ᠮᠠᠨ᠎ᠤ ᠤᠯᠤᠰ ᠬᠠᠮᠤᠭ᠎ᠤᠨ ᠱᠢᠨ᠎ᠡ ᠬᠡᠪ᠎ᠦᠨ ᠮᠣᠩᠭᠤᠯ ᠪᠢᠴᠢᠭ᠎ᠤᠨ ᠠᠦ᠋ᠲ᠋ᠣ᠋ ᠬᠠᠷᠭᠤᠭᠤᠯᠭ᠎ᠠ᠎ᠶᠢᠨ ᠱᠢᠰᠲᠧᠮ᠎ᠢ ᠠᠮᠵᠢᠯᠳᠠ᠎ᠲᠠᠢ ᠰᠤᠳᠤᠯᠤᠨ ᠪᠦᠳᠦᠭᠡᠪᠠ
2019.10.15

  ᠣᠢᠷ᠎ᠠ᠎ᠳᠤ᠂ ᠮᠠᠨ᠎ᠤ ᠤᠯᠤᠰ ᠬᠠᠮᠤᠭ᠎ᠤᠨ ᠱᠢᠨ᠎ᠡ ᠬᠡᠪ᠎ᠤᠨ ᠮᠤᠩᠭᠤᠯ ᠪᠢᠴᠢᠭ᠎ᠤᠨ ᠠᠦ᠋ᠲ᠋ᠣ᠋ ᠬᠠᠷᠭᠤᠭᠤᠯᠭ᠎ᠠ᠎ᠶᠢᠨ ᠱᠢᠰᠲᠧᠮ᠎ᠢ ᠠᠮᠵᠢᠯᠲᠠ᠎ᠲᠠᠢ ᠰᠤᠲᠤᠯᠤᠨ ᠪᠦᠲᠦᠭᠡᠪᠡ᠃

  ᠡᠨᠡ᠎ᠬᠦ ᠬᠠᠮᠤᠭ᠎ᠤᠨ ᠱᠢᠨ᠎ᠡ ᠬᠡᠪ᠎ᠤᠨ ᠮᠤᠩᠭᠤᠯ ᠪᠢᠴᠢᠭ᠎ᠤᠨ ᠠᠦ᠋ᠲ᠋ᠣ᠋ ᠬᠠᠷᠭᠤᠭᠤᠯᠭ᠎ᠠ᠎ᠶᠢᠨ ᠱᠢᠰᠲᠧᠮ᠎ᠢ ᠦᠪᠦᠷ ᠮᠤᠩᠭᠤᠯ᠎ᠤᠨ ᠶᠡᠬᠡ ᠰᠤᠷᠭᠠᠭᠤᠯᠢ᠎ᠶᠢᠨ ᠯᠤᠭᠯᠤ ᠫᠷᠤᠹᠧᠰᠰᠤᠷ᠎ᠢᠶᠠᠷ ᠠᠬᠠᠯᠠᠭᠤᠯᠤᠭᠰᠠᠨ ᠪᠠᠭ᠎ᠤᠨ ᠬᠠᠮᠲᠤ ᠤᠯᠠᠨ᠎ᠡᠴᠡ ᠰᠤᠲᠤᠯᠤᠨ ᠪᠦᠲᠦᠭᠡᠪᠡ᠃ ᠲᠤᠰ ᠱᠢᠰᠲᠧᠮ᠎ᠨᠢ ᠬᠠᠷᠭᠤᠭᠤᠯᠬᠤ᠂ ᠨᠠᠢᠷᠠᠭᠤᠯᠬᠤ᠂ ᠺᠣᠳ᠋ ᠬᠦᠷᠪᠡᠬᠦᠯᠬᠦ᠂ ᠯᠠᠲ᠋ᠢᠨ ᠭᠠᠯᠢᠭ᠎ᠢᠶᠠᠷ ᠪᠠᠭᠤᠯᠭᠠᠬᠤ᠂ ᠦᠭᠡᠰ᠎ᠤᠨ ᠵᠢᠭᠰᠠᠭᠠᠯᠲᠠ ᠬᠢᠬᠦ᠂ ᠦᠶ᠎ᠠ᠎ᠪᠡᠷ ᠰᠠᠯᠭᠠᠬᠤ᠂ ᠦᠭᠡ ᠦᠰᠦᠭ᠎ᠢ ᠪᠦᠷᠢᠳᠭᠡᠬᠦ ᠵᠡᠷᠭᠡ 7 ᠵᠦᠢᠯ᠎ᠤᠨ ᠴᠢᠲᠠᠮᠵᠢ᠎ᠲᠠᠢ᠃

  ᠤᠢᠯᠠᠭᠠᠭᠰᠠᠨ᠎ᠢᠶᠠᠷ᠂ ᠮᠤᠩᠭᠤᠯ ᠪᠢᠴᠢᠭ᠎ᠢ ᠮᠠᠱᠢᠨ᠎ᠳᠤ ᠤᠷᠤᠭᠤᠯᠬᠤ᠎ᠳᠤ ᠲᠦᠷᠢᠮᠵᠢᠯ᠎ᠦᠭᠡᠢ᠎ᠡᠴᠡ ᠱᠢᠯᠲᠠᠭᠠᠯᠠᠭᠲᠠᠭᠰᠠᠨ ᠲᠠᠭᠤᠲᠠᠯᠭ᠎ᠠ ᠲᠠᠱᠢᠶ᠎ᠠ ᠪᠢᠴᠢᠯᠭᠡ᠎ᠶᠢ ᠠᠦ᠋ᠲ᠋ᠣ᠋ᠴᠢᠯᠠᠨ ᠵᠠᠯᠠᠷᠠᠭᠤᠯᠬᠤ ᠪᠠ ᠮᠡᠲᠡᠭᠡ ᠵᠠᠩᠬᠢ᠎ᠶᠢᠨ ᠬᠠᠢᠯᠲᠠ᠎ᠳᠤ ᠰᠠᠭᠤᠷᠢ ᠮᠡᠷᠭᠡᠵᠢᠯ᠎ᠢ ᠬᠠᠩᠭᠠᠬᠤ᠎ᠪᠡᠷ ᠯᠤᠭᠯᠤ  ᠫᠷᠣᠹᠧᠰᠰᠣᠷ᠎ᠤᠨ ᠪᠠᠭ᠎ᠤᠨ ᠬᠠᠮᠲᠤ ᠤᠯᠠᠨ᠎ᠡᠴᠡ ᠠᠩᠬ᠎ᠠ 2006 ᠤᠨ᠎ᠤ 4 ᠰᠠᠷ᠎ᠠ᠎ᠡᠴᠡ ᠡᠬᠢᠯᠡᠨ ᠮᠤᠩᠭᠤᠯ ᠪᠢᠴᠢᠭ᠎ᠤᠨ ᠠᠦ᠋ᠲ᠋ᠣ᠋ ᠬᠠᠷᠭᠤᠭᠤᠯᠭ᠎ᠠ᠎ᠶᠢᠨ ᠱᠢᠰᠲᠧᠮ᠎ᠢ ᠰᠤᠲᠤᠯᠵᠤ ᠠᠷᠪᠠ ᠭᠠᠷᠤᠢ ᠵᠢᠯ᠎ᠤᠨ ᠱᠢᠷᠭᠠᠭᠤ ᠬᠠᠲᠠᠭᠤᠵᠢᠯᠲᠠᠢ ᠴᠢᠷᠮᠠᠢᠯᠭ᠎ᠠ᠎ᠪᠡᠷ ᠲᠠᠮᠵᠢᠨ ᠡᠨᠡ᠎ᠬᠦ ᠬᠠᠮᠤᠭ᠎ᠤᠨ ᠱᠢᠨ᠎ᠡ ᠬᠡᠪ᠎ᠤᠨ ᠮᠤᠩᠭᠤᠯ ᠪᠢᠴᠢᠭ᠎ᠤᠨ ᠠᠦ᠋ᠲ᠋ᠣ᠋ ᠬᠠᠷᠭᠤᠭᠤᠯᠭ᠎ᠠ᠎ᠶᠢᠨ ᠱᠢᠰᠲᠧᠮ᠎ᠢ ᠰᠤᠲᠤᠯᠤᠨ ᠪᠦᠲᠦᠭᠡᠭᠰᠡᠨ ᠪᠠᠢᠲᠠᠭ᠃

  ᠬᠠᠮᠤᠭ᠎ᠤᠨ ᠱᠢᠨ᠎ᠡ ᠬᠡᠪ᠎ᠤᠨ ᠮᠤᠩᠭᠤᠯ ᠪᠢᠴᠢᠭ᠎ᠤᠨ ᠠᠦ᠋ᠲ᠋ᠣ᠋ ᠬᠠᠷᠭᠤᠭᠤᠯᠭ᠎ᠠ᠎ᠶᠢᠨ ᠱᠢᠰᠲᠧᠮ᠎ᠨᠢ ᠮᠤᠩᠭᠤᠯ ᠪᠢᠴᠢᠭ᠎ᠤᠨ ᠺᠤᠳ᠋᠎ᠤᠨ ᠤᠯᠠᠨ ᠤᠯᠤᠰ᠎ᠤᠨ ᠪᠠᠷᠢᠮᠵᠢᠶ᠎ᠠ ᠪᠤᠶᠤ ᠤᠯᠤᠰ᠎ᠤᠨ ᠪᠠᠷᠢᠮᠵᠢᠶ᠎ᠠ᠂ ᠮᠤᠩᠭᠤᠯ ᠪᠢᠴᠢᠭ᠎ᠤᠨ ᠪᠠᠷᠢᠮᠵᠢᠶ᠎ᠠ᠂ ᠮᠤᠩᠭᠤᠯ ᠪᠢᠴᠢᠭ᠎ᠤᠨ ᠲᠠᠩ ᠦᠭᠡ᠎ᠶᠢᠨ ᠬᠡᠯᠪᠡᠷᠢ ᠲᠦᠷᠰᠦᠨ᠎ᠤ ᠲᠦᠷᠢᠮᠵᠢᠯ᠎ᠤᠨ ᠤᠯᠤᠰ᠎ᠤᠨ ᠪᠠᠷᠢᠮᠵᠢᠶ᠎ᠠ (ᠦᠨᠳᠦᠰᠦᠨ ᠬᠡᠰᠡᠭ)᠂ ᠮᠤᠩᠭᠤᠯ ᠪᠢᠴᠢᠭ᠎ᠤᠨ ᠯᠠᠲ᠋ᠢᠨ ᠭᠠᠯᠢᠭ᠎ᠢᠶᠡᠷ ᠪᠠᠭᠤᠯᠭᠠᠵᠤ ᠪᠢᠴᠢᠬᠦ ᠤᠯᠠᠨ ᠤᠯᠤᠰ᠎ᠤᠨ ᠬᠠᠮᠲᠤᠷᠠᠭᠰᠠᠨ ᠲᠦᠰᠦᠯ᠂ ᠮᠤᠩᠭᠤᠯ ᠪᠢᠴᠢᠭ᠎ᠢ ᠯᠠᠲ᠋ᠢᠨ ᠭᠠᠯᠢᠭ᠎ᠢᠶᠡᠷ ᠪᠠᠭᠤᠯᠭᠠᠵᠤ ᠪᠢᠴᠢᠬᠦ ᠦᠪᠦᠷ ᠮᠤᠩᠭᠤᠯ᠎ᠤᠨ ᠶᠡᠬᠡ ᠰᠤᠷᠭᠠᠭᠤᠯᠢ᠎ᠶᠢᠨ ᠲᠦᠰᠦᠯ᠂ ᠮᠤᠩᠭᠤᠯ ᠪᠢᠴᠢᠭ᠎ᠢ ᠴᠠᠭᠠᠨ ᠲᠤᠯᠤᠭᠠᠢ᠎ᠶᠢᠨ ᠲᠠᠷᠠᠭᠠᠯᠠᠯ᠎ᠢᠶᠡᠷ ᠵᠢᠭᠰᠠᠭᠠᠬᠤ ᠤᠯᠤᠰ᠎ᠤᠨ ᠪᠠᠷᠢᠮᠵᠢᠶ᠎ᠠ ᠵᠡᠷᠭᠡ᠎ᠶᠢ ᠴᠢᠩᠭ᠎ᠠ ᠵᠢᠷᠤᠮᠯᠠᠲᠠᠭ; ᠤᠯᠠᠨ ᠵᠦᠢᠯ᠎ᠤᠨ ᠺᠣᠳ᠋ (ᠤᠯᠠᠨ ᠤᠯᠤᠰ᠎ᠤᠨ ᠪᠠᠷᠢᠮᠵᠢᠶ᠎ᠠ ᠺᠤᠳ᠋᠂ ᠮᠦᠩᠬᠡ ᠭᠠᠯ ᠺᠤᠳ᠋᠂ ᠹᠠᠩ ᠵᠧᠩ ᠺᠣᠳ᠋ ᠵᠡᠷᠭᠡ)᠎ᠢ ᠬᠡᠷᠡᠭᠯᠡᠵᠦ ᠪᠤᠯᠤᠨ᠎ᠠ; ᠤᠯᠠᠨ ᠵᠦᠢᠯ᠎ᠤᠨ ᠮᠠᠲᠧᠷᠢᠶᠠᠯ᠎ᠤᠨ ᠬᠡᠯᠪᠡᠷᠢ᠎ᠶᠢ ᠲᠡᠮᠵᠢᠵᠦ ᠬᠠᠷᠭᠤᠭᠤᠯᠬᠤ ᠤᠨᠤᠪᠴᠢ᠎ᠶᠢᠨ ᠬᠡᠮᠵᠢᠶ᠎ᠠ ᠦᠨᠳᠦᠷ᠂ ᠡᠭᠦᠨ᠎ᠳᠤ ᠲᠦᠷᠰᠤ ᠲᠠᠱᠢᠶ᠎ᠠ ᠪᠢᠴᠢᠯᠭᠡ᠎ᠶᠢ ᠪᠠᠢᠴᠠᠭᠠᠵᠤ ᠤᠯᠬᠤ ᠲᠤᠮᠲᠠᠴᠢ ᠤᠨᠤᠪᠴᠢ᠎ᠶᠢᠨ ᠬᠡᠮᠵᠢᠶ᠎ᠠ᠎ᠨᠢ 90%᠎ᠡᠴᠡ ᠲᠡᠭᠡᠭᠱᠢ᠂ ᠲᠠᠭᠤᠲᠠᠯᠭ᠎ᠠ ᠲᠠᠱᠢᠶ᠎ᠠ ᠪᠢᠴᠢᠯᠭᠡ᠎ᠶᠢ ᠪᠠᠢᠴᠠᠭᠠᠵᠤ ᠤᠯᠬᠤ ᠲᠤᠮᠲᠠᠴᠢ ᠤᠨᠤᠪᠴᠢ᠎ᠶᠢᠨ ᠬᠡᠮᠵᠢᠶ᠎ᠠ᠎ᠨᠢ 97%᠎ᠡᠴᠡ ᠲᠡᠭᠡᠭᠱᠢ᠂ ᠲᠠᠭᠤᠲᠠᠯᠭ᠎ᠠ ᠲᠠᠱᠢᠶ᠎ᠠ ᠪᠢᠴᠢᠯᠭᠡ᠎ᠶᠢ ᠠᠦ᠋ᠲ᠋ᠣ᠋ᠴᠢᠯᠠᠨ ᠵᠠᠯᠠᠷᠠᠭᠤᠯᠬᠤ ᠲᠤᠮᠲᠠᠴᠢ ᠤᠨᠤᠪᠴᠢ᠎ᠶᠢᠨ ᠬᠡᠮᠵᠢᠶ᠎ᠠ᠎ᠨᠢ 98%᠎ᠡᠴᠡ ᠲᠡᠭᠡᠭᠱᠢ ᠬᠦᠷᠲᠡᠭ᠃ ᠪᠠᠰᠠ ᠲᠦᠷᠰᠦ ᠢᠵᠢᠯᠢ ᠲᠠᠭᠤᠲᠠᠯᠭ᠎ᠠ ᠤᠨᠲᠤᠤ ᠦᠭᠡ᠎ᠶᠢ ᠠᠦ᠋ᠲ᠋ᠣ᠋ᠴᠢᠯᠠᠨ ᠲᠠᠨᠢᠬᠤ ᠲᠤᠮᠲᠠᠴᠢ ᠤᠨᠤᠪᠴᠢ᠎ᠶᠢᠨ ᠬᠡᠮᠵᠢᠶ᠎ᠠ᠎ᠨᠢ 86%᠎ᠳᠤ ᠬᠦᠷᠦᠭᠰᠡᠨ ᠪᠠᠢᠲᠠᠭ; ᠦᠷᠬᠦᠯᠵᠢ ᠬᠡᠷᠡᠭᠯᠡᠬᠦ ᠮᠤᠩᠭᠤᠯ ᠪᠢᠴᠢᠭ᠎ᠤᠨ ᠺᠤᠳ᠋᠎ᠤᠳ᠎ᠤᠨ ᠬᠤᠭᠤᠷᠤᠨᠲᠤ ᠬᠤᠤᠰ ᠴᠢᠭᠯᠡᠯ᠎ᠤᠨ ᠬᠦᠷᠪᠡᠬᠦᠯᠭᠡ᠎ᠶᠢᠨ ᠴᠢᠲᠠᠮᠵᠢ᠎ᠲᠠᠢ ᠪᠦᠭᠡᠳ ᠬᠡᠷᠡᠭᠯᠡᠭᠴᠢ᠎ᠶᠢᠨ ᠵᠤᠯᠭᠠᠴᠠ᠎ᠨᠢ ᠬᠤᠲᠤᠮ ᠮᠤᠩᠭᠤᠯ ᠪᠢᠴᠢᠭ᠂ ᠺᠢᠷᠢᠯ ᠮᠤᠩᠭᠤᠯ ᠪᠢᠴᠢᠭ᠂ ᠠᠩᠭᠯᠢ ᠪᠢᠴᠢᠭ᠂ ᠬᠢᠲᠠᠳ ᠪᠢᠴᠢᠭ᠎ᠤᠨ ᠬᠢᠯᠪᠠᠷᠴᠢᠯᠠᠭᠰᠠᠨ ᠦᠰᠦᠭ ᠪᠤᠯᠤᠨ ᠬᠢᠯᠪᠠᠷᠴᠢᠯᠠᠭᠲᠠᠭ᠎ᠠ᠎ᠦᠭᠡᠢ ᠦᠰᠦᠭ᠎ᠢ ᠲᠡᠮᠵᠢᠲᠡᠭ ᠮᠤᠩᠭᠤᠯ ᠬᠡᠯᠡᠨ᠎ᠤ ᠮᠡᠲᠡᠭᠡ ᠵᠠᠩᠭᠢᠵᠢᠯᠲᠡ᠎ᠳᠤ ᠵᠤᠷᠢᠭᠤᠯᠤᠭᠰᠠᠨ ᠤᠯᠠᠨ ᠵᠦᠢᠯ᠎ᠤᠨ ᠬᠠᠪᠰᠤᠷᠤᠯᠲᠠ ᠴᠢᠲᠠᠮᠵᠢ᠎ᠲᠠᠢ᠎ᠪᠡᠷ ᠤᠨᠴᠠᠯᠠᠭᠲᠠᠨ᠎ᠠ᠃

   《ᠮᠤᠩᠭᠤᠯ ᠪᠢᠴᠢᠭ᠎ᠤᠨ ᠠᠦ᠋ᠲ᠋ᠣ᠋ ᠬᠠᠷᠭᠤᠭᠤᠯᠭ᠎ᠠ᠎ᠶᠢᠨ ᠱᠢᠰᠲᠧᠮ᠎ᠢ ᠱᠢᠨᠡᠴᠢᠯᠡᠨ ᠲᠡᠭᠦᠯᠲᠡᠷᠵᠢᠬᠦᠯᠵᠦ ᠪᠤᠢ᠂ ᠢᠷᠡᠭᠡᠲᠦᠢ᠎ᠳᠤ ᠦᠭᠦᠯᠡᠪᠦᠷᠢ ᠵᠦᠢ᠎ᠶᠢᠨ ᠬᠠᠷᠭᠤᠭᠤᠯᠭ᠎ᠠ ᠪᠤᠯᠤᠨ ᠦᠭᠡ᠎ᠶᠢᠨ ᠤᠳᠬ᠎ᠠ᠎ᠶᠢᠨ ᠬᠠᠷᠭᠤᠭᠤᠯᠭ᠎ᠠ᠎ᠶᠢᠨ ᠴᠢᠲᠠᠮᠵᠢ᠎ᠲᠠᠢ ᠪᠤᠯᠭᠠᠬᠤ ᠪᠤᠯᠤᠨ᠎ᠠ》 ᠭᠡᠵᠦ ᠦᠪᠦᠷ ᠮᠤᠩᠭᠤᠯ᠎ᠤᠨ ᠶᠡᠬᠡ ᠰᠤᠷᠭᠠᠭᠤᠯᠢ᠎ᠶᠢᠨ ᠫᠷᠤᠹᠧᠰᠰᠤᠷ ᠯᠤᠭᠯᠤ ᠶᠠᠷᠢᠨ᠎ᠠ᠃

 

 

                                        ᠱᠢᠨᠬᠤᠸᠠ ᠮᠣᠩᠭᠤᠯ ᠨᠸᠲ᠎ᠡᠴᠡ ᠱᠢᠯᠵᠢᠭᠦᠯᠦᠨ ᠨᠡᠢᠲᠡᠯᠡᠪᠡ

(ᠬᠠᠷᠢᠭᠤᠴᠠᠭᠰᠠᠨ ᠨᠠᠢᠷᠠᠭᠤᠯᠤᠭᠴᠢ : ᠰᠠᠭᠤᠷᠢᠪᠡᠬᠢ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604