ᠳᠡᠯᠡᠬᠡᠢ᠎ᠶᠢᠨ ᠬᠡᠦᠬᠡᠳ᠎ᠤᠨ ᠰᠤᠩᠭᠤᠳᠠᠭ ᠤᠷᠠᠨ ᠵᠤᠬᠢᠶᠠᠯ᠎ᠤᠨ ᠲᠡᠭᠡᠵᠢᠰ — ᠹᠷᠠᠩᠺᠸᠨ᠋ᠰᠲᠸᠢᠢᠨ

  • ᠬᠡᠪᠯᠡᠯ᠎ᠦᠨ ᠬᠣᠷᠢᠶ᠎ᠠ:ᠥᠪᠦᠷ ᠮᠣᠩᠭᠤᠯ᠎ᠤᠨ ᠰᠤᠷᠭᠠᠨ ᠬᠥᠮᠦᠵᠢᠯ᠎ᠦᠨ ᠬᠡᠪᠯᠡᠯ᠎ᠦᠨ ᠬᠣᠷᠢᠶ᠎ᠠ
  • ᠵᠣᠬᠢᠶᠠᠭᠴᠢ:[ᠠᠩᠭ᠌ᠯᠢ] ᠮᠸᠷᠢ ᠱᠸᠯᠯᠢ
  • ᠬᠡᠪᠯᠡᠭᠰᠡᠨ ᠤᠳᠠᠭ᠎ᠠ:2013 ᠣᠨ᠎ᠤ 11 ᠰᠠᠷ᠎ᠠ
  • ᠠᠭᠤᠯᠭ᠎ᠠ᠎ᠶᠢᠨ ᠲᠣᠪᠴᠢ ᠲᠠᠨᠢᠯᠴᠠᠭᠤᠯᠭ᠎ᠠ

  《ᠳᠡᠯᠡᠬᠡᠢ᠎ᠶᠢᠨ ᠬᠡᠦᠬᠡᠳ᠎ᠤᠨ ᠰᠤᠩᠭᠤᠳᠠᠭ ᠤᠷᠠᠨ ᠵᠤᠬᠢᠶᠠᠯ᠎ᠤᠨ ᠲᠡᠭᠡᠵᠢᠰ》 ᠭᠡᠮᠡᠬᠦ 108 ᠲᠡᠪᠳᠡᠷ ᠪᠤᠯ ᠮᠠᠨ᠎ᠦ ᠤᠯᠤᠰ᠎ᠤᠨ 《ᠠᠷᠪᠠᠨ ᠬᠤᠶᠠᠳᠤᠭᠠᠷ ᠲᠠᠪᠤᠨ ᠵᠢᠯ᠎ᠤᠨ ᠲᠦᠯᠦᠪᠵᠢᠬᠦᠯᠬᠡ》᠎ᠶᠢᠨ ᠴᠦᠭᠡᠨ ᠲᠤᠭᠠᠲᠤ ᠦᠨᠳᠦᠰᠦᠲᠡᠨ᠎ᠤ ᠦᠭᠡ ᠬᠡᠯᠡ ᠦᠰᠦᠭ ᠪᠢᠴᠢᠭ᠎ᠢᠶᠠᠷ ᠬᠡᠪᠯᠡᠭᠦᠯᠬᠦ ᠢᠨᠵᠸᠨ᠋ᠸᠷᠢᠩ᠎ᠤᠨ ᠲᠦᠷᠦᠯ ᠵᠦᠢᠯ ᠮᠦᠨ᠃ ᠮᠤᠩᠭᠤᠯ ᠤᠯᠤᠰ᠎ᠤᠨ ᠨᠡᠷᠡᠲᠦ ᠤᠷᠴᠢᠭᠤᠯᠤᠭᠴᠢᠳ᠎ᠦᠨ ᠳᠡᠯᠡᠬᠡᠢ᠎ᠵᠢᠨ ᠠᠯᠳᠠᠷᠳᠤ ᠬᠡᠦᠬᠡᠳ᠎ᠤᠨ ᠤᠷᠠᠨ ᠵᠤᠬᠢᠶᠠᠯ᠎ᠡᠴᠡ ᠰᠤᠩᠭᠤᠨ ᠤᠷᠴᠢᠭᠤᠯᠤᠭᠠᠳ ᠺᠢᠷᠢᠯ ᠦᠰᠦᠭ᠎ᠢᠶᠠᠷ ᠬᠡᠪᠯᠡᠬᠦᠯᠦᠭᠰᠡᠨ ᠨᠤᠮ᠎ᠦᠳ᠎ᠢ ᠦᠪᠦᠷ ᠮᠤᠩᠭᠤᠯ᠎ᠤᠨ ᠰᠤᠷᠭᠠᠨ ᠬᠦᠮᠦᠵᠢᠯ᠎ᠤᠨ ᠬᠡᠪᠯᠡᠯ᠎ᠤᠨ ᠬᠤᠷᠢᠶᠠᠨ᠎ᠤ ᠬᠢᠨ ᠤᠢᠭᠤᠷᠵᠢᠨ ᠮᠤᠩᠭᠤᠯ ᠦᠰᠦᠭ ᠲᠣ᠌ ᠬᠦᠷᠪᠡᠬᠦᠯᠵᠤ ᠬᠡᠪᠯᠡᠭᠦᠯᠦᠭᠰᠡᠨ᠎ᠶᠤᠮ᠃ ᠲᠤᠰ ᠴᠤᠪᠤᠷᠠᠯ᠎ᠳᠦ ᠭᠤᠤᠯᠳᠠᠭᠤ ᠦᠯᠢᠭᠡᠷ᠂ ᠶᠤᠭᠲᠠ ᠦᠯᠢᠭᠡᠷ᠂ ᠦᠭᠦᠯᠡᠯᠭᠡ᠂ ᠬᠡᠦᠬᠡᠳ᠎ᠤᠨ ᠦᠯᠢᠭᠡᠷ ᠵᠡᠷᠬᠡ᠎ᠶᠢ ᠪᠠᠭᠳᠠᠭᠠᠵᠤ᠂ ᠡᠳᠡᠬᠡᠷ ᠦᠯᠢᠭᠡᠷ ᠲᠤᠮᠤᠭ᠎ᠨᠢ ᠬᠡᠤᠬᠡᠳ ᠪᠠᠭᠠᠴᠤᠳ ᠳᠡᠯᠡᠬᠡᠢ᠎ᠵᠢᠨ ᠤᠯᠠᠨ ᠦᠨᠳᠦᠰᠦᠳᠡᠨ᠎ᠦ ᠰᠤᠶᠤᠯ ᠵᠠᠩ ᠦᠢᠯᠡ ᠳᠠᠢ ᠳᠠᠨᠢᠯᠴᠠᠬᠤ᠎ᠳᠦ ᠬᠦᠬᠦᠷᠬᠡ ᠪᠤᠯᠬᠤ ᠳᠡᠳᠦᠢ ᠪᠢᠰᠢ᠂ ᠬᠠᠷᠢᠨ ᠤᠷᠠᠨ ᠵᠤᠬᠢᠶᠠᠯ᠎ᠦᠨ ᠮᠡᠳᠡᠯᠬᠡ ᠪᠤᠯᠪᠠᠰᠤᠷᠠᠯ ᠵᠢᠡᠨ ᠳᠡᠬᠡᠭᠱᠢᠯᠡᠬᠦᠯᠬᠦ᠎ᠳᠦ ᠮᠠᠱᠢ ᠶᠡᠬᠡ ᠠᠴᠢ ᠬᠤᠯᠪᠤᠭᠳᠠᠯ ᠳᠠᠢ ᠪᠤᠯᠬᠤ᠎ᠨᠢ ᠭᠠᠷᠴᠠᠭ᠎ᠠ ᠦᠬᠡᠢ ᠶᠤᠮ᠃

  ᠦᠯᠢᠭᠡᠷ᠎ᠤᠨ ᠠᠩᠬᠠᠨ᠎ᠤ ᠳᠦᠷᠢ ᠪᠣᠯ ᠷᠣᠪᠧᠷᠲ ᠸᠤᠯᠲ᠋ᠤᠨ᠎ᠶᠤᠮ᠃ ᠲᠡᠷᠡ ᠤᠮᠠᠷᠠᠲᠤ ᠲᠤᠢᠯ᠎ᠳᠤ ᠪᠠᠷᠲᠠᠭ᠎ᠠ ᠬᠠᠢᠬᠤ᠎ᠪᠠᠷ ᠶᠠᠪᠤᠵᠤ ᠪᠠᠢᠨ᠎ᠠ᠃ ᠲᠡᠷᠡ ᠡᠭᠡᠴᠢ᠎ᠳ᠋ᠦ᠎ᠪᠡᠨ ᠵᠠᠬᠢᠳᠠᠯ ᠪᠢᠴᠢᠵᠦ 《ᠳᠤᠷ᠎ᠠ ᠰᠣᠨᠢᠷᠬᠠᠯ ᠨᠢᠭᠡᠲᠡᠢ ᠨᠠᠢᠵᠠ ᠣᠯᠬᠤ᠎ᠶᠢ ᠮᠠᠱᠢ ᠬᠦᠰᠡᠵᠦ ᠪᠠᠢᠨ᠎ᠠ》 ᠭᠡᠵᠦ ᠬᠡᠯᠡᠪᠡ᠃ ᠳᠥᠷᠪᠡᠳᠦᠭᠡᠷ ᠵᠠᠬᠢᠳᠠᠯ᠎ᠳ᠋ᠤ᠎ᠪᠠᠨ᠂ ᠬᠥᠪᠦᠮᠡᠯ ᠮᠥᠰᠦᠨ ᠳᠡᠭᠡᠷ᠎ᠡ ᠥᠯᠪᠡᠷᠴᠦ ᠳᠠᠭᠠᠷᠠᠬᠤ᠎ᠶᠢᠨ ᠲᠤᠢᠯ᠎ᠳᠤ ᠲᠤᠯᠤᠭᠰᠠᠨ ᠬᠥᠮᠦᠨ ᠪᠠᠢᠬᠤ᠎ᠶᠢ ᠣᠯᠵᠤ ᠮᠡᠳᠡᠭᠡᠳ ᠲᠡᠭᠦᠨ᠎ᠢ ᠣᠩᠭᠤᠴᠠᠨ᠎ᠳᠤ ᠠᠪᠤᠷᠠᠵᠤ ᠭᠠᠷᠭᠠᠭᠠᠳ᠂ ᠥᠪᠡᠷ᠎ᠦᠨ ᠬᠦᠰᠡᠨ ᠮᠥᠷᠦᠭᠡᠳᠦᠭᠰᠡᠭᠡᠷ ᠢᠷᠡᠭᠰᠡᠨ ᠨᠠᠢᠵᠢ᠎ᠪᠠᠷ ᠦᠵᠡᠵᠡᠢ᠂ ᠡᠨᠡ ᠬᠥᠮᠦᠨ ᠪᠣᠯ ᠸᠢᠺᠲ᠋ᠤᠷ ᠹᠷᠠᠩᠺᠸᠨ᠋ᠰᠲᠸᠢᠢᠨ ᠮᠥᠨ᠃

  ᠹᠷᠠᠩᠺᠸᠨ᠋ᠰᠲᠸᠢᠢᠨ᠂ ᠸᠤᠯᠲ᠋ᠤᠨ᠎ᠳᠤ ᠥᠪᠡᠷ᠎ᠦᠨ ᠥᠩᠭᠡᠷᠡᠯᠲᠡ᠎ᠪᠡᠨ ᠶᠠᠷᠢᠵᠠᠢ᠃ ᠲᠡᠷᠡ ᠰᠸᠢᠰ᠎ᠦᠨ ᠵᠧᠨᠧᠸᠠ᠎ᠳᠤ ᠥᠰᠴᠦ ᠥᠭᠡᠯᠡᠢ ᠪᠣᠯᠤᠭᠠᠳ ᠠᠮᠢ᠎ᠶᠢᠨ ᠡᠭᠦᠰᠦᠯ᠎ᠦᠨ ᠰᠤᠳᠤᠯᠭᠠᠨ᠎ᠳᠤ ᠱᠢᠨᠤᠵᠤ ᠪᠠᠢᠵᠠᠢ᠃ ᠲᠡᠷᠡ ᠦᠬᠦᠯ᠎ᠢ ᠡᠷᠬᠡᠱᠢᠶᠡᠬᠦ᠎ᠪᠡᠷ ᠴᠢᠷᠮᠠᠢᠵᠤ᠂ ᠨᠢᠭᠡ ᠵᠦᠢᠯ᠎ᠦᠨ ᠱᠢᠨ᠎ᠡ ᠠᠮᠢ ᠨᠠᠰᠤ᠎ᠶᠢ ᠡᠭᠦᠳᠪᠡ᠃ ᠲᠡᠭᠦᠨ᠎ᠳᠦ ᠠᠪᠴᠤ ᠬᠡᠯᠡᠪᠡᠯ᠂ ᠱᠢᠨᠵᠢᠯᠡᠬᠦ ᠤᠬᠠᠭᠠᠨ ᠪᠣᠯ ᠬᠥᠮᠦᠰ᠎ᠦᠨ ᠬᠤᠷᠮᠤᠰᠲᠠ ᠲᠩᠷᠢ ᠮᠡᠲᠦ ᠬᠦᠴᠦᠨ᠎ᠢ ᠣᠯᠭᠤᠳᠠᠭ ᠮᠡᠳᠡᠯᠭᠡ᠎ᠶᠢᠨ ᠴᠤᠭᠯᠠᠷᠠᠯ ᠮᠥᠨ᠃ ᠲᠡᠷᠡ ᠡᠳᠦᠷ ᠲᠤᠵᠢ ᠨᠢᠭᠡᠨ ᠲᠡᠮᠡᠴᠡᠭᠡᠨ᠎ᠦ ᠲᠠᠰᠤᠭ᠎ᠲᠤ ᠨᠢᠭᠤᠭᠳᠠᠨ ᠠᠮᠢ ᠨᠠᠰᠤᠨ᠎ᠤ ᠰᠤᠳᠤᠯᠭᠠᠨ ᠬᠢᠵᠦ᠂ ᠪᠦᠬᠦ ᠠᠩᠬᠠᠷᠤᠯ᠎ᠢᠶ᠋ᠠᠨ ᠲᠥᠪᠯᠡᠷᠡᠭᠦᠯᠵᠦ᠂ ᠢᠳᠡᠵᠦ ᠤᠨᠲᠠᠬᠤ᠎ᠪᠠᠨ ᠤᠮᠠᠷᠲᠠᠨ᠂ ᠥᠪᠡᠷ᠎ᠦᠨ ᠡᠷᠡᠭᠦᠯ ᠮᠡᠨᠳᠦ᠎ᠪᠡᠨ ᠶᠠᠭ ᠬᠠᠮᠢᠶᠠᠷᠬᠤ᠎ᠦᠭᠡᠢ᠂ ᠪᠠᠰᠠ ᠲᠥᠷᠦᠯ ᠰᠠᠳᠤᠨ ᠨᠠᠢᠵᠠ ᠨᠥᠬᠦᠳ᠎ᠡᠴᠡ᠎ᠪᠡᠨ ᠵᠠᠢᠳᠠᠵᠠᠢ᠂ ᠲᠡᠭᠦᠨ᠎ᠦ ᠤᠷᠤᠭᠯᠠᠭᠠᠳᠤᠢ ᠡᠬᠡᠨᠡᠷ ᠢᠯᠢᠽᠸᠪᠸᠽ ᠪᠣᠯᠤᠨ ᠲᠡᠭᠦᠨ᠎ᠦ ᠬᠠᠮᠤᠭ᠎ᠤᠨ ᠰᠠᠢᠨ ᠨᠠᠢᠵᠠ ᠾᠸᠩᠷᠢ ᠺᠯᠸᠸᠠᠯ᠎ᠴᠤ ᠲᠡᠭᠦᠨ᠎ᠦ ᠰᠡᠳᠬᠢᠯ᠎ᠢ ᠡᠷᠭᠢᠭᠦᠯᠵᠦ ᠴᠢᠳᠠᠬᠤ᠎ᠦᠭᠡᠢ ᠪᠠᠢᠪᠠ᠃

  ᠣᠯᠠᠨ ᠵᠢᠯ ᠨᠢᠭᠡᠨ ᠰᠡᠳᠬᠢᠯ᠎ᠢᠶ᠋ᠡᠷ ᠰᠤᠳᠤᠯᠤᠭᠰᠠᠨ᠎ᠤ ᠳ᠋ᠦᠩ᠎ᠳᠦ ᠹᠷᠠᠩᠺᠸᠨ᠋ᠰᠲᠸᠢᠢᠨ ᠡᠴᠦᠰ᠎ᠲᠦ᠎ᠪᠡᠨ ᠠᠮᠢ ᠨᠠᠰᠤ᠎ᠶᠢ ᠡᠭᠦᠳᠦᠨ ᠪᠦᠲᠦᠭᠡᠬᠦ ᠨᠢᠭᠤᠴᠠ ᠵᠣᠷ᠎ᠢ ᠢᠯᠡᠷᠡᠭᠦᠯᠦᠭᠰᠡᠨ ᠪᠠᠢᠨ᠎ᠠ᠃ ᠲᠡᠷᠡ ᠰᠠᠭᠤᠭ᠎ᠠ ᠭᠠᠵᠠᠷ᠎ᠤᠨ ᠣᠢᠷᠠᠯᠴᠠᠭᠠᠬᠢ ᠬᠡᠭᠦᠷ ᠨᠢᠭᠤᠭᠰᠠᠨ ᠲᠠᠰᠤᠯᠭ᠎ᠠ᠎ᠠᠴᠠ ᠡᠯ᠎ᠡ ᠵᠦᠢᠯ᠎ᠦᠨ ᠦᠬᠦᠳᠡᠯ᠎ᠦᠨ ᠮᠥᠴᠢ᠎ᠶᠢ ᠬᠤᠯᠠᠭᠠᠢᠯᠠᠨ ᠠᠪᠴᠢᠷᠠᠵᠤ᠂ ᠪᠠᠰᠠ ᠲᠡᠭᠦᠨ᠎ᠢ ᠨᠠᠢ᠍ᠮᠠᠨ ᠹᠦᠲ ᠥᠨᠳᠦᠷ ᠬᠥᠮᠦᠨ᠎ᠦ ᠪᠡᠶ᠎ᠡ ᠪᠣᠯᠭᠠᠨ ᠤᠭᠰᠠᠷᠠᠪᠠ᠃ ᠲᠡᠷᠡ ᠪᠠᠰᠠ ᠬᠡᠳᠦᠨ ᠰᠠᠷ᠎ᠠ ᠡᠳᠦᠷ ᠰᠥᠨᠢ᠎ᠦᠭᠡᠢ ᠴᠢᠷᠮᠠᠢᠭᠠᠳ᠂ ᠡᠴᠦᠰ᠎ᠲᠦ᠎ᠪᠡᠨ ᠨᠢᠭᠡᠨ ᠰᠠᠯᠬᠢ ᠪᠣᠷᠤᠭᠠᠨ᠎ᠲᠠᠢ ᠰᠥᠨᠢ ᠲᠡᠭᠦᠨ᠎ᠦ ᠡᠭᠦᠳᠦᠨ ᠪᠦᠲᠦᠭᠡᠭᠰᠡᠨ ᠪᠣᠳᠠᠰ᠎ᠤ᠋ᠨ᠎ᠢᠶ᠋ᠠᠨ ᠨᠢᠳᠦ᠎ᠶᠢ ᠨᠡᠭᠡᠭᠡᠪᠡ᠃ ᠵᠢᠰᠦ ᠴᠢᠷᠠᠢ᠎ᠨᠢ ᠮᠠᠭᠤᠬᠠᠢ ᠬᠠᠴᠢᠨ ᠠᠮᠢᠲᠠᠨ ᠲᠡᠭᠦᠨ᠎ᠦ ᠥᠭᠡᠳᠡ᠎ᠡᠴᠡ ᠢᠷᠡᠵᠦ ᠢᠨᠢᠶᠡᠮᠰᠦᠭᠯᠡᠬᠦ᠎ᠶᠢ ᠦᠵᠡᠭᠡᠳ ᠰᠦᠨᠡᠰᠦ᠎ᠨᠢ ᠭᠠᠷᠴᠤ᠂ ᠳᠣᠤᠷ᠎ᠠ᠎ᠪᠠᠨ ᠵᠢᠭᠤᠲᠠᠪᠠ᠃ ᠳᠠᠷᠠᠭ᠎ᠠ ᠡᠳᠦᠷ᠎ᠨᠢ᠂ ᠰᠠᠢᠨ ᠨᠠᠢᠵᠠ ᠺᠯᠸᠸᠠᠷ᠎ᠤᠨ ᠪᠠᠷ᠎ᠠ ᠪᠣᠯᠤᠯᠴᠠᠭ᠎ᠠ᠎ᠲᠠᠢ᠎ᠪᠠᠷ᠂ ᠲᠡᠷᠡ ᠠᠶᠤᠵᠤ ᠡᠮᠢᠶᠡᠨ ᠲᠤᠷᠱᠢᠯᠲᠠ᠎ᠶᠢᠨ ᠲᠠᠰᠤᠭ᠎ᠲᠤ᠎ᠪᠠᠨ ᠪᠤᠴᠠᠵᠤ ᠢᠷᠡᠪᠡ᠂ ᠭᠡᠪᠡᠴᠦ ᠬᠠᠴᠢᠨ ᠠᠮᠢᠲᠠᠨ ᠨᠢᠭᠡᠨᠲᠡ ᠠᠯᠠᠭ᠎ᠠ ᠪᠣᠯᠪᠠ᠃ ᠹᠷᠠᠩᠺᠸᠨ᠋ᠰᠲᠸᠢᠢᠨ ᠶᠡᠬᠡ ᠬᠠᠯᠠᠭᠤᠷᠠᠵᠤ᠂ ᠨᠣᠢᠷᠮᠤᠭᠯᠠᠵᠤ ᠪᠠᠢᠬᠤ᠎ᠳᠤ᠎ᠨᠢ ᠲᠡᠷᠡ ᠬᠠᠴᠢᠨ ᠠᠮᠢᠲᠠᠨ ᠲᠡᠭᠦᠨ᠎ᠢ ᠪᠠᠷᠢᠵᠤ ᠠᠪᠤᠭᠰᠠᠨ ᠱᠢᠭ᠋ ᠰᠠᠨᠠᠭᠳᠠᠵᠤ᠂ ᠶᠠᠭᠠᠬᠢᠵᠤ ᠲᠡᠯᠴᠢᠯᠡᠵᠦ ᠬᠠᠰᠬᠢᠷᠤᠭᠰᠠᠨ᠎ᠴᠤ ᠮᠤᠯᠲᠤᠷᠠᠵᠤ ᠳᠡᠢᠯᠬᠦ᠎ᠦᠭᠡᠢ ᠪᠠᠢᠯ᠎ᠠ᠃ ᠺᠯᠸᠸᠠᠷ ᠲᠡᠭᠦᠨ᠎ᠢ ᠬᠡᠳᠦᠨ ᠰᠠᠷ᠎ᠠ ᠨᠠᠷᠢᠨ ᠬᠠᠷᠠᠭᠠᠯᠵᠠᠭᠰᠠᠨ ᠡᠴᠡ ᠲᠡᠷᠡ ᠰᠠᠶᠢ ᠰᠡᠷᠭᠦᠪᠡ᠃ ᠰᠡᠳᠬᠢᠯ᠎ᠦᠨ ᠡᠮᠢᠶᠡᠯ᠎ᠡᠴᠡ ᠮᠤᠯᠲᠤᠷᠠᠬᠤ᠎ᠶᠢᠨ ᠲᠥᠯᠦᠭᠡ ᠹᠷᠠᠨᠺᠸᠨᠰᠲ᠋ᠠᠨ ᠭᠡᠷ᠎ᠲᠦ᠎ᠪᠡᠨ ᠬᠠᠷᠢᠬᠤ᠎ᠪᠠᠷ ᠲᠣᠭᠲᠠᠵᠠᠢ᠃

  ᠭᠡᠲᠡᠯ᠎ᠡ ᠭᠡᠷ᠎ᠲᠦ᠎ᠪᠡᠨ ᠲᠡᠭᠦᠨ᠎ᠢ ᠬᠦᠯᠢᠶᠡᠵᠦ ᠪᠠᠢᠭ᠎ᠠ᠎ᠨᠢ ᠪᠠᠭ᠎ᠠ ᠨᠠᠰᠤᠨ᠎ᠤ ᠳᠡᠭᠦᠦ᠎ᠨᠢ ᠬᠣᠤᠷᠯᠠᠭᠳᠠᠭᠰᠠᠨ ᠮᠠᠭᠤ ᠴᠢᠮᠡᠭᠡ ᠪᠣᠯᠤᠨ᠎ᠠ᠃ ᠴᠠᠭᠳᠠᠭᠠᠨ᠎ᠤ ᠲᠠᠯ᠎ᠠ᠎ᠶᠢᠨ ᠬᠢᠨ ᠲᠤᠬᠠᠢ᠎ᠶᠢᠨ ᠲᠠᠯᠠᠪᠠᠢ᠎ᠶᠢᠨ ᠭᠡᠷᠡᠴᠢ ᠪᠠᠷᠢᠮᠲᠠ᠎ᠶᠢ ᠦᠨᠳᠦᠰᠦᠯᠡᠨ ᠦᠨᠡᠨᠴᠢ ᠱᠢᠳᠤᠷᠭᠤ ᠬᠥᠭᠡᠷᠦᠬᠦᠨ ᠡᠮᠡᠭᠲᠡᠢ ᠵᠠᠷᠤᠴᠠ ᠮᠤᠷᠢᠽ᠎ᠢ ᠪᠠᠷᠢᠪᠴᠢᠯᠠᠪᠠ᠃ ᠡᠮᠭᠡᠨᠢᠨ ᠭᠠᠱᠢᠭᠤᠳᠠᠭᠰᠠᠨ ᠹᠷᠠᠩᠺᠸᠨ᠋ᠰᠲᠸᠢᠢᠨ ᠨᠢᠭᠡᠨ ᠲᠣᠭᠱᠢᠨ ᠰᠠᠯᠬᠢ ᠱᠢᠷᠦᠭᠦᠨ ᠪᠣᠷᠤᠭᠠᠨ᠎ᠲᠠᠢ ᠰᠥᠨᠢ ᠪᠠᠷᠦ᠋ᠨᠢᠩ ᠤᠷᠭᠢᠯ ᠳᠡᠭᠡᠷ᠎ᠡ ᠭᠠᠭᠴᠠᠭᠠᠷ᠎ᠢᠶ᠋ᠠᠨ ᠡᠷᠭᠢᠴᠡᠵᠦ ᠪᠠᠢᠲᠠᠯ᠎ᠠ ᠭᠡᠨᠡᠳᠲᠡ ᠨᠢᠭᠡᠨ ᠵᠤᠷᠪᠤᠰ ᠭᠢᠯᠪᠠᠭᠠᠨ ᠠᠯᠤᠰ ᠬᠣᠯᠠ᠎ᠶᠢᠨ ᠨᠢᠭᠡᠨ ᠠᠭᠤᠯᠠᠨ ᠣᠷᠭᠢᠯ᠎ᠢ ᠳᠠᠭᠠᠷᠢᠭᠠᠳ᠂ ᠴᠠᠬᠢᠯᠭᠠᠨ ᠳᠤᠮᠳᠠ ᠥᠪᠡᠷ᠎ᠦᠨ ᠵᠣᠬᠢᠶᠠᠭᠰᠠᠨ ᠬᠠᠴᠢᠨ ᠠᠮᠢᠲᠠᠨ᠎ᠢᠶ᠋ᠠᠨ ᠣᠯᠵᠤ ᠬᠠᠷᠠᠵᠠᠢ᠃ ᠡᠨᠡ ᠦᠶ᠎ᠡ᠎ᠳᠦ ᠲᠡᠷᠡ᠂ ᠬᠠᠴᠢᠨ ᠠᠮᠢᠲᠠᠨ ᠳᠡᠭᠦᠦ᠎ᠶᠢ᠎ᠨᠢ ᠠᠯᠠᠭᠰᠠᠨ ᠭᠡᠳᠡᠭ᠎ᠢ ᠮᠡᠳᠡᠵᠡᠢ᠃ ᠵᠠᠰᠲ᠋ᠢᠨ ᠭᠡᠮ᠎ᠦᠭᠡᠢ ᠭᠡᠳᠡᠭ᠎ᠢ ᠣᠢᠯᠠᠭᠠᠪᠠ᠃ ᠭᠡᠲᠡᠯ᠎ᠡ ᠲᠡᠷᠡ ᠦᠨᠡᠨ ᠪᠠᠢᠳᠠᠯ᠎ᠢ ᠬᠡᠯᠡᠵᠦ ᠭᠠᠷᠭᠠᠬᠤ᠎ᠶᠢᠨ ᠠᠷᠭ᠎ᠠ᠎ᠦᠭᠡᠢ ᠪᠠᠢᠵᠤ᠂ ᠠᠷᠭ᠎ᠠ ᠪᠤᠰᠤ ᠵᠠᠰᠲ᠋ᠢᠨ᠎ᠤ ᠶᠠᠯ᠎ᠠ ᠲᠣᠭᠲᠠᠭᠠᠵᠤ ᠱᠢᠳᠬᠡᠭᠳᠡᠭᠰᠡᠨ᠎ᠢ ᠨᠢᠳᠦ᠎ᠪᠡᠷ᠎ᠢᠶ᠋ᠡᠨ ᠦᠵᠡᠪᠡ᠃ ᠲᠡᠷᠡ ᠬᠠᠴᠢᠨ ᠠᠮᠢᠲᠠᠨ᠎ᠲᠠᠢ ᠪᠠᠰᠠ ᠨᠢᠭᠡ ᠤᠳᠠᠭ᠎ᠠ ᠰᠠᠨᠠᠮᠰᠠᠷ᠎ᠦᠭᠡᠢ ᠤᠴᠠᠷᠠᠬᠤ ᠦᠶ᠎ᠡ᠎ᠳᠦ᠂ ᠬᠠᠴᠢᠨ ᠠᠮᠢᠲᠠᠨ ᠲᠡᠭᠦᠨ᠎ᠡᠴᠡ ᠥᠪᠡᠷ᠎ᠦᠨ ᠥᠩᠭᠡᠷᠡᠯᠲᠡ᠎ᠪᠡᠨ ᠰᠣᠨᠤᠰᠭᠤ᠎ᠶᠢ ᠭᠤᠶᠤᠴᠢᠯᠠᠭᠰᠠᠨ᠎ᠳᠤ ᠹᠷᠠᠨᠺᠸᠨᠰᠲ᠋ᠠᠨ ᠵᠥᠪᠱᠢᠶᠡᠷᠡᠵᠡᠢ᠃

  ᠬᠠᠴᠢᠨ ᠠᠮᠢᠲᠠᠨ ᠥᠪᠡᠷ᠎ᠦᠨ ᠵᠣᠪᠠᠭᠤᠷᠢᠲᠠᠢ ᠥᠩᠭᠡᠷᠡᠯᠲᠡ᠎ᠪᠡᠨ ᠶᠠᠷᠢᠵᠤ ᠡᠬᠢᠯᠡᠪᠡ᠃ ᠲᠡᠷᠡ ᠹᠷᠠᠩᠺᠸᠨ᠋ᠰᠲᠸᠢᠢᠨ ᠎ᠳᠤ ᠬᠠᠶᠠᠭᠳᠠᠭᠰᠠᠨ᠎ᠤ ᠳᠠᠷᠠᠭ᠎ᠠ᠂ ᠠᠷᠭ᠎ᠠ ᠪᠤᠰᠤ ᠣᠢ ᠱᠢᠭᠤᠢ᠎ᠳᠤ ᠬᠣᠷᠭᠤᠳᠠᠵᠤ᠂ ᠥᠯᠦᠰᠴᠦ ᠪᠡᠭᠡᠷᠡᠬᠦ᠎ᠶᠢᠨ ᠵᠣᠪᠠᠯᠠᠩ᠎ᠢ ᠠᠮᠰᠠᠵᠠᠢ᠃ ᠢᠳᠡᠱᠢ ᠡᠷᠢᠬᠦ᠎ᠶᠢᠨ ᠲᠥᠯᠦᠭᠡ᠂ ᠲᠡᠷᠡ ᠵᠣᠷᠢᠭ ᠭᠠᠷᠭᠠᠵᠤ ᠨᠢᠭᠡ ᠲᠣᠰᠭᠤᠨ᠎ᠳᠤ ᠣᠷᠤᠪᠠ᠂ ᠲᠣᠰᠭᠤᠨ᠎ᠤ ᠠᠷᠠᠳ ᠪᠦᠷ ᠲᠡᠭᠦᠨ᠎ᠦ ᠬᠠᠴᠢᠨ ᠰᠣᠨᠢᠨ ᠳᠦᠷᠢ᠎ᠡᠴᠡ ᠠᠶᠤᠵᠤ᠂ ᠵᠠᠷᠢᠮ᠎ᠨᠢ ᠳᠤᠲᠠᠭᠠᠵᠤ᠂ ᠵᠠᠷᠢᠮ᠎ᠨᠢ ᠴᠢᠯᠠᠭᠤ᠎ᠪᠠᠷ ᠲᠡᠭᠦᠨ᠎ᠢ ᠴᠣᠬᠢᠵᠤ᠂ ᠱᠢᠷᠬ᠎ᠠ ᠰᠣᠷᠪᠢ᠎ᠪᠠᠷ ᠳᠦᠭᠦᠷᠴᠦ᠂ ᠲᠡᠷᠡ ᠠᠷᠭ᠎ᠠ ᠪᠤᠰᠤ ᠳ᠋ᠸᠯᠠᠱᠢ᠎ᠶᠢᠨ ᠭᠡᠷ᠎ᠦᠨ ᠭᠠᠳᠠᠨᠠᠬᠢ ᠰᠠᠷᠠᠪᠴᠢᠨ᠎ᠳᠤ ᠨᠢᠭᠤᠪᠠ᠃ ᠲᠡᠷᠡ ᠡᠳᠦᠷ ᠪᠦᠷᠢ ᠬᠡᠷᠡᠮ᠎ᠦᠨ ᠵᠠᠪᠰᠠᠷ᠎ᠢᠶ᠋ᠠᠷ ᠨᠢᠭᠡ ᠭᠡᠷ᠎ᠦᠨ ᠬᠥᠮᠦᠰ᠎ᠦ᠋ᠨ᠎ᠢᠶ᠋ᠡᠨ ᠠᠮᠢᠳᠤᠷᠠᠯ᠎ᠢ ᠰᠡᠮᠡᠬᠡᠷ ᠠᠵᠢᠭᠯᠠᠵᠤ᠂ ᠠᠭᠠᠵᠢᠮ᠎ᠢᠶ᠋ᠠᠷ ᠬᠥᠮᠦᠨ ᠲᠥᠷᠦᠯᠬᠢᠲᠡᠨ᠎ᠦ ᠦᠭᠡ ᠬᠡᠯᠡ᠎ᠶᠢ ᠰᠤᠷᠴᠤ᠂ ᠬᠥᠮᠦᠰ᠎ᠦᠨ ᠬᠣᠭᠤᠷᠤᠨᠳᠤᠬᠢ ᠬᠠᠢᠷ᠎ᠠ ᠬᠠᠯᠠᠮᠵᠢ᠎ᠶᠢ ᠤᠯᠠᠮ ᠣᠢᠯᠠᠭᠠᠭᠰᠠᠨ ᠪᠠᠢᠨ᠎ᠠ᠃ ᠳ᠋ᠧᠷᠠᠱᠢ᠎ᠶᠢᠨ ᠨᠢᠭᠡ ᠭᠡᠷ᠎ᠦᠨ ᠠᠮᠢᠳᠤᠷᠠᠯ ᠲᠤᠩ ᠬᠦᠴᠢᠷᠲᠡᠢ᠂ 《ᠲᠡᠳᠡ ᠦᠷᠭᠦᠯᠵᠢ ᠥᠯᠦᠰᠬᠦᠯᠡᠩ ᠲᠠᠷᠴᠢᠯᠠᠭᠠᠯ᠎ᠢ ᠲᠡᠰᠪᠦᠷᠢᠯᠡᠨ᠎ᠡ᠂ ᠲᠡᠷᠡ ᠬᠣᠶᠠᠷ ᠵᠠᠯᠠᠭᠤ ᠪᠦᠷ᠎ᠴᠦ ᠡᠢᠮᠦ᠃ ᠭᠡᠪᠡᠴᠦ ᠲᠡᠳᠡ ᠦᠷᠭᠦᠯᠵᠢ ᠢᠳᠡᠱᠢ᠎ᠪᠡᠨ ᠨᠠᠰᠤᠲᠠᠨ᠎ᠤ ᠡᠮᠦᠨ᠎ᠡ ᠲᠠᠯᠪᠢᠳᠠᠭ ᠪᠣᠯᠬᠤᠷ ᠥᠪᠡᠷ᠎ᠲᠦ᠎ᠪᠡᠨ ᠵᠢᠭᠠᠬᠠᠨ᠎ᠴᠤ ᠢᠳᠡᠬᠦ ᠶᠠᠭᠤᠮ᠎ᠠ ᠦᠯᠡᠳᠡᠭᠡᠳᠡᠭ᠎ᠦᠭᠡᠢ》 ᠭᠡᠵᠡᠢ᠃ ᠡᠢᠮᠦ᠎ᠡᠴᠡ ᠲᠡᠷᠡ ᠲᠣᠰᠭᠤᠨ᠎ᠤ ᠠᠷᠠᠳ᠎ᠤᠨ ᠢᠳᠡᠭᠡᠨ᠎ᠢ ᠬᠤᠯᠠᠭᠠᠢᠯᠠᠨ ᠢᠳᠡᠬᠦ᠎ᠪᠡᠨ ᠪᠣᠯᠢᠵᠤ᠂ ᠬᠡᠭᠡᠷ᠎ᠡ᠎ᠶᠢᠨ ᠵᠢᠮᠢᠰ᠂ ᠮᠣᠳᠤᠨ᠎ᠤ ᠦᠨᠳᠦᠰᠦ᠎ᠪᠡᠷ ᠥᠯ ᠳᠠᠷᠤᠵᠤ᠂ ᠦᠷᠭᠦᠯᠵᠢ ᠳ᠋ᠧᠷᠠᠱᠢ᠎ᠶᠢᠨ ᠨᠢᠭᠡ ᠭᠡᠷ᠎ᠢ ᠬᠠᠪᠰᠤᠷᠤᠨ ᠲᠦᠯᠡᠭᠡ ᠲᠡᠭᠦᠵᠦ᠂ ᠰᠡᠮᠡᠬᠡᠷ ᠲᠡᠳᠡᠨ᠎ᠳᠦ ᠰᠠᠢᠨ ᠶᠠᠪᠤᠳᠠᠯ ᠬᠢᠵᠦ ᠥᠭᠲᠡᠭ᠃ ᠵᠧᠨᠧᠸᠠ᠎ᠳᠤ ᠣᠴᠢᠬᠤ ᠵᠠᠮ᠎ᠳ᠋ᠤ᠎ᠪᠠᠨ ᠲᠡᠷᠡ ᠨᠢᠭᠡᠨ ᠤᠰᠤᠨ᠎ᠳᠤ ᠤᠨᠠᠭᠰᠠᠨ ᠥᠬᠢᠨ᠎ᠢ ᠠᠪᠤᠷᠠᠪᠠ᠃ ᠭᠡᠪᠡᠴᠦ ᠲᠡᠭᠦᠨ᠎ᠦ ᠦᠢᠯᠡ ᠠᠵᠢᠯᠯᠠᠭ᠎ᠠ᠎ᠨᠢ ᠬᠥᠮᠦᠰ᠎ᠦᠨ ᠦᠷᠦ ᠡᠪᠡᠳᠦᠯ ᠪᠠ ᠬᠦᠯᠢᠶᠡᠨ ᠠᠪᠤᠯᠲᠠ᠎ᠶᠢ ᠣᠯᠤᠭᠰᠠᠨ᠎ᠦᠭᠡᠢ᠂ ᠬᠠᠷᠢᠨ ᠲᠡᠭᠦᠨ᠎ᠦ ᠣᠯᠤᠭᠰᠠᠨ ᠬᠠᠷᠢᠭᠤ᠎ᠨᠢ ᠬᠡᠵᠢᠶᠡᠳᠡ ᠬᠦᠢᠲᠡᠮᠰᠦᠭ᠂ ᠳᠣᠷᠤᠮᠵᠢᠯᠠᠯ ᠪᠠ ᠲᠠᠶᠠᠭᠳᠠᠯ ᠪᠠᠢᠵᠤ᠂ ᠲᠡᠷᠡ ᠲᠤᠩ ᠭᠠᠭᠴᠠᠭᠠᠷᠳᠠᠵᠤ ᠪᠠᠢᠪᠠ᠃ ᠡᠢᠮᠦ᠎ᠡᠴᠡ ᠲᠡᠷᠡ ᠹᠷᠠᠩᠺᠸᠨ᠋ᠰᠲᠸᠢᠢᠨ ᠎ᠳᠤ ᠣᠨᠳᠤᠤ ᠬᠦᠢᠰᠦᠲᠡᠨ ᠢᠵᠢᠯᠢ ᠲᠥᠷᠦᠯᠲᠡᠨ᠎ᠢ ᠬᠠᠨᠢᠯᠠᠨ ᠦᠯᠡᠳᠡᠭᠡᠵᠦ᠂ ᠬᠥᠮᠦᠨ ᠲᠥᠷᠦᠯᠬᠢᠲᠡᠨ᠎ᠦ ᠪᠣᠯᠪᠠᠰᠤᠨ᠎ᠠᠴᠠ ᠬᠣᠯᠠ ᠵᠠᠢᠳᠠᠵᠤ᠂ ᠡᠮᠦᠨᠡᠲᠦ ᠠᠮᠧᠷᠢᠺᠠ᠎ᠶᠢᠨ ᠠᠲᠠᠷ ᠬᠡᠭᠡᠷ᠎ᠡ᠎ᠳᠦ ᠣᠴᠢᠵᠤ ᠨᠤᠲᠤᠭᠱᠢᠬᠤ᠎ᠶᠢ ᠪᠠᠲᠤᠯᠠᠬᠤ᠎ᠶᠢ ᠭᠤᠶᠤᠴᠢᠯᠠᠵᠠᠢ᠃

  ᠹᠷᠠᠩᠺᠸᠨ᠋ᠰᠲᠸᠢᠢᠨ ᠲᠡᠭᠦᠨ᠎ᠦ ᠱᠠᠭᠠᠷᠳᠠᠯᠭ᠎ᠠ᠎ᠶᠢ ᠠᠷᠠᠢ ᠴᠢᠷᠠᠢ ᠵᠥᠪᠱᠢᠶᠡᠷᠡᠭᠰᠡᠨ ᠪᠣᠯᠪᠠᠴᠤ ᠡᠴᠦᠰ᠎ᠲᠦ᠎ᠪᠡᠨ ᠴᠢᠷᠮᠠᠢᠯᠭ᠎ᠠ᠎ᠪᠠᠨ ᠲᠠᠶᠠᠭᠳᠠᠵᠠᠢ᠂ ᠤᠴᠢᠷ᠎ᠨᠢ ᠲᠡᠷᠡ ᠬᠡᠷᠪᠡ ᠡᠷ᠎ᠡ ᠡᠮ᠎ᠡ ᠬᠣᠶᠠᠷ ᠮᠠᠱᠢ ᠣᠯᠠᠨ ᠬᠠᠴᠢᠨ ᠠᠮᠢᠲᠠᠨ ᠦᠷᠡᠵᠢᠨ ᠭᠠᠷᠴᠤ ᠢᠷᠡᠪᠡᠯ ᠦᠷ᠎ᠡ ᠳ᠋ᠦᠩ᠎ᠨᠢ ᠰᠡᠳᠬᠢᠭᠳᠡᠱᠢ᠎ᠦᠭᠡᠢ ᠪᠣᠯᠬᠤ᠎ᠠᠴᠠ ᠠᠶᠤᠵᠤ ᠪᠠᠢᠨ᠎ᠠ᠃ ᠲᠤᠭᠤᠵᠢᠰ᠎ᠤᠨ ᠳᠠᠷᠠᠭᠠᠬᠢ ᠬᠡᠰᠡᠭ᠎ᠲᠦ ᠹᠷᠠᠩᠺᠸᠨ᠋ᠰᠲᠸᠢᠢᠨ ᠬᠠᠴᠢᠨ ᠠᠮᠢᠲᠠᠨ ᠯᠤᠭ᠎ᠠ᠎ᠶᠢᠨ ᠦᠬᠦᠵᠦ ᠰᠡᠬᠡᠬᠦ᠎ᠶᠢᠨ ᠲᠡᠮᠡᠴᠡᠯ᠎ᠢᠶ᠋ᠡᠨ ᠣᠯᠠᠨ ᠤᠳᠠᠭ᠎ᠠ ᠶᠠᠷᠢᠭᠰᠠᠨ᠎ᠶᠤᠮ᠃ ᠬᠠᠴᠢᠨ ᠠᠮᠢᠲᠠᠨ ᠪᠣᠯ ᠠᠰᠪᠤᠷᠢ ᠴᠠᠭᠠᠪᠤᠷ ᠺᠸᠯᠸᠸᠠᠷ᠎ᠢ ᠴᠢᠮᠬᠢᠵᠦ ᠠᠯᠠᠭᠰᠠᠨ ᠶᠠᠪᠤᠳᠠᠯ ᠪᠣᠯᠤᠨ᠎ᠠ᠂ ᠹᠷᠠᠩᠺᠸᠨ᠋ᠰᠲᠸᠢᠢᠨ ᠂ ᠵᠢᠭᠲᠡᠢ ᠠᠮᠢᠲᠠᠨ᠎ᠤ ᠳᠠᠷᠠᠭ᠎ᠠ ᠨᠢᠭᠡ ᠬᠠᠷᠠᠯᠲᠠ᠎ᠨᠢ ᠥᠪᠡᠷ᠎ᠢ᠋᠎ᠪᠡᠨ ᠭᠡᠵᠦ ᠪᠣᠳᠤᠵᠤ ᠪᠠᠢᠭᠰᠠᠨ ᠪᠣᠯᠪᠠᠴᠤ᠂ ᠬᠤᠷᠢᠮᠯᠠᠭᠰᠠᠨ ᠰᠥᠨᠢ᠎ᠳ᠋ᠦ᠎ᠪᠡᠨ ᠰᠠᠶᠢ ᠵᠢᠭᠲᠡᠢ ᠠᠮᠢᠲᠠᠨ ᠲᠡᠭᠦᠨ᠎ᠢ ᠦᠬᠦᠬᠦ᠎ᠡᠴᠡ ᠨᠡᠩ ᠢᠯᠡᠭᠦᠦ ᠵᠣᠪᠠᠭᠠᠬᠤ᠎ᠶᠢ ᠮᠡᠳᠡᠵᠡᠢ᠃ ᠬᠠᠴᠢᠨ ᠠᠮᠢᠲᠠᠨ ᠬᠠᠷᠢᠨ ᠲᠡᠳᠡᠨ᠎ᠦ ᠱᠢᠨ᠎ᠡ ᠬᠤᠷᠢᠮ᠎ᠤᠨ ᠣᠷᠤ ᠳᠡᠭᠡᠷ᠎ᠡ ᠬᠠᠢᠷᠠᠲᠤ ᠱᠢᠨ᠎ᠡ ᠪᠡᠷᠢ ᠢᠯᠢᠽᠸᠪᠸᠽ᠎ᠢ᠎ᠨᠢ ᠠᠯᠠᠵᠠᠢ᠃ ᠹᠷᠠᠩᠺᠸᠨ᠋ᠰᠲᠸᠢᠢᠨ ᠥᠱᠢᠶ᠎ᠡ ᠠᠪᠬᠤ᠎ᠪᠠᠷ ᠠᠮᠠᠯᠠᠵᠤ᠂ ᠨᠢᠭᠡ ᠵᠠᠮ ᠬᠠᠴᠢᠨ ᠠᠮᠢᠲᠠᠨ᠎ᠢ ᠮᠥᠷᠳᠡᠨ ᠤᠮᠠᠷᠠᠲᠤ ᠲᠤᠢᠯ᠎ᠳᠤ ᠬᠦᠷᠴᠦ᠂ ᠠᠮᠢᠰᠭᠤᠯ ᠲᠠᠰᠤᠷᠠᠬᠤ ᠱᠢᠬᠠᠭᠰᠠᠨ ᠪᠣᠯᠪᠠᠴᠤ ᠸᠤᠯᠲ᠋ᠤᠨ᠎ᠳᠤ ᠮᠡᠳᠡᠭᠳᠡᠵᠡᠢ᠃ ᠹᠷᠠᠩᠺᠸᠨ᠋ᠰᠲᠸᠢᠢᠨ ᠬᠠᠴᠢᠨ ᠠᠮᠢᠲᠠᠨ᠎ᠤ ᠲᠤᠬᠠᠢ ᠶᠠᠷᠢᠵᠤ ᠳᠠᠭᠤᠰᠤᠭᠰᠠᠨ᠎ᠤ ᠳᠠᠷᠠᠭ᠎ᠠ᠂ ᠸᠤᠯᠲ᠋ᠤᠨ᠎ᠳᠤ ᠲᠡᠭᠦᠨ᠎ᠦ ᠰᠤᠷᠭᠠᠮᠵᠢ᠎ᠶᠢ ᠠᠪᠤᠭᠰᠠᠨ᠎ᠤ ᠳᠠᠷᠠᠭ᠎ᠠ ᠦᠬᠦᠬᠦ ᠬᠡᠷᠡᠭᠲᠡᠢ ᠭᠡᠵᠦ ᠰᠡᠷᠡᠮᠵᠢᠯᠡᠭᠦᠯᠵᠡᠢ᠃ ᠸᠤᠯᠲ᠋ᠤᠨ ᠢᠷᠡᠭᠡᠳᠦᠢ᠎ᠶᠢᠨ ᠠᠶᠠᠯᠠᠯ᠎ᠳ᠋ᠤ᠎ᠪᠠᠨ ᠨᠢᠭᠤᠭᠳᠠᠵᠤ ᠪᠠᠢᠭ᠎ᠠ ᠯᠤᠲᠤ ᠶᠡᠬᠡ ᠠᠶᠤᠯ᠎ᠢ ᠰᠡᠷᠡᠵᠦ ᠮᠡᠳᠡᠭᠡᠳ᠂ ᠠᠶᠠᠯᠠᠯ᠎ᠤᠨ ᠴᠢᠭᠯᠡᠯ᠎ᠢᠶ᠋ᠡᠨ ᠠᠯᠳᠠᠵᠤ᠂ ᠡᠮᠦᠨᠡᠲᠦ ᠣᠷᠤᠨ᠎ᠤ ᠳᠤᠯᠠᠭᠠᠨ ᠤᠰᠤᠨ ᠣᠷᠤᠨ ᠵᠦᠭ ᠶᠠᠪᠤᠪᠠ᠃ ᠭᠡᠲᠡᠯ᠎ᠡ ᠬᠠᠴᠢᠨ ᠠᠮᠢᠲᠠᠨ ᠡᠴᠦᠰ᠎ᠲᠦ᠎ᠪᠡᠨ ᠥᠪᠡᠷ᠎ᠢ᠋᠎ᠪᠡᠨ ᠱᠢᠲᠠᠭᠠᠵᠤ ᠦᠬᠦᠪᠡ᠃

  ᠭᠠᠷᠴᠠᠭ᠄

  1. ᠵᠠᠬᠢᠳᠠᠯ No1

  2. ᠵᠠᠬᠢᠳᠠᠯ No2

  3. ᠵᠠᠬᠢᠳᠠᠯ No3

  4. ᠵᠠᠬᠢᠳᠠᠯ No4

  5. ᠨᠠᠢ᠍ᠮᠠᠳᠤᠭᠠᠷ ᠰᠠᠷ᠎ᠠ᠎ᠶᠢᠨ 19

  6. ᠸᠢᠺᠲ᠋ᠤᠷ ᠹᠷᠠᠩᠺᠸᠨ᠋ᠰᠲᠸᠢᠢᠨ᠎ᠤ ᠪᠠᠭ᠎ᠠ ᠨᠠᠰᠤ

  7. ᠢᠳᠡᠷ ᠨᠠᠰᠤ

  8. ᠡᠷᠳᠡᠮ᠎ᠦᠨ ᠴᠠᠩᠭᠠᠭ᠎ᠠ

  9. ᠪᠦᠲᠦᠭᠡᠯ ᠪᠠ ᠲᠡᠭᠦᠨ᠎ᠢ ᠪᠦᠲᠦᠭᠡᠭᠴᠢ

  10. ᠾᠸᠨ᠋ᠷᠢ ᠠᠪᠤᠷᠠᠯ᠎ᠮᠢᠨᠢ ᠪᠣᠯᠪᠠ

  11. ᠥᠱᠢᠶ᠎ᠡ ᠠᠪᠬᠤ ᠠᠩᠬᠠᠨ᠎ᠤ ᠠᠯᠬᠤᠮ

  12. ᠵᠠᠰᠲ᠋ᠢᠨ ᠪᠤᠷᠤᠭᠤ ᠦᠭᠡᠢ᠎ᠴᠦ ᠵᠣᠯᠢᠶᠠᠰᠤ ᠪᠣᠯᠪᠠ

  13. ᠮᠠᠩᠭᠤᠰ᠎ᠴᠤ ᠥᠪᠡᠷ᠎ᠦᠨ ᠭᠡᠰᠡᠨ ᠨᠠᠮᠲᠠᠷ᠎ᠲᠠᠢ

  14. ᠪᠡᠶ᠎ᠡ᠎ᠲᠡᠢ ᠪᠣᠯᠪᠠᠴᠤ ᠣᠶᠤᠨ ᠤᠬᠠᠭᠠᠨ᠎ᠦᠭᠡᠢ ᠮᠠᠩᠭᠤᠰ

  15. ᠳ᠋ᠧ ᠯᠠᠼᠢᠰ ᠂ ᠰᠠᠹᠢ ᠂ ᠮᠠᠩᠭᠤᠰ ᠭᠤᠷᠪᠠ

  16. ᠮᠠᠩᠭᠤᠰ᠎ᠲᠤ ᠥᠭᠭᠦᠭᠰᠡᠨ ᠠᠮᠠᠯᠠᠯᠲᠠ

  17. ᠠᠮᠠᠯᠠᠯᠲᠠ᠎ᠪᠠᠨ ᠲᠠᠰᠤᠯᠪᠠ

  18. ᠺᠯᠸᠷᠸᠠᠯ ᠦᠬᠦᠪᠡ

  19. ᠮᠠᠩᠭᠤᠰ ᠳᠠᠬᠢᠨ ᠳᠠᠭᠠᠷᠢᠪᠠ

  20. ᠮᠠᠩᠭᠤᠰ᠎ᠤᠨ ᠮᠥᠷ᠎ᠢᠶ᠋ᠡᠷ

  21. ᠵᠠᠬᠢᠳᠠᠯ No5

  22. ᠵᠠᠬᠢᠳᠠᠯ No6

  ᠴᠢ ᠶᠠᠭᠤ ᠭᠡᠵᠦ ᠪᠣᠳᠤᠵᠤ ᠪᠠᠢᠨ᠎ᠠ ᠪᠣᠢ

  ᠲᠡᠭᠦᠰᠬᠡᠯ᠎ᠦᠨ ᠦᠭᠡ

ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604