ᠳᠡᠯᠡᠬᠡᠢ᠎ᠶᠢᠨ ᠬᠡᠦᠬᠡᠳ᠎ᠤᠨ ᠰᠤᠩᠭᠤᠳᠠᠭ ᠤᠷᠠᠨ ᠵᠤᠬᠢᠶᠠᠯ᠎ᠤᠨ ᠲᠡᠭᠡᠵᠢᠰ — ᠷᠠᠮᠠᠶᠠᠨᠠ

  • ᠬᠡᠪᠯᠡᠯ᠎ᠦᠨ ᠬᠣᠷᠢᠶ᠎ᠠ:ᠥᠪᠦᠷ ᠮᠣᠩᠭᠤᠯ᠎ᠤᠨ ᠰᠤᠷᠭᠠᠨ ᠬᠥᠮᠦᠵᠢᠯ᠎ᠦᠨ ᠬᠡᠪᠯᠡᠯ᠎ᠦᠨ ᠬᠣᠷᠢᠶ᠎ᠠ
  • ᠵᠣᠬᠢᠶᠠᠭᠴᠢ:[ᠡᠨᠡᠳᠬᠡᠭ] ᠸᠠᠯᠮᠢᠺᠸ
  • ᠬᠡᠪᠯᠡᠭᠰᠡᠨ ᠤᠳᠠᠭ᠎ᠠ:2013 ᠣᠨ᠎ᠤ 11 ᠰᠠᠷ᠎ᠠ
  • ᠠᠭᠤᠯᠭ᠎ᠠ᠎ᠶᠢᠨ ᠲᠣᠪᠴᠢ ᠲᠠᠨᠢᠯᠴᠠᠭᠤᠯᠭ᠎ᠠ

  《ᠳᠡᠯᠡᠬᠡᠢ᠎ᠶᠢᠨ ᠬᠡᠦᠬᠡᠳ᠎ᠤᠨ ᠰᠤᠩᠭᠤᠳᠠᠭ ᠤᠷᠠᠨ ᠵᠤᠬᠢᠶᠠᠯ᠎ᠤᠨ ᠲᠡᠭᠡᠵᠢᠰ》 ᠭᠡᠮᠡᠬᠦ 108 ᠲᠡᠪᠳᠡᠷ ᠪᠤᠯ ᠮᠠᠨ᠎ᠦ ᠤᠯᠤᠰ᠎ᠤᠨ 《ᠠᠷᠪᠠᠨ ᠬᠤᠶᠠᠳᠤᠭᠠᠷ ᠲᠠᠪᠤᠨ ᠵᠢᠯ᠎ᠤᠨ ᠲᠦᠯᠦᠪᠵᠢᠬᠦᠯᠬᠡ》᠎ᠶᠢᠨ ᠴᠦᠭᠡᠨ ᠲᠤᠭᠠᠲᠤ ᠦᠨᠳᠦᠰᠦᠲᠡᠨ᠎ᠤ ᠦᠭᠡ ᠬᠡᠯᠡ ᠦᠰᠦᠭ ᠪᠢᠴᠢᠭ᠎ᠢᠶᠠᠷ ᠬᠡᠪᠯᠡᠭᠦᠯᠬᠦ ᠢᠨᠵᠸᠨ᠋ᠸᠷᠢᠩ᠎ᠤᠨ ᠲᠦᠷᠦᠯ ᠵᠦᠢᠯ ᠮᠦᠨ᠃ ᠮᠤᠩᠭᠤᠯ ᠤᠯᠤᠰ᠎ᠤᠨ ᠨᠡᠷᠡᠲᠦ ᠤᠷᠴᠢᠭᠤᠯᠤᠭᠴᠢᠳ᠎ᠦᠨ ᠳᠡᠯᠡᠬᠡᠢ᠎ᠵᠢᠨ ᠠᠯᠳᠠᠷᠳᠤ ᠬᠡᠦᠬᠡᠳ᠎ᠤᠨ ᠤᠷᠠᠨ ᠵᠤᠬᠢᠶᠠᠯ᠎ᠡᠴᠡ ᠰᠤᠩᠭᠤᠨ ᠤᠷᠴᠢᠭᠤᠯᠤᠭᠠᠳ ᠺᠢᠷᠢᠯ ᠦᠰᠦᠭ᠎ᠢᠶᠠᠷ ᠬᠡᠪᠯᠡᠬᠦᠯᠦᠭᠰᠡᠨ ᠨᠤᠮ᠎ᠦᠳ᠎ᠢ ᠦᠪᠦᠷ ᠮᠤᠩᠭᠤᠯ᠎ᠤᠨ ᠰᠤᠷᠭᠠᠨ ᠬᠦᠮᠦᠵᠢᠯ᠎ᠤᠨ ᠬᠡᠪᠯᠡᠯ᠎ᠤᠨ ᠬᠤᠷᠢᠶᠠᠨ᠎ᠤ ᠬᠢᠨ ᠤᠢᠭᠤᠷᠵᠢᠨ ᠮᠤᠩᠭᠤᠯ ᠦᠰᠦᠭ ᠲᠣ᠌ ᠬᠦᠷᠪᠡᠬᠦᠯᠵᠤ ᠬᠡᠪᠯᠡᠭᠦᠯᠦᠭᠰᠡᠨ᠎ᠶᠤᠮ᠃ ᠲᠤᠰ ᠴᠤᠪᠤᠷᠠᠯ᠎ᠳᠦ ᠭᠤᠤᠯᠳᠠᠭᠤ ᠦᠯᠢᠭᠡᠷ᠂ ᠶᠤᠭᠲᠠ ᠦᠯᠢᠭᠡᠷ᠂ ᠦᠭᠦᠯᠡᠯᠭᠡ᠂ ᠬᠡᠦᠬᠡᠳ᠎ᠤᠨ ᠦᠯᠢᠭᠡᠷ ᠵᠡᠷᠬᠡ᠎ᠶᠢ ᠪᠠᠭᠳᠠᠭᠠᠵᠤ᠂ ᠡᠳᠡᠬᠡᠷ ᠦᠯᠢᠭᠡᠷ ᠲᠤᠮᠤᠭ᠎ᠨᠢ ᠬᠡᠤᠬᠡᠳ ᠪᠠᠭᠠᠴᠤᠳ ᠳᠡᠯᠡᠬᠡᠢ᠎ᠵᠢᠨ ᠤᠯᠠᠨ ᠦᠨᠳᠦᠰᠦᠳᠡᠨ᠎ᠦ ᠰᠤᠶᠤᠯ ᠵᠠᠩ ᠦᠢᠯᠡ ᠳᠠᠢ ᠳᠠᠨᠢᠯᠴᠠᠬᠤ᠎ᠳᠦ ᠬᠦᠬᠦᠷᠬᠡ ᠪᠤᠯᠬᠤ ᠳᠡᠳᠦᠢ ᠪᠢᠰᠢ᠂ ᠬᠠᠷᠢᠨ ᠤᠷᠠᠨ ᠵᠤᠬᠢᠶᠠᠯ᠎ᠦᠨ ᠮᠡᠳᠡᠯᠬᠡ ᠪᠤᠯᠪᠠᠰᠤᠷᠠᠯ ᠵᠢᠡᠨ ᠳᠡᠬᠡᠭᠱᠢᠯᠡᠬᠦᠯᠬᠦ᠎ᠳᠦ ᠮᠠᠱᠢ ᠶᠡᠬᠡ ᠠᠴᠢ ᠬᠤᠯᠪᠤᠭᠳᠠᠯ ᠳᠠᠢ ᠪᠤᠯᠬᠤ᠎ᠨᠢ ᠭᠠᠷᠴᠠᠭ᠎ᠠ ᠦᠬᠡᠢ ᠶᠤᠮ᠃

  《ᠷᠠᠮᠠᠶᠠᠨᠠ》 ᠪᠤᠯ ᠡᠨᠡᠳᠬᠡᠭ᠎ᠦᠨ ᠡᠷᠲᠡᠨ᠎ᠦ ᠲᠤᠤᠯᠢᠰ᠃ ᠷᠠᠮᠠᠶᠠᠨᠠ᠎ᠶᠢᠨ ᠪᠦᠬᠦ ᠨᠣᠮ᠎ᠨᠢ ᠱᠢᠯᠦᠭᠯᠡᠭᠰᠡᠨ ᠳᠢᠭ᠎ᠢᠶ᠋ᠡᠷ ᠪᠢᠴᠢᠭᠳᠡᠭᠰᠡᠨ ᠪᠥᠭᠡᠳ ᠰᠠᠨᠰᠺᠷᠢᠲ ᠥᠰᠦᠭ᠎ᠢᠶ᠋ᠡᠷ ᠪᠢᠴᠢᠭᠳᠡᠭᠰᠡᠨ ᠪᠠᠢᠳᠠᠭ᠃ ᠱᠢᠯᠦᠭ᠎ᠦᠨ ᠬᠡᠮᠵᠢᠶ᠎ᠡ᠎ᠨᠢ ᠪᠠᠷᠤᠭ ᠪᠦᠷ 《ᠱᠠᠯᠤᠺ》᠂ ᠳᠠᠷᠤᠢ ᠦᠶ᠎ᠡ ᠪᠦᠷᠢ᠎ᠨᠢ 2 ᠮᠥᠷ᠂ ᠮᠥᠷ ᠪᠦᠷᠢ᠎ᠨᠢ 16 ᠦᠶ᠎ᠡ ᠪᠠᠢᠳᠠᠭ᠃ ᠪᠦᠬᠦ ᠵᠣᠬᠢᠶᠠᠯ᠎ᠨᠢ ᠨᠡᠢᠲᠡ 7 ᠪᠦᠯᠦᠭ᠂ 24000 ᠬᠣᠤᠰ ᠥᠭᠦᠯᠡᠪᠦᠷᠢ᠎ᠲᠡᠢ᠃ ᠠᠭᠤᠯᠭ᠎ᠠ᠎ᠨᠢ ᠭᠣᠤᠯᠳᠠᠭᠤ ᠤᠯᠤᠰ᠎ᠤᠨ ᠸᠠᠩ᠎ᠤᠨ ᠬᠥᠪᠡᠭᠦᠨ ᠯᠤᠮᠤ᠋ ᠪᠣᠯᠤᠨ ᠲᠡᠭᠦᠨ᠎ᠦ ᠡᠬᠡᠨᠡᠷ᠎ᠦᠨ ᠦᠯᠢᠭᠡᠷ᠎ᠢ ᠶᠠᠷᠢᠵᠠᠢ᠃ ᠷᠠᠮᠠ ᠪᠣᠯᠤᠨ ᠲᠡᠭᠦᠨ᠎ᠦ ᠡᠬᠡᠨᠡᠷ᠎ᠦᠨ ᠡᠮᠭᠡᠨᠢᠯ ᠪᠠᠶᠠᠷ ᠬᠠᠭᠠᠴᠠᠯ ᠨᠡᠢᠯᠡᠯ᠎ᠢᠶ᠋ᠡᠷ ᠦᠯᠢᠭᠡᠷ᠎ᠦ᠋ᠨ᠎ᠢᠶ᠋ᠡᠨ ᠭᠣᠤᠯ ᠱᠢᠵᠢᠮ ᠪᠣᠯᠭᠠᠵᠤ᠂ ᠡᠨᠡᠳᠬᠡᠭ᠎ᠦᠨ ᠡᠷᠲᠡᠨ᠎ᠦ ᠣᠷᠳᠤᠨ᠎ᠤ ᠳᠣᠲᠤᠭᠠᠳᠤ ᠪᠠ ᠣᠯᠠᠨ ᠤᠯᠤᠰ᠎ᠤᠨ ᠬᠣᠭᠤᠷᠤᠨᠳᠤᠬᠢ ᠲᠡᠮᠡᠴᠡᠯ᠎ᠢ ᠢᠯᠡᠷᠡᠭᠦᠯᠵᠡᠢ᠃ ᠵᠣᠬᠢᠶᠠᠯ᠎ᠳ᠋ᠤ᠎ᠪᠠᠨ ᠳᠣᠮᠤᠭ ᠶᠠᠷᠢᠶ᠎ᠠ ᠪᠠ ᠵᠢᠵᠢᠭ ᠦᠯᠢᠭᠡᠷ᠎ᠢ ᠴᠥᠭᠡᠨ ᠪᠤᠰᠤ ᠵᠢᠬᠢᠷᠡᠭᠯᠡᠨ ᠣᠷᠤᠭᠤᠯᠵᠤ᠂ ᠪᠠᠢᠭᠠᠯᠢ᠎ᠶᠢᠨ ᠦᠵᠡᠮᠵᠢ᠂ ᠪᠠᠢᠯᠳᠤᠭᠠᠨ᠎ᠤ ᠲᠠᠯᠠᠪᠤᠷ ᠵᠡᠷᠭᠡ᠎ᠶᠢ ᠵᠢᠷᠤᠭᠯᠠᠬᠤ᠎ᠳᠤ ᠨᠡᠯᠢᠶᠡᠳ ᠨᠠᠷᠢᠯᠢᠭ ᠪᠢᠴᠢᠭᠰᠡᠨ᠎ᠡᠴᠡ ᠲᠣᠮᠤᠬᠠᠨ ᠲᠤᠤᠯᠢᠰ ᠪᠤᠯᠤᠭᠰᠠᠨ᠎ᠶᠤᠮ᠃ ᠲᠡᠷᠡ᠎ᠨᠢ ᠡᠷᠲᠡᠨ᠎ᠦ ᠡᠨᠡᠳᠬᠡᠭ᠎ᠦᠨ ᠤᠷᠠᠨ ᠵᠣᠬᠢᠶᠠᠯ᠎ᠤᠨ ᠨᠡᠩ ᠡᠷᠬᠢᠮ ᠳᠤᠷᠠᠰᠭᠠᠯ ᠪᠢᠴᠢᠭ ᠪᠤᠯᠤᠭᠰᠠᠨ᠎ᠤ ᠬᠤᠪᠢ᠎ᠳᠤ ᠵᠡᠭᠦᠨ ᠡᠮᠦᠨᠡᠲᠦ ᠠᠽᠢᠶ᠎ᠠ᠎ᠶᠢᠨ ᠤᠷᠠᠨ ᠰᠠᠢᠬᠠᠨ᠎ᠤ ᠰᠡᠳᠬᠢᠯᠭᠡ᠎ᠳᠦ ᠠᠰᠤᠷᠤ ᠶᠡᠬᠡ᠎ᠪᠡᠷ ᠨᠥᠯᠦᠭᠡᠯᠡᠭᠰᠡᠨ ᠪᠠᠢᠳᠠᠭ᠃ ᠮᠦᠨ᠎ᠴᠦ ᠲᠤᠰ ᠲᠤᠤᠯᠢ᠎ᠳᠤ ᠬᠥᠮᠦᠨ᠎ᠦ ᠠᠮᠢᠳᠤᠷᠠᠯ᠎ᠤᠨ ᠤᠳᠬ᠎ᠠ ᠤᠴᠢᠷ ᠪᠠ ᠦᠢᠯᠡ᠎ᠶᠢᠨ ᠦᠷ᠎ᠡ᠎ᠶᠢᠨ ᠲᠤᠬᠠᠢ ᠲᠣᠳᠤᠷᠬᠠᠢ ᠰᠤᠷᠭᠠᠭᠰᠠᠨ ᠪᠠᠢᠳᠠᠭ᠃

  《ᠷᠠᠮᠠᠶᠠᠨᠠ》᠎ᠨᠢ ᠡᠨᠡᠳᠬᠡᠭ᠎ᠲᠦ ᠬᠦᠦᠷᠨᠢᠯ ᠱᠢᠯᠦᠭ᠎ᠦᠨ ᠬᠡᠪ ᠳᠠᠭᠤᠷᠢᠶᠠᠯ ᠪᠣᠯᠤᠭᠰᠠᠭᠠᠷ ᠢᠷᠡᠵᠡᠢ᠂ ᠲᠡᠭᠦᠨ᠎ᠦ ᠨᠥᠯᠦᠭᠡ᠎ᠨᠢ ᠡᠨᠡᠳᠬᠡᠭ᠎ᠡᠴᠡ ᠠᠯᠢ ᠡᠷᠲᠡ ᠳᠠᠪᠠᠵᠤ᠂ ᠢᠯᠠᠩᠭᠤᠶ᠎ᠠ ᠠᠽᠢᠶ᠎ᠠ ᠲᠢᠪ᠎ᠲᠦ ᠥᠷᠭᠡᠨ᠎ᠢᠶ᠋ᠡᠷ ᠳᠡᠯᠭᠡᠷᠡᠭᠰᠡᠨ ᠪᠥᠭᠡᠳ ᠬᠥᠮᠦᠨ ᠲᠥᠷᠦᠯᠬᠢᠲᠡᠨ᠎ᠦ ᠰᠣᠶᠤᠯ᠎ᠤᠨ ᠥᠪ᠎ᠲᠦ ᠵᠢᠭᠰᠠᠭᠠᠭᠳᠠᠭᠰᠠᠨ᠎ᠶᠤᠮ᠃

  ᠭᠠᠷᠴᠠᠭ

  1. ᠷᠠᠮᠠ᠎ᠶᠢᠨ ᠲᠦᠷᠦᠭᠰᠡᠨ ᠲᠡᠦᠬᠡ

  2. ᠡᠷᠡᠯᠬᠡᠭ ᠬᠠᠨ ᠬᠥᠪᠡᠭᠦᠳ

  3. ᠱᠢᠲ᠋ᠠ᠎ᠶᠢᠨ ᠰᠣᠷᠢᠯᠭ᠎ᠠ

  4. ᠺᠠᠶᠢᠺᠸᠵᠢ᠎ᠶᠢᠨ ᠬᠦᠰᠡᠯ

  5. ᠠᠭᠯᠠᠭ ᠣᠢ᠎ᠶᠢᠨ ᠭᠦᠨ᠎ᠳᠡᠬᠢ ᠱᠤᠯᠤᠮ᠎ᠤ᠋ᠳ

  6. ᠱᠢᠲ᠋ᠠ᠎ᠶᠢ ᠬᠤᠯᠠᠭᠠᠢᠯᠠᠭᠰᠠᠨ ᠨᠢ

  7. ᠷᠠᠮᠠ ᠱᠢᠲ᠋ᠠ᠎ᠶᠢᠨ ᠡᠷᠢᠯ᠎ᠳᠦ ᠭᠠᠷᠪᠠ

  8. ᠰᠠᠷᠮᠠᠭᠴᠢᠨ᠎ᠨᠤᠭᠤᠳ᠎ᠤᠨ ᠣᠷᠤᠨ᠎ᠳ᠋ᠤ

  9. ᠾᠠᠨᠦ᠋ᠮᠠᠨ ᠱᠢᠲ᠋ᠠ᠎ᠲᠠᠢ ᠠᠭᠤᠯᠵᠠᠵᠤ᠂ ᠯᠠᠩᠺᠠ ᠬᠣᠲᠠ᠎ᠶᠢ ᠱᠢᠲᠠᠭᠠᠪᠠ

  10. ᠲᠡᠢᠨ

  ᠴᠢ ᠶᠠᠭᠤ ᠭᠡᠵᠦ ᠪᠣᠳᠤᠵᠤ ᠪᠠᠢᠨ᠎ᠠ ᠪᠣᠢ

  ᠲᠡᠭᠦᠰᠬᠡᠯ᠎ᠦᠨ ᠦᠭᠡ

ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604