ᠳᠡᠯᠡᠬᠡᠢ᠎ᠶᠢᠨ ᠬᠡᠦᠬᠡᠳ᠎ᠤᠨ ᠰᠤᠩᠭᠤᠳᠠᠭ ᠤᠷᠠᠨ ᠵᠤᠬᠢᠶᠠᠯ᠎ᠤᠨ ᠲᠡᠭᠡᠵᠢᠰ — ᠡᠸᠦᠨ᠋ᠯᠢ᠎ᠶᠢᠨ ᠠᠨᠨᠢ

  • ᠬᠡᠪᠯᠡᠯ᠎ᠦᠨ ᠬᠣᠷᠢᠶ᠎ᠠ:ᠥᠪᠦᠷ ᠮᠣᠩᠭᠤᠯ᠎ᠤᠨ ᠰᠤᠷᠭᠠᠨ ᠬᠥᠮᠦᠵᠢᠯ᠎ᠦᠨ ᠬᠡᠪᠯᠡᠯ᠎ᠦᠨ ᠬᠣᠷᠢᠶ᠎ᠠ
  • ᠵᠣᠬᠢᠶᠠᠭᠴᠢ:[ᠺᠠᠨᠠᠳᠠ] ᠯᠦᠼᠢ ᠮᠠᠦ᠋ᠳ᠋ ᠮᠣᠨ᠋ᠲᠭᠤᠮᠸᠷᠢ
  • ᠬᠡᠪᠯᠡᠭᠰᠡᠨ ᠤᠳᠠᠭ᠎ᠠ:2013 ᠣᠨ᠎ᠤ 11 ᠰᠠᠷ᠎ᠠ
  • ᠠᠭᠤᠯᠭ᠎ᠠ᠎ᠶᠢᠨ ᠲᠣᠪᠴᠢ ᠲᠠᠨᠢᠯᠴᠠᠭᠤᠯᠭ᠎ᠠ

  《ᠳᠡᠯᠡᠬᠡᠢ᠎ᠶᠢᠨ ᠬᠡᠦᠬᠡᠳ᠎ᠤᠨ ᠰᠤᠩᠭᠤᠳᠠᠭ ᠤᠷᠠᠨ ᠵᠤᠬᠢᠶᠠᠯ᠎ᠤᠨ ᠲᠡᠭᠡᠵᠢᠰ》 ᠭᠡᠮᠡᠬᠦ 108 ᠲᠡᠪᠳᠡᠷ ᠪᠤᠯ ᠮᠠᠨ᠎ᠦ ᠤᠯᠤᠰ᠎ᠤᠨ 《ᠠᠷᠪᠠᠨ ᠬᠤᠶᠠᠳᠤᠭᠠᠷ ᠲᠠᠪᠤᠨ ᠵᠢᠯ᠎ᠤᠨ ᠲᠦᠯᠦᠪᠵᠢᠬᠦᠯᠬᠡ》᠎ᠶᠢᠨ ᠴᠦᠭᠡᠨ ᠲᠤᠭᠠᠲᠤ ᠦᠨᠳᠦᠰᠦᠲᠡᠨ᠎ᠤ ᠦᠭᠡ ᠬᠡᠯᠡ ᠦᠰᠦᠭ ᠪᠢᠴᠢᠭ᠎ᠢᠶᠠᠷ ᠬᠡᠪᠯᠡᠭᠦᠯᠬᠦ ᠢᠨᠵᠸᠨ᠋ᠸᠷᠢᠩ᠎ᠤᠨ ᠲᠦᠷᠦᠯ ᠵᠦᠢᠯ ᠮᠦᠨ᠃ ᠮᠤᠩᠭᠤᠯ ᠤᠯᠤᠰ᠎ᠤᠨ ᠨᠡᠷᠡᠲᠦ ᠤᠷᠴᠢᠭᠤᠯᠤᠭᠴᠢᠳ᠎ᠦᠨ ᠳᠡᠯᠡᠬᠡᠢ᠎ᠵᠢᠨ ᠠᠯᠳᠠᠷᠳᠤ ᠬᠡᠦᠬᠡᠳ᠎ᠤᠨ ᠤᠷᠠᠨ ᠵᠤᠬᠢᠶᠠᠯ᠎ᠡᠴᠡ ᠰᠤᠩᠭᠤᠨ ᠤᠷᠴᠢᠭᠤᠯᠤᠭᠠᠳ ᠺᠢᠷᠢᠯ ᠦᠰᠦᠭ᠎ᠢᠶᠠᠷ ᠬᠡᠪᠯᠡᠬᠦᠯᠦᠭᠰᠡᠨ ᠨᠤᠮ᠎ᠦᠳ᠎ᠢ ᠦᠪᠦᠷ ᠮᠤᠩᠭᠤᠯ᠎ᠤᠨ ᠰᠤᠷᠭᠠᠨ ᠬᠦᠮᠦᠵᠢᠯ᠎ᠤᠨ ᠬᠡᠪᠯᠡᠯ᠎ᠤᠨ ᠬᠤᠷᠢᠶᠠᠨ᠎ᠤ ᠬᠢᠨ ᠤᠢᠭᠤᠷᠵᠢᠨ ᠮᠤᠩᠭᠤᠯ ᠦᠰᠦᠭ ᠲᠣ᠌ ᠬᠦᠷᠪᠡᠬᠦᠯᠵᠤ ᠬᠡᠪᠯᠡᠭᠦᠯᠦᠭᠰᠡᠨ᠎ᠶᠤᠮ᠃ ᠲᠤᠰ ᠴᠤᠪᠤᠷᠠᠯ᠎ᠳᠦ ᠭᠤᠤᠯᠳᠠᠭᠤ ᠦᠯᠢᠭᠡᠷ᠂ ᠶᠤᠭᠲᠠ ᠦᠯᠢᠭᠡᠷ᠂ ᠦᠭᠦᠯᠡᠯᠭᠡ᠂ ᠬᠡᠦᠬᠡᠳ᠎ᠤᠨ ᠦᠯᠢᠭᠡᠷ ᠵᠡᠷᠬᠡ᠎ᠶᠢ ᠪᠠᠭᠳᠠᠭᠠᠵᠤ᠂ ᠡᠳᠡᠬᠡᠷ ᠦᠯᠢᠭᠡᠷ ᠲᠤᠮᠤᠭ᠎ᠨᠢ ᠬᠡᠤᠬᠡᠳ ᠪᠠᠭᠠᠴᠤᠳ ᠳᠡᠯᠡᠬᠡᠢ᠎ᠵᠢᠨ ᠤᠯᠠᠨ ᠦᠨᠳᠦᠰᠦᠳᠡᠨ᠎ᠦ ᠰᠤᠶᠤᠯ ᠵᠠᠩ ᠦᠢᠯᠡ ᠳᠠᠢ ᠳᠠᠨᠢᠯᠴᠠᠬᠤ᠎ᠳᠦ ᠬᠦᠬᠦᠷᠬᠡ ᠪᠤᠯᠬᠤ ᠳᠡᠳᠦᠢ ᠪᠢᠰᠢ᠂ ᠬᠠᠷᠢᠨ ᠤᠷᠠᠨ ᠵᠤᠬᠢᠶᠠᠯ᠎ᠦᠨ ᠮᠡᠳᠡᠯᠬᠡ ᠪᠤᠯᠪᠠᠰᠤᠷᠠᠯ ᠵᠢᠡᠨ ᠳᠡᠬᠡᠭᠱᠢᠯᠡᠬᠦᠯᠬᠦ᠎ᠳᠦ ᠮᠠᠱᠢ ᠶᠡᠬᠡ ᠠᠴᠢ ᠬᠤᠯᠪᠤᠭᠳᠠᠯ ᠳᠠᠢ ᠪᠤᠯᠬᠤ᠎ᠨᠢ ᠭᠠᠷᠴᠠᠭ᠎ᠠ ᠦᠬᠡᠢ ᠶᠤᠮ᠃

  ᠲᠤᠰ ᠨᠣᠮ᠎ᠨᠢ 《ᠨᠠᠢ᠍ᠮᠠᠳᠤᠭᠠᠷ ᠰᠠᠷ᠎ᠠ᠎ᠶᠢᠨ ᠨᠠᠷᠠ ᠱᠢᠷᠠᠭᠰᠠᠨ ᠨᠠᠯᠠᠭᠠᠷ ᠳᠤᠯᠠᠭᠠᠨ ᠡᠳᠦᠷ ᠠᠵᠢ᠂ ᠰᠡᠪᠱᠢᠶ᠎ᠡ ᠰᠠᠯᠬᠢ ᠦᠯᠢᠶᠡᠭᠰᠡᠨ ᠲᠡᠭᠷᠢ᠎ᠳᠦ ᠥᠴᠦᠬᠡᠨ᠎ᠴᠦ ᠡᠭᠦᠯᠡ᠎ᠦᠭᠡᠢ᠂ ᠳᠥᠩᠭᠡᠵᠢ ᠠᠷᠪᠠᠨ ᠵᠢᠷᠭᠤᠭᠠᠨ ᠨᠠᠰᠤ᠎ᠲᠠᠢ ᠪᠣᠯᠪᠠᠴᠤ ᠲᠣᠭᠲᠠᠭᠤᠨ ᠰᠠᠭᠠᠷᠠᠯ ᠨᠢᠳᠦ᠎ᠲᠡᠢ᠂ ᠤᠷᠲᠤ ᠬᠦᠷᠡᠩ ᠦᠰᠦ᠎ᠲᠡᠢ ᠥᠬᠢᠨ᠂ ᠬᠠᠨ ᠬᠦᠦ ᠡᠳ᠋ᠸᠷᠳ᠋᠎ᠦᠨ ᠠᠷᠠᠯ᠎ᠳᠠᠬᠢ ᠭᠡᠷ᠎ᠦ᠋ᠨ᠎ᠢᠶ᠋ᠡᠨ ᠡᠭᠦᠳᠡᠨ᠎ᠳᠦ ᠰᠠᠭᠤᠨ᠎ᠠ᠃ ᠠᠨᠨᠢ ᠱᠢᠷᠯᠸᠢ ᠢᠷᠠᠭᠤ ᠨᠠᠢᠷᠠᠭ ᠤᠩᠱᠢᠵᠤ ᠰᠠᠭᠤᠯ᠎ᠠ》 ᠭᠡᠮᠡᠨ ᠡᠬᠢᠯᠡᠳᠡᠭ᠃ ᠠᠨᠨᠢ ᠪᠤᠯ ᠨᠢᠭᠡᠨ ᠤᠯᠠᠭᠠᠨ ᠭᠡᠵᠢᠭᠡ᠎ᠲᠡᠢ ᠥᠬᠢᠨ᠂ ᠲᠡᠷᠡ ᠪᠣᠯ ᠥᠨᠦᠴᠢᠨ ᠬᠡᠦᠬᠡᠳ᠃ ᠲᠡᠷᠡ ᠮᠠᠱᠢ ᠶᠡᠬᠡ ᠪᠠᠶᠠᠯᠢᠭ ᠲᠥᠰᠦᠭᠡᠯᠡᠨ ᠪᠣᠳᠤᠯᠲᠠ ᠪᠠ ᠲᠥᠷᠦᠯᠬᠢ ᠣᠶᠤᠨ ᠤᠬᠠᠭᠠᠨ᠎ᠲᠠᠢ ᠪᠠᠢᠳᠠᠭ᠃ ᠲᠤᠰ ᠨᠣᠮ ᠪᠤᠯ ᠳᠠᠷᠤᠢ ᠡᠨᠡ᠎ᠬᠦ ᠨᠣᠮ᠎ᠤᠨ ᠠᠭᠤᠯᠭ᠎ᠠ᠎ᠶᠢ ᠬᠡᠦᠬᠡᠳ ᠪᠠᠭᠠᠴᠤᠳ᠎ᠲᠤ ᠵᠣᠷᠢᠭᠤᠯᠤᠨ ᠪᠢᠴᠢᠭᠰᠡᠨ ᠲᠣᠪᠴᠢᠯᠠᠭᠰᠠᠨ ᠠᠭᠤᠯᠭ᠎ᠠ ᠪᠦᠬᠦᠢ ᠨᠣᠮ ᠪᠤᠯᠤᠨ᠎ᠠ᠃

  ᠭᠠᠷᠴᠠᠭ᠄

  1. ᠬᠡᠳᠡᠷ ᠬᠥᠷᠱᠢ

  2. ᠳ᠋ᠤᠯᠯᠢ ᠳᠠᠬᠢᠨ ᠵᠢᠭᠤᠲᠠᠭᠰᠠᠨ ᠨᠢ

  3. ᠨᠣᠶᠠᠨ ᠾᠠᠷᠢᠰᠤᠨ᠎ᠤ ᠭᠡᠷ᠎ᠲᠦ

  4. ᠪᠠᠭᠱᠢ᠎ᠶᠢᠨ ᠱᠢᠨ᠎ᠡ ᠠᠮᠢᠳᠤᠷᠠᠯ

  5. ᠠᠨᠨᠢ᠂ ᠭᠢᠯᠢᠪᠸᠷᠲ ᠨᠠᠷ᠎ᠤᠨ ᠲᠥᠯᠦᠪᠯᠡᠭᠡ

  6. ᠮᠸᠷᠢᠯᠯᠢ ᠢᠬᠡᠷ᠎ᠡ᠎ᠨᠦᠭᠦᠳ᠎ᠢ ᠠᠪᠴᠢᠷᠠᠯ᠎ᠠ

  7. ᠨᠡᠢᠲᠡ᠎ᠶᠢᠨ ᠲᠠᠩᠬᠢᠮ᠎ᠤᠨ ᠪᠤᠳᠤᠯᠢᠶᠠᠨ

  9. ᠠᠮᠠᠷᠠᠯᠲᠠ ᠡᠬᠢᠯᠡᠯ᠎ᠡ

  10. ᠬᠠᠷ᠎ᠠ ᠡᠳᠦᠷ

  11. ᠲᠤᠷᠢᠭ᠎ᠤᠨ ᠵᠠᠮ᠎ᠳᠠᠬᠢ ᠠᠳᠠᠯ ᠶᠠᠪᠤᠳᠠᠯ

  12. ᠫᠣᠯ ᠢᠷᠸᠢᠩ᠎ᠲᠡᠢ ᠬᠠᠮᠲᠤ ᠴᠠᠶᠢᠯᠠᠪᠠ

  13. ᠵᠠᠷᠢᠮ᠎ᠳ᠋ᠤ᠎ᠪᠠᠨ ᠲᠣᠬᠢᠶᠠᠯᠳᠤᠳᠠᠭ ᠭᠡᠨᠡᠳᠲᠡ᠎ᠶᠢᠨ ᠶᠠᠪᠤᠳᠠᠯ

  14. ᠯᠠᠤᠸᠨ᠋ᠳ᠋ᠸᠷ ᠬᠠᠲᠤᠭᠲᠠᠢ

  15. ᠬᠠᠲᠤᠭᠲᠠᠢ ᠯᠠᠤᠸᠨ᠋ᠳ᠋ᠸᠷ᠎ᠤᠨ ᠮᠠᠷᠲᠠᠭᠳᠠᠭᠰᠠᠨ ᠬᠠᠢᠷ᠎ᠠ

  16. ᠠᠶᠤᠯᠲᠠᠢ ᠱᠢᠭᠤᠷᠭ᠎ᠠ

  17. ᠪᠠᠰᠠ ᠨᠢᠭᠡᠨ ᠥᠭᠡᠷᠡᠴᠢᠯᠡᠯᠲᠡ

  18. ᠬᠠᠨ ᠬᠦᠦ ᠪᠤᠴᠠᠵᠤ ᠢᠷᠡᠯ᠎ᠡ

  19. ᠢᠷᠠᠭᠤ ᠨᠠᠢᠷᠠᠭ ᠪᠠ ᠬᠦᠦᠷᠨᠢᠯ ᠵᠣᠬᠢᠶᠠᠯ

  ᠲᠡᠭᠦᠰᠬᠡᠯ᠎ᠦᠨ ᠦᠭᠡ

ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604