ᠳᠡᠯᠡᠬᠡᠢ᠎ᠶᠢᠨ ᠬᠡᠦᠬᠡᠳ᠎ᠤᠨ ᠰᠤᠩᠭᠤᠳᠠᠭ ᠤᠷᠠᠨ ᠵᠤᠬᠢᠶᠠᠯ᠎ᠤᠨ ᠲᠡᠭᠡᠵᠢᠰ — ᠮᠢᠩᠭ᠎ᠠ ᠨᠢᠭᠡᠨ ᠰᠥᠨᠢ᠎ᠶᠢᠨ ᠦᠯᠢᠭᠡᠷ

  • ᠬᠡᠪᠯᠡᠯ᠎ᠦᠨ ᠬᠣᠷᠢᠶ᠎ᠠ:ᠥᠪᠦᠷ ᠮᠣᠩᠭᠤᠯ᠎ᠤᠨ ᠰᠤᠷᠭᠠᠨ ᠬᠥᠮᠦᠵᠢᠯ᠎ᠦᠨ ᠬᠡᠪᠯᠡᠯ᠎ᠦᠨ ᠬᠣᠷᠢᠶ᠎ᠠ
  • ᠵᠣᠬᠢᠶᠠᠭᠴᠢ:[ᠮᠣᠩᠭᠤᠯ] ᠣᠶᠤᠨᠴᠢᠮᠡᠭ ᠨᠠᠢᠷᠠᠭᠤᠯᠤᠨ ᠣᠷᠴᠢᠭᠤᠯᠪᠠ
  • ᠬᠡᠪᠯᠡᠭᠰᠡᠨ ᠤᠳᠠᠭ᠎ᠠ:2013 ᠣᠨ᠎ᠤ 4 ᠰᠠᠷ᠎ᠠ
  • ᠠᠭᠤᠯᠭ᠎ᠠ᠎ᠶᠢᠨ ᠲᠣᠪᠴᠢ ᠲᠠᠨᠢᠯᠴᠠᠭᠤᠯᠭ᠎ᠠ

  《ᠳᠡᠯᠡᠬᠡᠢ᠎ᠶᠢᠨ ᠬᠡᠦᠬᠡᠳ᠎ᠤᠨ ᠰᠤᠩᠭᠤᠳᠠᠭ ᠤᠷᠠᠨ ᠵᠤᠬᠢᠶᠠᠯ᠎ᠤᠨ ᠲᠡᠭᠡᠵᠢᠰ》 ᠭᠡᠮᠡᠬᠦ 108 ᠲᠡᠪᠳᠡᠷ ᠪᠤᠯ ᠮᠠᠨ᠎ᠦ ᠤᠯᠤᠰ᠎ᠤᠨ 《ᠠᠷᠪᠠᠨ ᠬᠤᠶᠠᠳᠤᠭᠠᠷ ᠲᠠᠪᠤᠨ ᠵᠢᠯ᠎ᠤᠨ ᠲᠦᠯᠦᠪᠵᠢᠬᠦᠯᠬᠡ》᠎ᠶᠢᠨ ᠴᠦᠭᠡᠨ ᠲᠤᠭᠠᠲᠤ ᠦᠨᠳᠦᠰᠦᠲᠡᠨ᠎ᠤ ᠦᠭᠡ ᠬᠡᠯᠡ ᠦᠰᠦᠭ ᠪᠢᠴᠢᠭ᠎ᠢᠶᠠᠷ ᠬᠡᠪᠯᠡᠭᠦᠯᠬᠦ ᠢᠨᠵᠸᠨ᠋ᠸᠷᠢᠩ᠎ᠤᠨ ᠲᠦᠷᠦᠯ ᠵᠦᠢᠯ ᠮᠦᠨ᠃ ᠮᠤᠩᠭᠤᠯ ᠤᠯᠤᠰ᠎ᠤᠨ ᠨᠡᠷᠡᠲᠦ ᠤᠷᠴᠢᠭᠤᠯᠤᠭᠴᠢᠳ᠎ᠦᠨ ᠳᠡᠯᠡᠬᠡᠢ᠎ᠵᠢᠨ ᠠᠯᠳᠠᠷᠳᠤ ᠬᠡᠦᠬᠡᠳ᠎ᠤᠨ ᠤᠷᠠᠨ ᠵᠤᠬᠢᠶᠠᠯ᠎ᠡᠴᠡ ᠰᠤᠩᠭᠤᠨ ᠤᠷᠴᠢᠭᠤᠯᠤᠭᠠᠳ ᠺᠢᠷᠢᠯ ᠦᠰᠦᠭ᠎ᠢᠶᠠᠷ ᠬᠡᠪᠯᠡᠬᠦᠯᠦᠭᠰᠡᠨ ᠨᠤᠮ᠎ᠦᠳ᠎ᠢ ᠦᠪᠦᠷ ᠮᠤᠩᠭᠤᠯ᠎ᠤᠨ ᠰᠤᠷᠭᠠᠨ ᠬᠦᠮᠦᠵᠢᠯ᠎ᠤᠨ ᠬᠡᠪᠯᠡᠯ᠎ᠤᠨ ᠬᠤᠷᠢᠶᠠᠨ᠎ᠤ ᠬᠢᠨ ᠤᠢᠭᠤᠷᠵᠢᠨ ᠮᠤᠩᠭᠤᠯ ᠦᠰᠦᠭ ᠲᠣ᠌ ᠬᠦᠷᠪᠡᠬᠦᠯᠵᠤ ᠬᠡᠪᠯᠡᠭᠦᠯᠦᠭᠰᠡᠨ᠎ᠶᠤᠮ᠃ ᠲᠤᠰ ᠴᠤᠪᠤᠷᠠᠯ᠎ᠳᠦ ᠭᠤᠤᠯᠳᠠᠭᠤ ᠦᠯᠢᠭᠡᠷ᠂ ᠶᠤᠭᠲᠠ ᠦᠯᠢᠭᠡᠷ᠂ ᠦᠭᠦᠯᠡᠯᠭᠡ᠂ ᠬᠡᠦᠬᠡᠳ᠎ᠤᠨ ᠦᠯᠢᠭᠡᠷ ᠵᠡᠷᠬᠡ᠎ᠶᠢ ᠪᠠᠭᠳᠠᠭᠠᠵᠤ᠂ ᠡᠳᠡᠬᠡᠷ ᠦᠯᠢᠭᠡᠷ ᠲᠤᠮᠤᠭ᠎ᠨᠢ ᠬᠡᠤᠬᠡᠳ ᠪᠠᠭᠠᠴᠤᠳ ᠳᠡᠯᠡᠬᠡᠢ᠎ᠵᠢᠨ ᠤᠯᠠᠨ ᠦᠨᠳᠦᠰᠦᠳᠡᠨ᠎ᠦ ᠰᠤᠶᠤᠯ ᠵᠠᠩ ᠦᠢᠯᠡ ᠳᠠᠢ ᠳᠠᠨᠢᠯᠴᠠᠬᠤ᠎ᠳᠦ ᠬᠦᠬᠦᠷᠬᠡ ᠪᠤᠯᠬᠤ ᠳᠡᠳᠦᠢ ᠪᠢᠰᠢ᠂ ᠬᠠᠷᠢᠨ ᠤᠷᠠᠨ ᠵᠤᠬᠢᠶᠠᠯ᠎ᠦᠨ ᠮᠡᠳᠡᠯᠬᠡ ᠪᠤᠯᠪᠠᠰᠤᠷᠠᠯ ᠵᠢᠡᠨ ᠳᠡᠬᠡᠭᠱᠢᠯᠡᠬᠦᠯᠬᠦ᠎ᠳᠦ ᠮᠠᠱᠢ ᠶᠡᠬᠡ ᠠᠴᠢ ᠬᠤᠯᠪᠤᠭᠳᠠᠯ ᠳᠠᠢ ᠪᠤᠯᠬᠤ᠎ᠨᠢ ᠭᠠᠷᠴᠠᠭ᠎ᠠ ᠦᠬᠡᠢ ᠶᠤᠮ᠃

  ᠡᠷᠲᠡᠨ᠎ᠦ ᠦᠶ᠎ᠡ᠎ᠳᠦ᠂ ᠡᠷᠲᠡᠨ᠎ᠦ ᠠᠷᠠᠪ᠎ᠤᠨ ᠳᠠᠯᠠᠢ᠎ᠶᠢᠨ ᠠᠷᠠᠯ ᠳᠡᠭᠡᠷ᠎ᠡ ᠨᠢᠭᠡ ᠰᠠᠰᠠᠨ ᠸᠠᠩᠲᠤ ᠤᠯᠤᠰ ᠪᠠᠢᠵᠤ᠂ ᠤᠯᠤᠰ᠎ᠤᠨ ᠸᠠᠩ᠎ᠨᠢ ᠱᠠᠾᠢᠶᠠᠷ ᠭᠡᠳᠡᠭ᠃ ᠨᠢᠭᠡᠨ ᠡᠳᠦᠷ᠂ ᠱᠠᠾᠢᠶᠠᠷ ᠳᠡᠭᠦᠦ ᠱᠠᠾᠽᠠᠮᠠᠨ᠎ᠲᠠᠢ᠎ᠪᠠᠨ ᠶᠡᠬᠡ ᠳᠠᠯᠠᠢ᠎ᠲᠠᠢ ᠬᠥᠷᠱᠢᠯᠡᠵᠦ ᠪᠠᠢᠭ᠎ᠠ ᠲᠠᠯ᠎ᠠ ᠨᠤᠲᠤᠭ᠎ᠲᠤ ᠢᠷᠡᠵᠡᠢ᠃ ᠲᠡᠳᠡ ᠶᠠᠭ ᠨᠢᠭᠡ ᠰᠠᠭᠤᠷᠢ ᠮᠣᠳᠤᠨ ᠳᠣᠤᠷ᠎ᠠ ᠠᠮᠠᠷᠠᠵᠤ ᠪᠠᠢᠲᠠᠯ᠎ᠠ ᠭᠡᠨᠡᠳᠲᠡ ᠨᠢᠭᠡ ᠬᠠᠷ᠎ᠠ ᠥᠩᠭᠡ᠎ᠲᠡᠢ ᠤᠰᠤᠨ ᠪᠠᠭᠠᠨ᠎ᠠ ᠪᠣᠰᠤᠨ ᠭᠠᠷᠴᠤ ᠢᠷᠡᠵᠡᠢ᠂ ᠨᠢᠭᠡ ᠡᠮᠡᠭᠲᠡᠢ ᠲᠡᠳᠡᠨ᠎ᠦ ᠳᠡᠷᠭᠡᠳᠡ ᠢᠷᠡᠭᠡᠳ᠂ 《ᠳᠡᠯᠡᠬᠡᠢ ᠳᠡᠭᠡᠷᠡᠬᠢ ᠪᠣᠢ ᠪᠦᠬᠦᠢ ᠡᠮᠡᠭᠲᠡᠢᠴᠦᠳ ᠪᠦᠷ ᠢᠲᠡᠭᠡᠵᠦ ᠪᠣᠯᠤᠱᠢ᠎ᠦᠭᠡᠢ᠂ ᠢᠲᠡᠭᠡᠵᠦ ᠪᠣᠯᠤᠱᠢ᠎ᠦᠭᠡᠢ》 ᠭᠡᠳᠡᠭ᠎ᠢ ᠲᠡᠳᠡᠨ᠎ᠳᠦ ᠬᠡᠯᠡᠵᠦ ᠥᠭᠴᠡᠢ᠃

  ᠤᠯᠤᠰ᠎ᠤᠨ ᠸᠠᠩ ᠱᠠᠾᠢᠶᠠᠷ ᠪᠣᠯᠤᠨ ᠳᠡᠭᠦᠦ ᠱᠠᠾᠽᠠᠮᠠᠨ ᠰᠠᠰᠠᠨ ᠸᠠᠩᠲᠤ ᠤᠯᠤᠰ᠎ᠲᠤ ᠪᠤᠴᠠᠭᠰᠠᠨ᠎ᠤ ᠳᠠᠷᠠᠭ᠎ᠠ᠂ ᠸᠠᠩ᠎ᠤᠨ ᠬᠠᠲᠤᠨ᠎ᠤ ᠦᠢᠯᠡ ᠠᠵᠢᠯᠯᠠᠭ᠎ᠠ ᠲᠥᠪ ᠪᠤᠰᠤ ᠪᠠᠢᠬᠤ᠎ᠶᠢ ᠣᠯᠵᠤ ᠮᠡᠳᠡᠭᠡᠳ᠂ ᠸᠠᠩ᠎ᠤᠨ ᠬᠠᠲᠤᠨ᠎ᠢ ᠠᠯᠠᠪᠠ᠃ ᠲᠡᠭᠦᠨ᠎ᠡᠴᠡ ᠬᠣᠢᠱᠢ᠂ ᠱᠠᠾᠢᠶᠠᠷ ᠡᠮᠡᠭᠲᠡᠢᠴᠦᠳ᠎ᠢ ᠲᠤᠢᠯ᠎ᠢᠶ᠋ᠠᠷ ᠵᠢᠭᠱᠢᠨ ᠵᠢᠭᠱᠢᠵᠦ᠂ ᠣᠷᠳᠤᠨ᠎ᠤ ᠥᠬᠢᠳ᠎ᠢ ᠠᠯᠠᠵᠤ᠂ ᠵᠣᠷᠢᠭᠤᠳᠠ ᠥᠱᠢᠶ᠎ᠡ ᠠᠪᠴᠤ᠂ ᠨᠢᠭᠡ ᠡᠳᠦᠷ ᠨᠢᠭᠡ ᠬᠡᠦᠬᠡᠨ᠎ᠢ ᠠᠯᠠᠭᠠᠳ ᠳᠠᠬᠢᠨ ᠪᠠᠭᠤᠯᠭᠠᠵᠤ᠂ ᠨᠢᠭᠡᠨᠲᠡ ᠬᠠᠷᠭᠢᠰ ᠬᠠᠭᠠᠨ ᠪᠣᠯᠵᠠᠢ᠃ ᠡᠨᠡ ᠮᠡᠲᠦ᠎ᠪᠡᠷ ᠵᠢᠯ ᠵᠢᠯ ᠳᠠᠷᠠᠭᠠᠯᠠᠨ ᠭᠤᠷᠪᠠᠨ ᠵᠢᠯ ᠦᠷᠭᠦᠯᠵᠢᠯᠡᠭᠡᠳ ᠮᠢᠩᠭ᠎ᠠ ᠭᠠᠷᠤᠢ ᠡᠮᠡᠭᠲᠡᠢᠴᠦᠳ᠎ᠢ ᠠᠯᠠᠭᠰᠠᠨ ᠪᠠᠢᠨ᠎ᠠ᠃

  ᠲᠡᠷᠢᠭᠦᠨ ᠰᠠᠢᠳ᠎ᠤᠨ ᠶᠡᠬᠡ ᠥᠬᠢᠨ ᠱᠠᠾᠠᠷᠢᠽᠠᠳᠠ 《ᠠᠪᠤ᠋᠎ᠳ᠋ᠤ᠎ᠪᠠᠨ ᠲᠡᠷᠡ ᠤᠯᠤᠰ᠎ᠤᠨ ᠸᠠᠩ᠎ᠳᠤ ᠮᠣᠷᠳᠠᠨ᠎ᠠ᠂ ᠲᠡᠷᠡ ᠲᠦᠭ ᠲᠦᠮᠡᠨ ᠥᠬᠢᠨ᠎ᠢ ᠠᠪᠤᠷᠠᠬᠤ᠎ᠪᠠᠷ ᠣᠷᠤᠯᠳᠤᠨ᠎ᠠ》 ᠭᠡᠵᠦ ᠬᠡᠯᠡᠪᠡ᠃ ᠱᠠᠾᠠᠷᠢᠽᠠᠳᠠ ᠤᠷᠳᠤᠨ᠎ᠳᠤ ᠣᠷᠤᠭᠰᠠᠨ᠎ᠤ ᠳᠠᠷᠠᠭ᠎ᠠ ᠣᠷᠤᠢ ᠪᠣᠯᠭᠠᠨ ᠤᠯᠤᠰ᠎ᠤᠨ ᠸᠠᠩ᠎ᠳᠤ ᠨᠢᠭᠡ ᠦᠯᠢᠭᠡᠷ ᠶᠠᠷᠢᠵᠤ ᠥᠭᠭᠦᠨ᠎ᠡ᠂ ᠭᠡᠪᠡᠴᠦ ᠲᠡᠷᠡ ᠬᠠᠷᠢᠨ ᠣᠷᠤᠢ ᠪᠣᠯᠭᠠᠨ ᠶᠠᠷᠢᠵᠤ᠂ ᠵᠥᠪᠬᠡᠨ ᠡᠬᠢᠯᠡᠯᠲᠡ ᠪᠣᠯᠤᠨ ᠳᠤᠮᠳᠠ᠎ᠨᠢ ᠶᠠᠷᠢᠵᠤ᠂ ᠲᠡᠭᠦᠰᠬᠡᠯ᠎ᠢ᠎ᠨᠢ ᠶᠠᠷᠢᠬᠤ᠎ᠦᠭᠡᠢ᠃ ᠤᠯᠤᠰ᠎ᠤᠨ ᠸᠠᠩ ᠦᠯᠢᠭᠡᠷ᠎ᠦᠨ ᠲᠡᠭᠦᠰᠬᠡᠯ᠎ᠢ ᠰᠣᠨᠤᠰᠭᠤ᠎ᠶᠢᠨ ᠲᠥᠯᠦᠭᠡ᠂ ᠱᠠᠾᠠᠷᠢᠽᠠᠳᠠ᠎ᠶᠢ ᠠᠯᠠᠬᠤ ᠡᠳᠦᠷ᠎ᠢ ᠨᠢᠭᠡ ᠡᠳᠦᠷ ᠨᠢᠭᠡ ᠡᠳᠦᠷ ᠬᠣᠢᠱᠢᠯᠠᠭᠤᠯᠪᠠ᠃ ᠢᠩᠭᠢᠭᠡᠳ ᠱᠠᠾᠠᠷᠢᠽᠠᠳᠠ ᠡᠳᠦᠷ ᠪᠦᠷᠢ ᠨᠢᠭᠡ ᠦᠯᠢᠭᠡᠷ ᠶᠠᠷᠢᠵᠤ᠂ ᠲᠡᠭᠦᠨ᠎ᠦ ᠦᠯᠢᠭᠡᠷ᠎ᠨᠢ ᠬᠢᠵᠠᠭᠠᠷ᠎ᠦᠭᠡᠢ ᠶᠡᠬᠡ ᠪᠠᠢᠵᠤ᠂ ᠨᠢᠭᠡ᠎ᠨᠢ ᠨᠢᠭᠡ᠎ᠡᠴᠡ᠎ᠪᠡᠨ ᠰᠠᠢᠬᠠᠨ ᠪᠠᠢᠵᠤ᠂ ᠮᠢᠩᠭ᠎ᠠ ᠨᠢᠭᠡ ᠰᠥᠨᠢ ᠬᠦᠷᠲᠡᠯ᠎ᠡ ᠶᠠᠷᠢᠭᠠᠳ᠂ ᠡᠴᠦᠰ᠎ᠲᠦ᠎ᠪᠡᠨ ᠤᠯᠤᠰ᠎ᠤᠨ ᠸᠠᠩ᠎ᠢ ᠳᠣᠭᠳᠤᠯᠤᠭᠤᠯᠪᠠ᠃ ᠱᠠᠾᠢᠶᠠᠷ᠄ 《ᠪᠢ ᠴᠢᠮ᠎ᠡ᠎ᠶᠢ ᠠᠯᠠᠬᠤ᠎ᠦᠭᠡᠢ ᠭᠡᠵᠦ ᠵᠣᠷᠢᠭ ᠱᠢᠭᠤᠳᠤᠨ᠎ᠠ ᠂ ᠴᠢᠨᠦ ᠦᠯᠢᠭᠡᠷ ᠨᠠᠮ᠎ᠠ᠎ᠶᠢ ᠳᠣᠭᠳᠤᠯᠤᠭᠤᠯᠪᠠ᠃ ᠪᠢ ᠡᠳᠡᠭᠡᠷ ᠦᠯᠢᠭᠡᠷ᠎ᠢ ᠲᠡᠮᠳᠡᠭᠯᠡᠵᠦ ᠠᠪᠤᠭᠠᠳ ᠡᠭᠦᠷᠢᠳᠡ ᠬᠠᠳᠠᠭᠠᠯᠠᠨ᠎ᠠ》 ᠭᠡᠵᠡᠢ᠃ ᠢᠩᠭᠢᠭᠡᠳ 《ᠮᠢᠩᠭ᠎ᠠ ᠨᠢᠭᠡ ᠰᠥᠨᠢ᠎ᠶᠢᠨ ᠦᠯᠢᠭᠡᠷ》 ᠪᠣᠢ ᠪᠤᠯᠤᠭᠰᠠᠨ ᠭᠡᠨ᠎ᠡ᠃

  《ᠮᠢᠩᠭ᠎ᠠ ᠪᠥᠭᠡᠳ ᠨᠢᠭᠡ ᠰᠥᠨᠢ᠎ᠶᠢᠨ ᠦᠯᠢᠭᠡᠷ》 ᠪᠣᠯ ᠠᠷᠠᠪ ᠵᠢᠴᠢ ᠲᠡᠭᠦᠨ᠎ᠦ ᠣᠢᠷ᠎ᠠ ᠬᠠᠪᠢ᠎ᠶᠢᠨ ᠭᠠᠵᠠᠷ ᠣᠷᠤᠨ᠎ᠤ ᠡᠯ᠎ᠡ ᠤᠯᠤᠰ᠎ᠤᠨ ᠠᠷᠠᠳ ᠲᠦᠮᠡᠨ᠎ᠦ ᠬᠠᠮᠲᠤ᠎ᠶᠢᠨ ᠪᠦᠲᠦᠭᠡᠯ᠎ᠶᠦᠮ᠃ ᠠᠯᠢ ᠡᠷᠲᠡ ᠨᠡᠢᠲᠡ᠎ᠶᠢᠨ ᠣᠨ ᠲᠣᠭᠠᠯᠠᠯ᠎ᠤᠨ 6᠎ᠳ᠋ᠤᠭᠠᠷ ᠵᠠᠭᠤᠨ᠎ᠳᠤ᠂ ᠡᠨᠡᠳᠬᠡᠭ᠂ ᠫᠠᠷᠢᠰ ᠵᠡᠷᠭᠡ ᠭᠠᠵᠠᠷ᠎ᠤᠨ ᠠᠷᠠᠳ᠎ᠤᠨ ᠦᠯᠢᠭᠡᠷ ᠢᠷᠠᠺ᠂ ᠱᠢᠷᠢᠶ᠎ᠡ ᠬᠦᠷᠲᠡᠯ᠎ᠡ ᠤᠯᠠᠮᠵᠢᠯᠠᠭᠳᠠᠪᠠ᠃ ᠨᠡᠢᠲᠡ᠎ᠶᠢᠨ ᠣᠨ ᠲᠣᠭᠠᠯᠠᠯ᠎ᠤᠨ 8᠎ᠳ᠋ᠤᠭᠠᠷ ᠵᠠᠭᠤᠨ᠎ᠤ ᠳᠤᠮᠳᠠᠴᠢ᠎ᠠᠴᠠ 9᠎ᠳ᠋ᠦᠭᠡᠷ ᠵᠠᠭᠤᠨ᠎ᠤ ᠳᠤᠮᠳᠠᠴᠢ ᠪᠣᠯᠲᠠᠯᠠᠬᠢ ᠬᠤᠭᠤᠴᠠᠭ᠎ᠠ ᠪᠣᠯ ᠠᠷᠠᠪ ᠬᠠᠭᠠᠨᠲᠤ ᠤᠯᠤᠰ᠎ᠤᠨ ᠮᠠᠨᠳᠤᠭᠰᠠᠨ ᠦᠶ᠎ᠡ ᠪᠣᠯᠤᠨ᠎ᠠ᠃ ᠡᠨᠡ ᠦᠶ᠎ᠡ᠎ᠳᠦ᠂ ᠠᠷᠠᠪ ᠦᠨᠳᠦᠰᠦᠲᠡᠨ᠎ᠦ ᠤᠤᠯ᠎ᠠᠴᠠ ᠪᠠᠢᠭᠰᠠᠨ ᠰᠣᠶᠤᠯ᠎ᠨᠢ ᠲᠡᠭᠦᠨ᠎ᠳᠦ ᠡᠵᠡᠯᠡᠭᠳᠡᠭᠰᠡᠨ ᠱᠢᠷᠢᠶ᠎ᠡ᠂ ᠶᠧᠵᠢᠫᠲ᠂ ᠬᠣᠶᠠᠷ ᠭᠣᠤᠯ᠎ᠤᠨ ᠰᠠᠪᠠ ᠭᠠᠵᠠᠷ ᠪᠣᠯᠤᠨ ᠫᠠᠷᠢᠰ ᠵᠡᠷᠭᠡ ᠭᠠᠵᠠᠷ᠎ᠤᠨ ᠰᠣᠶᠤᠯ᠎ᠤᠨ ᠨᠥᠯᠦᠭᠡ᠎ᠶᠢ ᠬᠦᠷᠲᠡᠵᠦ ᠭᠷᠧᠭ ᠪᠣᠯᠤᠨ ᠡᠨᠡᠳᠬᠡᠭ᠎ᠦᠨ ᠡᠷᠲᠡᠨ᠎ᠦ ᠰᠣᠶᠤᠯ᠎ᠢ ᠱᠢᠩᠭᠡᠭᠡᠨ ᠠᠪᠴᠤ᠂ ᠳᠤᠮᠳᠠᠳᠤ ᠵᠠᠭᠤᠨ᠎ᠤ ᠠᠷᠠᠪ᠎ᠤᠨ ᠭᠡᠷᠡᠯ ᠰᠠᠴᠤᠷᠠᠩᠭᠤᠢ ᠱᠢᠨ᠎ᠡ ᠰᠣᠶᠤᠯ᠎ᠢ ᠡᠭᠦᠳᠦᠨ ᠪᠦᠲᠦᠭᠡᠭᠰᠡᠨ ᠪᠠᠢᠨ᠎ᠠ᠃ ᠡᠨᠡ ᠦᠶ᠎ᠡ᠎ᠳᠦ 《ᠮᠢᠩᠭ᠎ᠠ ᠪᠥᠭᠡᠳ ᠨᠢᠭᠡ ᠰᠥᠨᠢ᠎ᠶᠢᠨ ᠦᠯᠢᠭᠡᠷ》 ᠭᠠᠷ ᠪᠢᠴᠢᠮᠡᠯ ᠳᠡᠪᠲᠡᠷ  ᠤᠯᠠᠮᠵᠢᠯᠠᠭᠳᠠᠨ ᠡᠬᠢᠯᠡᠵᠦ᠂ ᠬᠣᠵᠢᠮ᠎ᠨᠢ ᠮᠠᠱᠢ ᠣᠯᠠᠨ ᠵᠦᠢᠯ᠎ᠢ ᠨᠡᠮᠡᠵᠦ ᠨᠥᠬᠦᠵᠦ ᠡᠮᠬᠢᠳᠬᠡᠭᠡᠳ᠂ ᠪᠠᠷᠤᠭ 16᠎ᠳ᠋ᠤᠭᠠᠷ ᠵᠠᠭᠤᠨ ᠪᠣᠯᠬᠤ᠎ᠳᠤ ᠶᠧᠵᠢᠫᠲ᠎ᠲᠦ ᠦᠨᠳᠦᠰᠦᠨ᠎ᠳ᠋ᠦ᠎ᠪᠡᠨ ᠬᠡᠯᠪᠡᠷᠢᠵᠢᠨ ᠲᠣᠭᠲᠠᠭᠰᠠᠨ ᠪᠠᠢᠨ᠎ᠠ᠃

  ᠭᠠᠷᠴᠠᠭ᠄

  ᠱᠠᠾᠢᠶᠠᠷ ᠬᠠᠭᠠᠨ ᠪᠣᠯᠤᠨ ᠱᠠᠾᠷᠢᠽᠠᠳᠠ᠎ᠶᠢᠨ ᠲᠡᠦᠬᠡ

  1. ᠬᠤᠳᠠᠯᠳᠤᠭᠠᠴᠢᠨ ᠪᠠ ᠲᠡᠭᠦᠨ᠎ᠦ ᠡᠬᠡᠨᠡᠷ

  2. ᠵᠢᠭᠠᠰᠤᠴᠢᠨ᠂ ᠪᠢᠷᠢᠳ ᠬᠣᠶᠠᠷ

  3. ᠠᠴᠢᠶ᠎ᠠ ᠵᠥᠭᠡᠭᠡᠭᠴᠢ᠎ᠶᠢᠨ ᠲᠤᠬᠠᠢ ᠦᠯᠢᠭᠡᠷ

  4. ᠨᠢᠭᠡᠳᠡᠬᠢ ᠪᠠᠳᠢᠷᠴᠢᠨ᠎ᠤ ᠦᠯᠢᠭᠡᠷ

  5. ᠬᠣᠶᠠᠳᠠᠬᠢ ᠪᠠᠳᠢᠷᠴᠢᠨ᠎ᠤ ᠦᠯᠢᠭᠡᠷ

  6. ᠭᠤᠷᠪᠠᠳᠠᠬᠢ ᠪᠠᠳᠢᠷᠴᠢᠨ᠎ᠤ ᠦᠯᠢᠭᠡᠷ

  7. ᠱᠢᠨᠪᠠᠳ᠋ ᠳᠠᠯᠠᠢᠴᠢᠨ ᠪᠣᠯᠤᠨ ᠱᠢᠨᠪᠠᠳ᠋ ᠠᠴᠢᠶ᠎ᠠ ᠵᠥᠭᠡᠭᠡᠭᠴᠢ᠎ᠶᠢᠨ ᠲᠤᠬᠠᠢ ᠦᠯᠢᠭᠡᠷ

  8. ᠠᠯᠯᠠᠳᠢᠨ᠎ᠤ ᠲᠤᠬᠠᠢ ᠦᠯᠢᠭᠡᠷ

  9. ᠠᠯᠢᠪᠠᠪᠠ ᠪᠠ ᠳᠥᠴᠢᠨ ᠳᠡᠭᠡᠷᠡᠮᠴᠢᠨ

  10. ᠲᠡᠭᠦᠰᠬᠡᠯ

  ᠴᠢ ᠶᠠᠭᠤ ᠭᠡᠵᠦ ᠪᠣᠳᠤᠵᠤ ᠪᠠᠢᠨ᠎ᠠ ᠪᠣᠢ

  ᠲᠡᠭᠦᠰᠬᠡᠯ᠎ᠦᠨ ᠦᠭᠡ

ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604