ᠳᠡᠯᠡᠬᠡᠢ᠎ᠶᠢᠨ ᠬᠡᠦᠬᠡᠳ᠎ᠤᠨ ᠰᠤᠩᠭᠤᠳᠠᠭ ᠤᠷᠠᠨ ᠵᠤᠬᠢᠶᠠᠯ᠎ᠤᠨ ᠲᠡᠭᠡᠵᠢᠰ — ᠠᠯᠢᠰ ᠲᠣᠯᠢ᠎ᠶᠢᠨ ᠳᠣᠲᠤᠷ᠎ᠠ ᠠᠶᠠᠯᠠᠭᠰᠠᠨ ᠨᠢ

  • ᠬᠡᠪᠯᠡᠯ᠎ᠦᠨ ᠬᠣᠷᠢᠶ᠎ᠠ:ᠥᠪᠦᠷ ᠮᠣᠩᠭᠤᠯ᠎ᠤᠨ ᠰᠤᠷᠭᠠᠨ ᠬᠥᠮᠦᠵᠢᠯ᠎ᠦᠨ ᠬᠡᠪᠯᠡᠯ᠎ᠦᠨ ᠬᠣᠷᠢᠶ᠎ᠠ
  • ᠵᠣᠬᠢᠶᠠᠭᠴᠢ:[ᠠᠩᠭ᠌ᠯᠢ] ᠯᠦᠶᠢᠰ ᠺᠸᠷᠫᠤᠯ
  • ᠬᠡᠪᠯᠡᠭᠰᠡᠨ ᠤᠳᠠᠭ᠎ᠠ:2013 ᠣᠨ᠎ᠤ 11 ᠰᠠᠷ᠎ᠠ
  • ᠠᠭᠤᠯᠭ᠎ᠠ᠎ᠶᠢᠨ ᠲᠣᠪᠴᠢ ᠲᠠᠨᠢᠯᠴᠠᠭᠤᠯᠭ᠎ᠠ

  《ᠳᠡᠯᠡᠬᠡᠢ᠎ᠶᠢᠨ ᠬᠡᠦᠬᠡᠳ᠎ᠤᠨ ᠰᠤᠩᠭᠤᠳᠠᠭ ᠤᠷᠠᠨ ᠵᠤᠬᠢᠶᠠᠯ᠎ᠤᠨ ᠲᠡᠭᠡᠵᠢᠰ》 ᠭᠡᠮᠡᠬᠦ 108 ᠲᠡᠪᠳᠡᠷ ᠪᠤᠯ ᠮᠠᠨ᠎ᠦ ᠤᠯᠤᠰ᠎ᠤᠨ 《ᠠᠷᠪᠠᠨ ᠬᠤᠶᠠᠳᠤᠭᠠᠷ ᠲᠠᠪᠤᠨ ᠵᠢᠯ᠎ᠤᠨ ᠲᠦᠯᠦᠪᠵᠢᠬᠦᠯᠬᠡ》᠎ᠶᠢᠨ ᠴᠦᠭᠡᠨ ᠲᠤᠭᠠᠲᠤ ᠦᠨᠳᠦᠰᠦᠲᠡᠨ᠎ᠤ ᠦᠭᠡ ᠬᠡᠯᠡ ᠦᠰᠦᠭ ᠪᠢᠴᠢᠭ᠎ᠢᠶᠠᠷ ᠬᠡᠪᠯᠡᠭᠦᠯᠬᠦ ᠢᠨᠵᠸᠨ᠋ᠸᠷᠢᠩ᠎ᠤᠨ ᠲᠦᠷᠦᠯ ᠵᠦᠢᠯ ᠮᠦᠨ᠃ ᠮᠤᠩᠭᠤᠯ ᠤᠯᠤᠰ᠎ᠤᠨ ᠨᠡᠷᠡᠲᠦ ᠤᠷᠴᠢᠭᠤᠯᠤᠭᠴᠢᠳ᠎ᠦᠨ ᠳᠡᠯᠡᠬᠡᠢ᠎ᠵᠢᠨ ᠠᠯᠳᠠᠷᠳᠤ ᠬᠡᠦᠬᠡᠳ᠎ᠤᠨ ᠤᠷᠠᠨ ᠵᠤᠬᠢᠶᠠᠯ᠎ᠡᠴᠡ ᠰᠤᠩᠭᠤᠨ ᠤᠷᠴᠢᠭᠤᠯᠤᠭᠠᠳ ᠺᠢᠷᠢᠯ ᠦᠰᠦᠭ᠎ᠢᠶᠠᠷ ᠬᠡᠪᠯᠡᠬᠦᠯᠦᠭᠰᠡᠨ ᠨᠤᠮ᠎ᠦᠳ᠎ᠢ ᠦᠪᠦᠷ ᠮᠤᠩᠭᠤᠯ᠎ᠤᠨ ᠰᠤᠷᠭᠠᠨ ᠬᠦᠮᠦᠵᠢᠯ᠎ᠤᠨ ᠬᠡᠪᠯᠡᠯ᠎ᠤᠨ ᠬᠤᠷᠢᠶᠠᠨ᠎ᠤ ᠬᠢᠨ ᠤᠢᠭᠤᠷᠵᠢᠨ ᠮᠤᠩᠭᠤᠯ ᠦᠰᠦᠭ ᠲᠣ᠌ ᠬᠦᠷᠪᠡᠬᠦᠯᠵᠤ ᠬᠡᠪᠯᠡᠭᠦᠯᠦᠭᠰᠡᠨ᠎ᠶᠤᠮ᠃ ᠲᠤᠰ ᠴᠤᠪᠤᠷᠠᠯ᠎ᠳᠦ ᠭᠤᠤᠯᠳᠠᠭᠤ ᠦᠯᠢᠭᠡᠷ᠂ ᠶᠤᠭᠲᠠ ᠦᠯᠢᠭᠡᠷ᠂ ᠦᠭᠦᠯᠡᠯᠭᠡ᠂ ᠬᠡᠦᠬᠡᠳ᠎ᠤᠨ ᠦᠯᠢᠭᠡᠷ ᠵᠡᠷᠬᠡ᠎ᠶᠢ ᠪᠠᠭᠳᠠᠭᠠᠵᠤ᠂ ᠡᠳᠡᠬᠡᠷ ᠦᠯᠢᠭᠡᠷ ᠲᠤᠮᠤᠭ᠎ᠨᠢ ᠬᠡᠤᠬᠡᠳ ᠪᠠᠭᠠᠴᠤᠳ ᠳᠡᠯᠡᠬᠡᠢ᠎ᠵᠢᠨ ᠤᠯᠠᠨ ᠦᠨᠳᠦᠰᠦᠳᠡᠨ᠎ᠦ ᠰᠤᠶᠤᠯ ᠵᠠᠩ ᠦᠢᠯᠡ ᠳᠠᠢ ᠳᠠᠨᠢᠯᠴᠠᠬᠤ᠎ᠳᠦ ᠬᠦᠬᠦᠷᠬᠡ ᠪᠤᠯᠬᠤ ᠳᠡᠳᠦᠢ ᠪᠢᠰᠢ᠂ ᠬᠠᠷᠢᠨ ᠤᠷᠠᠨ ᠵᠤᠬᠢᠶᠠᠯ᠎ᠦᠨ ᠮᠡᠳᠡᠯᠬᠡ ᠪᠤᠯᠪᠠᠰᠤᠷᠠᠯ ᠵᠢᠡᠨ ᠳᠡᠬᠡᠭᠱᠢᠯᠡᠬᠦᠯᠬᠦ᠎ᠳᠦ ᠮᠠᠱᠢ ᠶᠡᠬᠡ ᠠᠴᠢ ᠬᠤᠯᠪᠤᠭᠳᠠᠯ ᠳᠠᠢ ᠪᠤᠯᠬᠤ᠎ᠨᠢ ᠭᠠᠷᠴᠠᠭ᠎ᠠ ᠦᠬᠡᠢ ᠶᠤᠮ᠃

  ᠯᠦᠶᠢᠰ ᠺᠸᠷᠫᠤᠯ᠎ᠤᠨ ᠡᠨᠡ ᠬᠦ᠌ ᠵᠣᠬᠢᠶᠠᠯ ᠪᠤᠯ ᠬᠣᠷᠢᠳᠤᠭᠠᠷ ᠵᠠᠭᠤᠨ᠎ᠤ ᠬᠠᠮᠤᠭ᠎ᠤᠨ ᠣᠯᠠᠨ ᠬᠡᠯᠡ᠎ᠪᠡᠷ ᠣᠷᠴᠢᠭᠤᠯᠤᠭᠳᠠᠭᠰᠠᠨ ᠬᠡᠦᠬᠡᠳ᠎ᠦᠨ ᠤᠷᠠᠨ ᠵᠣᠬᠢᠶᠠᠯ᠎ᠤᠨ ᠨᠢᠭᠡ ᠪᠤᠯᠤᠨ᠎ᠠ᠃ ᠲᠤᠰ ᠵᠣᠬᠢᠶᠠᠯ᠎ᠨᠢ ᠬᠡᠦᠬᠡᠳ᠎ᠦᠨ ᠤᠷᠠᠨ ᠰᠡᠳᠬᠢᠮᠵᠢ᠎ᠶᠢ ᠱᠢᠯᠭᠠᠭᠰᠠᠨ᠂ ᠤᠷᠠᠨ ᠵᠥᠩᠨᠡᠯ ᠪᠠ ᠲᠣᠭᠠᠨ᠎ᠤ ᠤᠬᠠᠭᠠᠨ ᠪᠣᠯᠤᠨ ᠹᠢᠽᠢᠺ᠎ᠦᠨ ᠬᠠᠤᠯᠢ᠎ᠶᠢᠨ ᠬᠤᠪᠢᠷᠠᠯᠲᠠ ᠥᠭᠡᠷᠡᠴᠢᠯᠡᠯᠲᠡ᠎ᠶᠢ ᠭᠠᠢᠬᠠᠯᠲᠠᠢ᠎ᠪᠠᠷ ᠬᠣᠯᠪᠤᠨ ᠪᠢᠴᠢᠭᠰᠡᠨ ᠪᠦᠲᠦᠭᠡᠯ ᠪᠤᠯᠤᠨ᠎ᠠ᠃

  ᠲᠤᠰ ᠨᠣᠮ ᠪᠣᠯ ᠨᠢᠭᠡᠨ ᠭᠠᠢᠬᠠᠮᠱᠢᠭᠲᠠᠢ᠂ ᠭᠣᠶᠤ ᠰᠠᠢᠬᠠᠨ ᠮᠥᠷᠲᠡᠭᠡᠨ ᠰᠣᠨᠢᠨ ᠵᠢᠭᠲᠡᠢ ᠵᠡᠭᠦᠳᠦᠨ᠎ᠦ ᠦᠯᠢᠭᠡᠷ ᠪᠤᠯᠤᠨ᠎ᠠ᠃ ᠦᠯᠢᠭᠡᠷ᠎ᠨᠢ ᠪᠢᠴᠢᠬᠠᠨ ᠬᠡᠦᠬᠡᠨ ᠠᠯᠢᠰ᠎ᠤᠨ ᠵᠡᠭᠦᠳᠦᠨ᠎ᠳᠡᠬᠢ ᠡᠯ᠎ᠡ ᠵᠦᠢᠯ᠎ᠦᠨ ᠭᠠᠢᠬᠠᠮᠱᠢᠭᠲᠤ ᠬᠡᠢ ᠬᠣᠭᠤᠰᠤᠨ ᠥᠩᠭᠡᠷᠡᠯᠲᠡ᠎ᠶᠢ ᠵᠢᠷᠤᠭᠯᠠᠪᠠ᠃ ᠲᠡᠷᠡ ᠲᠣᠯᠢᠨ᠎ᠳᠠᠬᠢ ᠶᠢᠷᠲᠢᠨᠴᠦ᠎ᠳᠦ ᠣᠴᠢᠵᠤ᠂ ᠰᠦᠷ ᠮᠠᠨᠳᠤᠭᠤᠯᠤᠨ ᠮᠠᠶᠢᠭ ᠭᠠᠷᠭᠠᠬᠤ᠂ ᠬᠠᠴᠢᠨ ᠪᠢᠳᠠᠭᠤ ᠤᠯᠠᠭᠠᠨ ᠴᠠᠭᠠᠨ ᠱᠢᠲᠠᠷ᠎ᠠ᠎ᠶᠢᠨ ᠸᠠᠩ᠎ᠤᠨ ᠬᠠᠲᠤᠨ ᠳᠠᠢ ᠤᠴᠠᠷᠠᠪᠠ᠃ ᠴᠡᠴᠡᠭ᠎ᠲᠡᠢ ᠰᠠᠢᠬᠠᠨ ᠵᠣᠭᠤᠭᠳᠠᠵᠤ᠂ ᠠᠮᠢᠲᠠᠨ ᠱᠢᠪᠠᠵᠢ᠎ᠲᠠᠢ ᠬᠠᠮᠲᠤ ᠠᠮᠢᠳᠤᠷᠠᠳᠠᠭ ᠡᠦᠯᠢᠽᠢ ᠲᠣᠯᠢᠨ ᠳᠣᠲᠤᠷ᠎ᠠ ᠣᠷᠤᠬᠤ᠎ᠳᠤ᠂ ᠴᠠᠭ ᠮᠥᠴᠡ ᠲᠣᠩᠭᠤᠷᠠᠭᠤ ᠤᠷᠤᠰᠭᠠᠯ ᠡᠭᠦᠰᠴᠦ᠂ ᠮᠠᠱᠢ ᠣᠯᠠᠨ ᠬᠠᠴᠢᠨ ᠦᠵᠡᠭᠳᠡᠯ ᠢᠯᠡᠷᠡᠪᠡ᠄ ᠤᠤᠯ᠎ᠨᠢ ᠴᠢᠮᠡᠭᠡ ᠠᠨᠢᠷ᠎ᠦᠭᠡᠢ ᠪᠠᠢᠭᠰᠠᠨ ᠴᠡᠴᠡᠭ ᠡᠪᠡᠰᠦᠨ᠎ᠦ ᠠᠮᠢᠲᠠᠨ᠎ᠴᠤ ᠠᠮᠠ ᠨᠡᠭᠡᠭᠡᠵᠦ ᠦᠭᠡ ᠶᠠᠷᠢᠯ᠎ᠠ᠃ ᠬᠣᠨᠢ ᠨᠢᠳᠦᠨ ᠱᠢᠯ ᠵᠡᠭᠦᠵᠦ ᠨᠣᠤᠰᠤᠨ ᠴᠠᠮᠴᠠ ᠨᠡᠬᠡᠵᠦ ᠪᠠᠢᠨ᠎ᠠ᠃ ᠲᠡᠳᠡᠭᠡᠷ ᠬᠠᠴᠢᠨ ᠠᠮᠢᠲᠠᠨ᠎ᠤ ᠨᠢᠳᠦᠨ᠎ᠳᠦ ᠬᠥᠮᠦᠨ ᠰᠠᠶᠢ ᠵᠢᠩᠬᠢᠨᠢ ᠢᠨᠢᠶᠡᠳᠦᠮ᠎ᠲᠡᠢ᠂ ᠰᠡᠳᠬᠢᠭᠳᠡᠱᠢ᠎ᠦᠭᠡᠢ ᠬᠠᠴᠢᠨ ᠠᠮᠢᠲᠠᠨ ᠪᠣᠯᠵᠤ ᠬᠤᠪᠢᠷᠠᠳᠠᠭ᠃ ᠺᠠᠷᠤᠯ ᠲᠣᠯᠢᠨ ᠳᠣᠲᠤᠷᠠᠬᠢ ᠦᠨᠡᠨ ᠳᠦᠷᠢ᠎ᠲᠡᠢ ᠡᠰᠡᠷᠭᠦ ᠦᠨᠳᠦᠰᠦᠨ ᠶᠣᠰᠤ᠎ᠶᠢ ᠦᠨᠳᠦᠰᠦᠯᠡᠨ᠂ ᠠᠯᠢᠰ᠎ᠤᠨ ᠡᠨᠡ᠎ᠬᠦ ᠵᠡᠭᠦᠳᠦᠨ᠎ᠦ ᠡᠭᠦᠰᠦᠭᠰᠡᠨ ᠲᠠᠯᠠᠪᠤᠷ᠎ᠢ ᠲᠣᠯᠢᠨ ᠳᠣᠲᠤᠷ᠎ᠠ ᠲᠥᠰᠦᠪᠯᠡᠪᠡ᠃ ᠲᠣᠯᠢᠨ᠎ᠳᠠᠬᠢ ᠠᠯᠢᠪᠠ ᠦᠵᠡᠮᠵᠢ ᠴᠥᠮ ᠲᠣᠩᠭᠤᠷᠠᠭᠤ ᠪᠠᠢᠵᠤ᠂ ᠲᠤᠢᠯ᠎ᠤᠨ ᠱᠠᠯ ᠳᠡᠮᠡᠢ ᠮᠥᠷᠲᠡᠭᠡᠨ ᠢᠨᠢᠶᠡᠳᠦᠮᠲᠡᠢ ᠦᠷ᠎ᠡ ᠳ᠋ᠦᠩ᠎ᠢ ᠪᠣᠢ ᠪᠣᠯᠭᠠᠭᠰᠠᠨ᠎ᠶᠤᠮ᠃

  ᠭᠠᠷᠴᠠᠭ᠄

  1. ᠲᠣᠯᠢ᠎ᠶᠢᠨ ᠳᠣᠲᠤᠷᠠᠬᠢ ᠪᠠᠢᠱᠢᠩ

  2. ᠠᠮᠢᠳᠤ ᠴᠡᠴᠡᠭᠡᠰ᠎ᠦᠨ ᠬᠦᠷᠢᠶᠡᠯᠡᠩ

  3. ᠲᠣᠯᠢ᠎ᠶᠢᠨ ᠳᠣᠲᠤᠷᠠᠬᠢ ᠱᠢᠪᠠᠵᠢ᠎ᠨᠤᠭᠤᠳ

  4. ᠲᠸᠯᠳᠢ ᠲᠸᠯᠳᠠᠮ ᠬᠣᠶᠠᠷ

  5. ᠨᠣᠤᠰᠤ ᠪᠠ ᠤᠰᠤ

  6. ᠾᠠᠮᠫᠢ ᠳ᠋ᠠᠮᠫᠢ

  7. ᠠᠷᠰᠯᠠᠨ ᠪᠠ ᠭᠠᠭᠴᠠ ᠡᠪᠡᠷᠲᠦ

  8. ᠡᠨᠡ ᠪᠣᠯ ᠮᠢᠨᠦ ᠥᠪᠡᠷ᠎ᠦᠨ ᠨᠡᠭᠡᠭᠡᠯᠲᠡ

  9. ᠠᠯᠢᠰ ᠪᠡᠷᠰᠡ ᠪᠣᠯᠪᠠ

  10. ᠰᠡᠭᠰᠦᠷᠦᠭᠰᠡᠨ ᠨᠢ

  11. ᠰᠡᠷᠡᠭᠰᠡᠨ ᠨᠢ

  12. ᠵᠡᠭᠦᠳᠦ ᠪᠠᠢᠭᠰᠠᠨ᠎ᠶᠤᠮ ᠦᠦ

ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604