ᠤᠯᠠᠨ ᠤᠯᠤᠰ ᠤ᠋ᠨ ᠮᠣᠩᠭᠤᠯ ᠰᠤᠷᠪᠤᠯᠵᠢ ᠪᠢᠴᠢᠭ ᠤ᠋ᠨ ᠰᠤᠳᠤᠯᠤᠯ ᠤ᠋ᠨ ᠲᠥᠪ ᠪᠠᠢᠭᠤᠯᠤᠭᠳᠠᠯ᠎ᠠ
2019.10.25

  《ᠥᠪᠦᠷ ᠮᠣᠩᠭᠤᠯ ᠤ᠋ᠨ ᠪᠠᠭᠰᠢ ᠶ᠋ᠢᠨ ᠶᠡᠬᠡ ᠰᠤᠷᠭᠠᠭᠤᠯᠢ ᠶ᠋ᠢᠨ ᠮᠣᠩᠭᠤᠯ ᠰᠤᠳᠤᠯᠤᠯ ᠤ᠋ᠨ ᠳᠡᠭᠡᠲᠦ ᠰᠤᠷᠭᠠᠭᠤᠯᠢ ᠶ᠋ᠢᠨ ᠤᠯᠠᠨ ᠤᠯᠤᠰ ᠤ᠋ᠨ ᠮᠣᠩᠭᠤᠯ ᠰᠤᠷᠪᠤᠯᠵᠢ ᠪᠢᠴᠢᠭ ᠤ᠋ᠨ ᠰᠤᠳᠤᠯᠤᠯ ᠤ᠋ᠨ ᠲᠥᠪ》ᠪᠠᠢᠭᠤᠯᠤᠭᠳᠠᠬᠤ ᠶᠣᠰᠣᠯᠠᠯ 2019  ᠤᠨ ᠤ᠋ 10 ᠰᠠᠷ᠎ᠠ ᠶ᠋ᠢᠨ 25  ᠤ᠋ ᠡᠳᠦᠷ᠂ ᠥᠪᠦᠷ ᠮᠣᠩᠭᠤᠯ ᠤ᠋ᠨ ᠪᠠᠭᠰᠢ ᠶ᠋ᠢᠨ ᠶᠡᠬᠡ ᠰᠤᠷᠭᠠᠭᠤᠯᠢ ᠶ᠋ᠢᠨ ᠳᠤᠮᠳᠠᠳᠤ ᠤᠯᠤᠰ ᠤ᠋ᠨ ᠴᠦ᠋ᠬᠡᠨ ᠲᠣᠭᠠᠲᠤ ᠦᠨᠳᠦᠰᠦᠲᠡᠨ ᠤ᠋ ᠤᠳᠭ᠎ᠠ ᠵᠣᠬᠢᠶᠠᠯ ᠤ᠋ᠨ ᠣᠷᠳᠤᠨ ᠳ᠋ᠤ᠌ ᠶᠠᠪᠤᠭᠳᠠᠪᠠ᠃ ᠤᠭ ᠬᠤᠷᠠᠯ ᠢ᠋ ᠥᠪᠦᠷ ᠮᠣᠩᠭᠤᠯ ᠤ᠋ᠨ ᠪᠠᠭᠰᠢ ᠶ᠋ᠢᠨ ᠶᠡᠬᠡ ᠰᠤᠷᠭᠠᠭᠤᠯᠢ ᠶ᠋ᠢᠨ ᠮᠣᠩᠭᠤᠯ ᠰᠤᠳᠤᠯᠤᠯ ᠤ᠋ᠨ ᠳᠡᠭᠡᠲᠦ ᠰᠤᠷᠭᠠᠭᠤᠯᠢ ᠭᠣᠣᠯᠯᠠᠨ ᠡᠷᠬᠢᠯᠡᠵᠤ᠂ ᠥᠪᠦᠷ ᠮᠣᠩᠭᠤᠯ ᠤ᠋ᠨ ᠪᠠᠭᠰᠢ ᠶ᠋ᠢᠨ ᠶᠡᠬᠡ ᠰᠤᠷᠭᠠᠭᠤᠯᠢ ᠶ᠋ᠢᠨ ᠮᠣᠩᠭᠤᠯ ᠰᠤᠳᠤᠯᠤᠯ ᠤ᠋ᠨ ᠳᠡᠭᠡᠲᠤ ᠰᠤᠷᠭᠠᠭᠤᠯᠢ ᠶ᠋ᠢᠨ ᠮᠣᠩᠭᠤᠯ ᠬᠡᠯᠡ ᠤᠳᠭ᠎ᠠ ᠵᠣᠬᠢᠶᠠᠯ ᠰᠤᠳᠤᠯᠬᠤ ᠭᠠᠵᠠᠷ᠂ ᠮᠣᠩᠭᠤᠯ ᠰᠤᠳᠤᠯᠤᠯ ᠤ᠋ᠨ ᠤᠯᠠᠨ ᠤᠯᠤᠰ ᠤ᠋ᠨ ᠰᠢᠨᠵᠢᠯᠡᠭᠡᠨ ᠤ᠋ ᠲᠥᠪ ᠳᠠᠭᠠᠭᠠᠴᠢᠯᠡᠨ ᠡᠷᠬᠢᠯᠡᠵᠡᠢ᠃

  ᠥᠪᠦᠷ ᠮᠣᠩᠭᠤᠯ ᠤ᠋ᠨ ᠪᠠᠭᠰᠢ ᠶ᠋ᠢᠨ ᠶᠡᠬᠡ ᠰᠤᠷᠭᠠᠭᠤᠯᠢ ᠶ᠋ᠢᠨ ᠳᠡᠳ᠋ ᠵᠠᠬᠢᠷᠤᠯ ᠸᠠᠩ ᠯᠠᠢ ᠰᠢ᠂ ᠮᠣᠩᠭᠤᠯ ᠰᠤᠳᠤᠯᠤᠯ ᠤ᠋ᠨ ᠳᠡᠭᠡᠲᠤ ᠰᠤᠷᠭᠠᠭᠤᠯᠢ ᠶ᠋ᠢᠨ ᠵᠠᠬᠢᠷᠤᠯ ᠳᠤᠷᠤᠨᠠᠲ᠋ᠡᠭᠷᠢ᠂ ᠨᠠᠮ ᠤ᠋ᠨ ᠶᠡᠷᠦᠩᠬᠡᠢ ᠡᠭᠦᠷ ᠦ᠋ᠨ ᠱᠦᠵᠢ ᠪᠠᠢ ᠪᠤᠤ ᠴᠸᠩ᠂ ᠳᠡᠳ᠋ ᠵᠠᠬᠢᠷᠤᠯ᠂ ᠨᠠᠮ ᠤ᠋ᠨ ᠡᠭᠦᠷ ᠦ᠋ᠨ ᠳᠡᠳ᠋ ᠱᠦᠵᠢ ᠤᠷᠠᠨᠴᠢᠮᠡᠭ᠂ ᠳᠡᠳ᠋ ᠵᠠᠬᠢᠷᠤᠯ ᠵᠢᠦᠢ ᠪᠤᠤ᠂ ᠲᠥᠪ ᠦ᠋ᠨ ᠦᠨᠳᠦᠰᠦᠲᠡᠨ ᠤ᠋ ᠶᠡᠬᠡ ᠰᠤᠷᠭᠠᠭᠤᠯᠢ ᠶ᠋ᠢᠨ ᠳᠤᠮᠳᠠᠳᠤ ᠤᠯᠤᠰ ᠤ᠋ᠨ ᠴᠦ᠋ᠬᠡᠨ ᠲᠣᠭᠠᠲᠤ ᠦᠨᠳᠦᠰᠦᠲᠡᠨ ᠤ᠋ ᠬᠡᠯᠡ ᠤᠳᠭ᠎ᠠ ᠵᠣᠬᠢᠶᠠᠯ ᠤ᠋ᠨ ᠳᠡᠭᠡᠲᠤ ᠰᠤᠷᠭᠠᠭᠤᠯᠢ ᠶ᠋ᠢᠨ ᠫᠷᠣᠹᠧᠰᠰᠣᠷ ᠮᠢᠩᠭᠠᠳ ᠡᠷᠳᠡᠮᠲᠦ᠂ ᠮᠣᠩᠭᠤᠯ ᠤᠯᠤᠰ ᠤ᠋ᠨ ᠰᠢᠨᠵᠢᠯᠡᠬᠦ ᠤᠬᠠᠭᠠᠨ ᠤ᠋ ᠠᠺᠠᠲᠧᠮᠢ ᠶ᠋ᠢᠨ ᠲᠡᠤᠬᠡ ᠠᠷᠬᠢᠯᠤᠬᠢ ᠶ᠋ᠢᠨ ᠬᠦᠷᠢᠶᠡᠯᠡᠩ ᠦ᠋ᠨ ᠵᠠᠬᠢᠷᠤᠯ᠂ ᠠᠺᠠᠳᠧᠮᠢᠴᠢ᠂ ᠤᠯᠠᠨ ᠤᠯᠤᠰ ᠤ᠋ᠨ ᠮᠣᠩᠭᠤᠯ ᠰᠤᠳᠤᠯᠤᠯ ᠤ᠋ᠨ ᠨᠡᠢᠭᠡᠮᠯᠢᠭ ᠦ᠋ᠨ ᠨᠠᠷᠢᠨ ᠪᠢᠴᠢᠭ ᠤ᠋ᠨ ᠳᠠᠷᠤᠭ᠎ᠠ ᠰ᠊·ᠴᠢᠯᠠᠭᠤᠨ᠂ ᠥᠪᠦᠷ ᠮᠣᠩᠭᠤᠯ ᠤ᠋ᠨ ᠠᠷᠠᠳ ᠤ᠋ᠨ ᠬᠡᠪᠯᠡᠯ ᠦ᠋ᠨ ᠬᠣᠷᠢᠶᠠᠨ ᠤ᠋ ᠮᠣᠩᠭᠤᠯ ᠰᠤᠳᠤᠯᠤᠯ ᠤ᠋ᠨ ᠲᠥᠪ ᠦ᠋ᠨ ᠡᠷᠬᠢᠯᠡᠭᠴᠢ ᠨᠠᠷᠠᠰᠤ᠂ ᠥᠪᠦᠷ ᠮᠣᠩᠭᠤᠯ ᠤ᠋ᠨ ᠴᠦ᠋ᠬᠡᠨ ᠲᠣᠭᠠᠲᠤ ᠦᠨᠳᠦᠰᠦᠲᠡᠨ ᠤ᠋ ᠡᠷᠲᠡᠨ ᠤ᠋ ᠰᠤᠷᠪᠤᠯᠵᠢ ᠪᠢᠴᠢᠭ ᠪᠣᠯᠤᠨ《ᠬᠡᠰᠡᠷ》 ᠢ᠋ ᠴᠤᠭᠯᠠᠭᠤᠯᠤᠨ ᠡᠮᠬᠢᠳᠭᠡᠵᠦ ᠰᠤᠳᠤᠯᠬᠤ ᠭᠠᠵᠠᠷ ᠤ᠋ᠨ ᠡᠷᠬᠢᠯᠡᠭᠴᠢ ᠰᠣᠶᠤᠯᠲᠤ ᠪᠠ ᠥᠪᠦᠷ ᠮᠣᠩᠭᠤᠯ ᠤ᠋ᠨ ᠪᠠᠭᠰᠢ ᠶ᠋ᠢᠨ ᠶᠡᠬᠡ ᠰᠤᠷᠭᠠᠭᠤᠯᠢ ᠶ᠋ᠢᠨ ᠮᠣᠩᠭᠤᠯ ᠰᠤᠳᠤᠯᠤᠯ ᠤ᠋ᠨ ᠳᠡᠭᠡᠲᠤ ᠰᠤᠷᠭᠠᠭᠤᠯᠢ ᠶ᠋ᠢᠨ ᠪᠦᠬᠦ ᠪᠠᠭᠰᠢ ᠵᠢᠴᠢ ᠰᠤᠳᠤᠯᠬᠤ ᠰᠤᠷᠤᠭᠴᠢᠳ 100 ᠭᠠᠷᠤᠢ ᠬᠥᠮᠦᠨ ᠶᠣᠰᠣᠯᠠᠯ ᠳ᠋ᠤ᠌ ᠣᠷᠤᠯᠴᠠᠪᠠ᠃

  ᠳᠤᠷᠤᠨᠠᠲ᠋ᠡᠭᠷᠢ ᠫᠷᠣᠹᠧᠰᠰᠣᠷ ᠲᠥᠪ ᠪᠠᠢᠭᠤᠯᠤᠭᠳᠠᠬᠤ ᠶᠣᠰᠣᠯᠠᠯ ᠢ᠋ ᠡᠷᠬᠢᠯᠡᠵᠦ᠂ ᠰ᠊·ᠴᠢᠯᠠᠭᠤᠨ ᠪᠠ ᠸᠠᠩ ᠯᠠᠢ ᠰᠢ ᠤᠭ ᠲᠥᠪ ᠦ᠋ᠨ ᠫᠠᠢᠰᠠ ᠶ᠋ᠢ ᠡᠯᠭᠦᠭᠰᠡᠨ ᠤ᠋ ᠬᠠᠮᠲᠤ ᠮᠢᠩᠭᠠᠳ ᠡᠷᠳᠡᠮᠲᠦ ᠫᠷᠣᠹᠧᠰᠰᠣᠷ ᠲᠤ᠌ ᠤᠭ ᠲᠥᠪ ᠦ᠋ᠨ ᠡᠷᠬᠢᠯᠡᠭᠴᠢ ᠶ᠋ᠢᠨ ᠲᠣᠮᠢᠯᠠᠯ ᠤ᠋ᠨ ᠪᠢᠴᠢᠭ ᠢ᠋ ᠭᠠᠷᠲᠠᠭᠤᠯᠪᠠ᠃ ᠶᠣᠰᠣᠯᠠᠯ ᠤ᠋ᠨ ᠠᠷᠭ᠎ᠠ ᠬᠡᠮᠵᠢᠶ᠎ᠡ ᠶ᠋ᠢᠨ ᠳᠠᠷᠤᠭ᠎ᠠ ᠠᠺᠠᠳᠧᠮᠢᠴᠢ ᠰ᠊·ᠴᠢᠯᠠᠭᠤᠨ《ᠮᠣᠩᠭᠤᠯ ᠰᠤᠷᠪᠤᠯᠵᠢ ᠪᠢᠴᠢᠭ ᠢ᠋ ᠬᠥᠭᠵᠢᠭᠦᠯᠬᠦ ᠣᠨᠤᠯ ᠦᠵᠡᠯ ᠪᠠᠷᠢᠮᠳᠠᠯᠠᠯ ᠪᠠ ᠮᠣᠩᠭᠤᠯ ᠰᠤᠳᠤᠯᠤᠯ》ᠭᠡᠬᠦ ᠰᠡᠳᠦᠪ ᠢ᠋ᠶ᠋ᠡᠷ᠂ ᠮᠢᠩᠭᠠᠳ ᠡᠷᠳᠡᠮᠲᠦ ᠫᠷᠣᠹᠧᠰᠰᠣᠷ《ᠳᠤᠮᠳᠠᠳᠤ ᠤᠯᠤᠰ ᠲᠤ᠌ ᠬᠠᠳᠠᠭᠠᠯᠠᠭᠳᠠᠵᠤ ᠪᠠᠢᠭ᠎ᠠ ᠠᠷᠪᠠᠨ ᠨᠠᠢ᠍ᠮᠠᠳᠤᠭᠠᠷ ᠵᠠᠭᠤᠨ ᠤ᠋ ᠲᠣᠳᠤ ᠦᠰᠦᠭ ᠦ᠋ᠨ ᠮᠣᠳᠤᠨ ᠪᠠᠷ ᠤ᠋ᠨ ᠰᠤᠷᠪᠤᠯᠵᠢ ᠪᠢᠴᠢᠭ ᠤ᠋ᠨ ᠲᠤᠬᠠᠢ》ᠭᠡᠬᠦ ᠰᠡᠳᠦᠪ ᠢ᠋ᠶ᠋ᠡᠷ ᠲᠤᠰ ᠲᠤᠰ ᠭᠣᠣᠯ ᠰᠡᠳᠦᠪᠲᠦ ᠡᠷᠳᠡᠮ ᠰᠢᠨᠵᠢᠯᠡᠭᠡᠨ ᠤ᠋ ᠢᠯᠡᠳᠭᠡᠯ ᠬᠢᠭᠰᠡᠨ ᠪᠠᠢᠨ᠎ᠠ᠃

  ᠲᠤᠰ ᠲᠥᠪ ᠨᠢ ᠥᠪᠦᠷ ᠮᠣᠩᠭᠤᠯ ᠤ᠋ᠨ ᠪᠠᠭᠰᠢ ᠶ᠋ᠢᠨ ᠶᠡᠬᠡ ᠰᠤᠷᠭᠠᠭᠤᠯᠢ ᠶ᠋ᠢᠨ ᠰᠣᠩᠭᠤᠳᠠᠭ ᠰᠤᠳᠤᠯᠤᠯ ᠤ᠋ᠨ ᠪᠦᠲᠦᠭᠡᠨ ᠪᠠᠢᠭᠤᠯᠤᠯᠲᠠ᠂ ᠤᠯᠠᠨ ᠤᠯᠤᠰ ᠤ᠋ᠨ ᠮᠣᠩᠭᠤᠯ ᠰᠤᠳᠤᠯᠤᠯ ᠤ᠋ᠨ ᠰᠣᠩᠭᠤᠳᠠᠭ ᠰᠤᠳᠤᠯᠤᠯ ᠤ᠋ᠨ ᠪᠦᠲᠦᠭᠡᠨ ᠪᠠᠢᠭᠤᠯᠤᠯᠲᠠ᠂ ᠥᠪᠦᠷ ᠮᠣᠩᠭᠤᠯ ᠤ᠋ᠨ ᠪᠠᠭᠰᠢ ᠶ᠋ᠢᠨ ᠶᠡᠬᠡ ᠰᠤᠷᠭᠠᠭᠤᠯᠢ ᠶ᠋ᠢᠨ ᠵᠢᠭᠠᠨ ᠰᠤᠷᠭᠠᠯᠲᠠ ᠪᠠ ᠡᠷᠳᠡᠮ ᠰᠢᠵᠢᠯᠡᠭᠡᠨ ᠳ᠋ᠤ᠌ ᠦᠢᠯᠡᠴᠢᠯᠡᠵᠤ᠂ ᠳᠣᠣᠷᠠᠬᠢ ᠬᠡᠳᠦᠨ ᠲᠠᠯ᠎ᠠ ᠶ᠋ᠢᠨ ᠪᠤᠲᠠᠲᠠᠢ ᠠᠵᠢᠯ ᠢ᠋ ᠥᠷᠨᠢᠭᠦᠯᠬᠦ ᠪᠡᠷ ᠪᠠᠢᠨ᠎ᠠ᠃ ᠲᠤᠬᠠᠢᠯᠠᠪᠠᠯ᠂《ᠨᠢᠭᠡ ᠪᠦᠰᠡ ᠨᠢᠭᠡ ᠵᠠᠮ》ᠳᠠᠭᠠᠤ ᠤᠯᠤᠰ ᠣᠷᠤᠨ ᠤ᠋ ᠮᠣᠩᠭᠤᠯ ᠰᠤᠷᠪᠤᠯᠵᠢ ᠪᠢᠴᠢᠭ ᠤ᠋ᠨ ᠲᠣᠮᠤ ᠬᠡᠮᠵᠢᠶᠡᠨ ᠤ᠋ ᠰᠢᠷᠢᠰ ᠵᠢᠷᠤᠭᠲᠤ ᠨᠣᠮ ᠢ᠋ ᠲᠥᠰᠦᠪᠯᠡᠨ ᠬᠡᠪᠯᠡᠬᠦ;《ᠨᠢᠭᠡ ᠪᠦᠰᠡ ᠨᠢᠭᠡ ᠵᠠᠮ》ᠳᠠᠭᠠᠤ ᠤᠯᠤᠰ ᠣᠷᠤᠨ ᠤ᠋ ᠮᠣᠩᠭᠤᠯ ᠰᠤᠷᠪᠤᠯᠵᠢ ᠪᠢᠴᠢᠭ ᠤ᠋ᠨ ᠰᠤᠳᠤᠯᠭᠠᠨ ᠤ᠋ ᠲᠣᠮᠤ ᠬᠡᠮᠵᠢᠶᠡᠨ ᠤ᠋ ᠰᠢᠷᠢᠰ ᠨᠣᠮ ᠢ᠋ ᠲᠥᠰᠦᠪᠯᠡᠨ ᠬᠡᠪᠯᠡᠬᠦ; ᠤᠯᠠᠨ ᠤᠯᠤᠰ ᠤ᠋ᠨ ᠡᠷᠳᠡᠮ ᠰᠢᠨᠵᠢᠯᠡᠭᠡᠨ ᠤ᠋ ᠬᠤᠷᠠᠯ᠂ ᠤᠯᠤᠰ ᠤ᠋ᠨ ᠳᠣᠲᠤᠭᠠᠳᠤ ᠶ᠋ᠢᠨ ᠡᠷᠳᠡᠮ ᠰᠢᠨᠵᠢᠯᠡᠭᠡᠨ ᠤ᠋ ᠬᠤᠷᠠᠯ ᠪᠠ ᠥᠨᠳᠦᠷ ᠬᠢᠷᠢ ᠲᠦᠪᠰᠢᠨ ᠤ᠋ ᠯᠸᠺᠼᠢ ᠵᠣᠬᠢᠶᠠᠨ ᠪᠠᠢᠭᠤᠯᠬᠤ;  ᠮᠣᠩᠭᠤᠯ ᠰᠤᠷᠪᠤᠯᠵᠢ ᠪᠢᠴᠢᠭ ᠤ᠋ᠨ ᠳ᠋ᠠᠢᠲ᠋ᠠ ᠬᠥᠮᠦᠷᠭᠡ ᠪᠠᠢᠭᠤᠯᠬᠤ; ⑸ ᠤᠯᠠᠨ ᠤᠯᠤᠰ ᠤ᠋ᠨ ᠮᠣᠩᠭᠤᠯ ᠰᠤᠳᠤᠯᠤᠯ ᠤ᠋ᠨ ᠬᠠᠮᠤᠭ ᠤ᠋ᠨ ᠲᠣᠮᠤ᠂ ᠬᠠᠮᠤᠭ ᠤ᠋ᠨ ᠰᠠᠭᠤᠷᠢ ᠶ᠋ᠢᠨ ᠴᠢᠨᠠᠷᠲᠠᠢ ᠰᠢᠷᠢᠰ ᠨᠣᠮ ᠢ᠋ ᠲᠥᠰᠦᠪᠯᠡᠨ ᠬᠡᠪᠯᠡᠬᠦ ᠪᠠᠷ ᠪᠠᠢᠨ᠎ᠠ᠃

 

 

 

 

  ᠡᠬᠡ ᠪᠢᠴᠢᠭ ᠢ᠋ ᠬᠠᠩᠭᠠᠭᠴᠢ᠄ ᠮᠠᠨᠤᠬᠤᠸᠠᠷ

  ᠰᠡᠭᠦᠳᠡᠷᠯᠡᠭᠴᠢ᠄ ᠪᠠᠢ ᠢᠦᠢ ᠺᠦᠨ

  ᠲᠥᠪ ᠲᠸᠯᠸᠢᠰ ᠤ᠋ᠨ ᠮᠣᠩᠭᠤᠯ ᠰᠦᠯᠵᠢᠶᠡᠨ ᠡᠴᠡ ᠰᠢᠯᠵᠢᠭᠦᠯᠦᠨ ᠨᠡᠢᠳᠡᠯᠡᠪᠡ

 

(ᠬᠠᠷᠢᠭᠤᠴᠠᠭᠰᠠᠨ ᠨᠠᠢᠷᠠᠭᠤᠯᠤᠭᠴᠢ : ᠤᠷᠢᠬᠠᠨ)

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠦᠪᠦᠷ
ᠮᠤᠩᠭ᠋ᠤᠯ ᠤᠨ
ᠬᠡᠪᠯᠡᠯ ᠤ᠋ᠨ
ᠪᠦᠯᠦᠭᠯᠡᠯ
ᠬᠡᠪᠯᠡᠯ ᠤ᠋ᠨ
ᠡᠷᠬᠡ ᠲᠡᠢ
ᠦᠪᠦᠷ
ᠮᠤᠩᠭ᠋ᠤᠯ ᠤᠨ
ᠮᠤᠨᠢ
ᠨᠡᠷᠡᠮᠵᠢᠲᠦ
ᠰᠤᠶᠤᠯ ᠤᠨ
ᠵᠠᠭᠤᠴᠢ
ᠪᠦᠷᠢᠨ 
ᠪᠤᠰᠤ
ᠬᠠᠷᠢᠭᠤᠴᠠᠯᠭᠠᠳᠤ 
ᠺᠤᠮᠫᠠᠨᠢ
ᠲᠦᠰᠦᠪᠯᠡᠨ
ᠦᠢᠯᠡᠳᠪᠡ
ᠦᠪᠦᠷ
ᠮᠤᠩᠭ᠋ᠤᠯ ᠤᠨ
ᠳᠡᠯᠡᠬᠡᠢ
ᠮᠡᠳᠡᠭᠡ
ᠵᠠᠩᠬᠢ
ᠮᠡᠷᠭᠡᠵᠢᠯ ᠤᠨ
ᠬᠢᠵᠠᠭᠠᠷᠲᠤ
ᠺᠤᠮᠫᠠᠨᠢ
ᠮᠡᠷᠭᠡᠵᠢᠯ
ᠬᠠᠩᠭ᠋ᠠᠪᠠ
ᠬᠠᠶᠢ᠍ᠭ᠄
ᠦᠪᠦᠷ
ᠮᠤᠩᠭ᠋ᠤᠯ ᠤᠨ
ᠦᠪᠡᠷᠲᠡᠭᠡᠨ
ᠵᠠᠰᠠᠬᠤ
ᠤᠷᠤᠨ ᠤ
ᠬᠦᠬᠡᠬᠤᠳᠠ ᠵᠢᠨ ᠰᠢᠨ᠎ᠡ
ᠬᠤᠲᠠ
ᠲᠤᠭᠤᠷᠢᠭ ᠤᠨ
ᠰᠢᠩᠬᠤᠸᠠ
ᠵᠡᠬᠦᠨ
ᠵᠡᠭᠡᠯᠢ ᠵᠢᠨ
89ᠨᠤᠮᠧᠷ
ᠦᠪᠤᠷ
ᠮᠤᠩᠭ᠋ᠤᠯ ᠤᠨ
ᠬᠡᠪᠯᠡᠯ ᠤᠨ
ᠪᠦᠯᠦᠭᠯᠡᠯ