠳᠭᠡᠨ ᠦᠵᠡᠵᠦ ᠠᠩᠬᠠᠷᠤᠨ ᠱᠢᠨᠵᠢᠯᠡᠬᠦ ᠬᠡᠷᠡᠭᠲᠡᠢ᠃ ᠡᠭᠦᠨ᠎ᠢ ᠱᠢᠢᠳᠪᠦᠷᠢᠯᠡᠬᠦ ᠬᠠᠮᠤᠭ᠎ᠤᠨ ᠰᠠᠢᠨ ᠠᠷᠭ᠎ᠠ ᠭᠡᠪᠡᠯ᠂ ᠬᠡᠯᠡᠨ᠎ᠤ ᠵᠦᠢ᠎ᠶᠢᠨ ᠰᠤᠷᠬᠤ ᠪᠢᠴᠢᠭ᠎ᠤᠨ ᠣᠨᠴᠠᠭᠠᠢ ᠪᠢᠴᠢᠯᠭᠡ᠎ᠶᠢᠨ ᠵᠢᠱ᠌ᠢᠶᠡᠨ᠎ᠳᠤ ᠣᠷᠤᠭᠤᠯᠬᠤ᠂ ᠲᠠᠢᠯᠪᠦᠷᠢ ᠲᠣᠯᠢ᠎ᠶᠢᠨ ᠲᠣᠯᠤᠭᠠᠢ ᠦᠭᠡ᠎ᠳᠤ ᠵᠢᠭᠰᠠᠭᠠᠵᠤ ᠲᠤᠰᠭᠠᠢ ᠲᠠᠢᠯᠪᠦᠷᠢ ᠬᠠᠳᠠᠪᠠᠯ ᠵᠦᠢᠲᠡᠢ ᠭᠡᠵᠦ ᠦᠵᠡᠨ᠎ᠡ᠃

                      ᠥᠪᠦᠷ ᠮᠣᠩᠭᠤᠯ᠎ᠤᠨ ᠰᠤᠷᠭᠠᠨ ᠬᠥᠮᠦᠵᠢᠯ᠎ᠦᠨ ᠬᠡᠪᠯᠡᠯ᠎ᠦᠨ ᠬᠣᠷᠢᠶ᠎ᠠ   ᠲᠦᠮᠡᠨᠳᠡᠯᠭᠡᠷ

                      ᠥᠪᠦᠷ ᠮᠣᠩᠭᠤᠯ᠎ᠤᠨ ᠡᠳᠦᠷ᠎ᠦᠨ ᠰᠣᠨᠢᠨ᠎ᠠᠴᠠ ᠱᠢᠯᠵᠢᠭᠦᠯᠦᠨ ᠨᠡᠢᠲᠡᠯᠡᠪᠡ

 

 

(ᠬᠠᠷᠢᠭᠤᠴᠠᠭᠰᠠᠨ ᠨᠠᠢᠷᠠᠭᠤᠯᠤᠭᠴᠢ : ᠤᠷᠢᠬᠠᠨ)

ᠦᠨᠡᠯᠡᠬᠦ 0ᠦᠨᠡᠯᠡᠯᠲᠡ᠎ᠲᠠᠢ


( ᠨᠧᠲ ᠨᠠᠢᠵᠠ᠎ᠵᠢᠨ ᠦᠨᠡᠯᠡᠯᠲᠡ᠎ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠱᠢᠶᠡᠷᠡᠭᠰᠡᠨ ᠶᠠᠪᠤᠳᠠᠯ ᠤᠭᠳᠤ ᠪᠢᠱᠢ᠎ᠶᠤᠮ᠃ )
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠦᠪᠦᠷ
ᠮᠤᠩᠭ᠋ᠤᠯ᠎ᠤᠨ
ᠳᠡᠯᠡᠬᠡᠢ
ᠮᠡᠳᠡᠭᠡ
ᠵᠠᠩᠬᠢ
ᠮᠡᠷᠭᠡᠵᠢᠯ᠎ᠤᠨ
ᠬᠢᠵᠠᠭᠠᠷᠲᠤ
ᠺᠤᠮᠫᠠᠨᠢ
ᠮᠡᠷᠭᠡᠵᠢᠯ
ᠬᠠᠩᠭ᠋ᠠᠪᠠ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠩᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604