ᠳᠡᠯᠡᠬᠡᠢ᠎ᠶᠢᠨ ᠬᠡᠦᠬᠡᠳ᠎ᠤᠨ ᠰᠤᠩᠭᠤᠳᠠᠭ ᠤᠷᠠᠨ ᠵᠤᠬᠢᠶᠠᠯ᠎ᠤᠨ ᠲᠡᠭᠡᠵᠢᠰ — ᠡᠷᠳᠡᠨᠢ ᠨᠢᠭᠤᠭᠰᠠᠨ ᠠᠷᠠᠯ

  • ᠬᠡᠪᠯᠡᠯ᠎ᠦᠨ ᠬᠣᠷᠢᠶ᠎ᠠ:ᠥᠪᠦᠷ ᠮᠣᠩᠭᠤᠯ᠎ᠤᠨ ᠰᠤᠷᠭᠠᠨ ᠬᠥᠮᠦᠵᠢᠯ᠎ᠦᠨ ᠬᠡᠪᠯᠡᠯ᠎ᠦᠨ ᠬᠣᠷᠢᠶ᠎ᠠ
  • ᠵᠣᠬᠢᠶᠠᠭᠴᠢ:[ᠠᠩᠭ᠌ᠯᠢ] ᠷᠣᠪᠧᠷᠲ ᠯᠦᠢᠰ ᠰᠲ᠋ᠢᠸᠸᠨ᠋ᠰᠤᠨ
  • ᠬᠡᠪᠯᠡᠭᠰᠡᠨ ᠤᠳᠠᠭ᠎ᠠ:2013 ᠣᠨ᠎ᠤ 11 ᠰᠠᠷ᠎ᠠ
  • ᠠᠭᠤᠯᠭ᠎ᠠ᠎ᠶᠢᠨ ᠲᠣᠪᠴᠢ ᠲᠠᠨᠢᠯᠴᠠᠭᠤᠯᠭ᠎ᠠ

  《ᠳᠡᠯᠡᠬᠡᠢ᠎ᠶᠢᠨ ᠬᠡᠦᠬᠡᠳ᠎ᠤᠨ ᠰᠤᠩᠭᠤᠳᠠᠭ ᠤᠷᠠᠨ ᠵᠤᠬᠢᠶᠠᠯ᠎ᠤᠨ ᠲᠡᠭᠡᠵᠢᠰ》 ᠭᠡᠮᠡᠬᠦ 108 ᠲᠡᠪᠳᠡᠷ ᠪᠤᠯ ᠮᠠᠨ᠎ᠦ ᠤᠯᠤᠰ᠎ᠤᠨ 《ᠠᠷᠪᠠᠨ ᠬᠤᠶᠠᠳᠤᠭᠠᠷ ᠲᠠᠪᠤᠨ ᠵᠢᠯ᠎ᠤᠨ ᠲᠦᠯᠦᠪᠵᠢᠬᠦᠯᠬᠡ》᠎ᠶᠢᠨ ᠴᠦᠭᠡᠨ ᠲᠤᠭᠠᠲᠤ ᠦᠨᠳᠦᠰᠦᠲᠡᠨ᠎ᠤ ᠦᠭᠡ ᠬᠡᠯᠡ ᠦᠰᠦᠭ ᠪᠢᠴᠢᠭ᠎ᠢᠶᠠᠷ ᠬᠡᠪᠯᠡᠭᠦᠯᠬᠦ ᠢᠨᠵᠸᠨ᠋ᠸᠷᠢᠩ᠎ᠤᠨ ᠲᠦᠷᠦᠯ ᠵᠦᠢᠯ ᠮᠦᠨ᠃ ᠮᠤᠩᠭᠤᠯ ᠤᠯᠤᠰ᠎ᠤᠨ ᠨᠡᠷᠡᠲᠦ ᠤᠷᠴᠢᠭᠤᠯᠤᠭᠴᠢᠳ᠎ᠦᠨ ᠳᠡᠯᠡᠬᠡᠢ᠎ᠵᠢᠨ ᠠᠯᠳᠠᠷᠳᠤ ᠬᠡᠦᠬᠡᠳ᠎ᠤᠨ ᠤᠷᠠᠨ ᠵᠤᠬᠢᠶᠠᠯ᠎ᠡᠴᠡ ᠰᠤᠩᠭᠤᠨ ᠤᠷᠴᠢᠭᠤᠯᠤᠭᠠᠳ ᠺᠢᠷᠢᠯ ᠦᠰᠦᠭ᠎ᠢᠶᠠᠷ ᠬᠡᠪᠯᠡᠬᠦᠯᠦᠭᠰᠡᠨ ᠨᠤᠮ᠎ᠦᠳ᠎ᠢ ᠦᠪᠦᠷ ᠮᠤᠩᠭᠤᠯ᠎ᠤᠨ ᠰᠤᠷᠭᠠᠨ ᠬᠦᠮᠦᠵᠢᠯ᠎ᠤᠨ ᠬᠡᠪᠯᠡᠯ᠎ᠤᠨ ᠬᠤᠷᠢᠶᠠᠨ᠎ᠤ ᠬᠢᠨ ᠤᠢᠭᠤᠷᠵᠢᠨ ᠮᠤᠩᠭᠤᠯ ᠦᠰᠦᠭ ᠲᠣ᠌ ᠬᠦᠷᠪᠡᠬᠦᠯᠵᠤ ᠬᠡᠪᠯᠡᠭᠦᠯᠦᠭᠰᠡᠨ᠎ᠶᠤᠮ᠃ ᠲᠤᠰ ᠴᠤᠪᠤᠷᠠᠯ᠎ᠳᠦ ᠭᠤᠤᠯᠳᠠᠭᠤ ᠦᠯᠢᠭᠡᠷ᠂ ᠶᠤᠭᠲᠠ ᠦᠯᠢᠭᠡᠷ᠂ ᠦᠭᠦᠯᠡᠯᠭᠡ᠂ ᠬᠡᠦᠬᠡᠳ᠎ᠤᠨ ᠦᠯᠢᠭᠡᠷ ᠵᠡᠷᠬᠡ᠎ᠶᠢ ᠪᠠᠭᠳᠠᠭᠠᠵᠤ᠂ ᠡᠳᠡᠬᠡᠷ ᠦᠯᠢᠭᠡᠷ ᠲᠤᠮᠤᠭ᠎ᠨᠢ ᠬᠡᠤᠬᠡᠳ ᠪᠠᠭᠠᠴᠤᠳ ᠳᠡᠯᠡᠬᠡᠢ᠎ᠵᠢᠨ ᠤᠯᠠᠨ ᠦᠨᠳᠦᠰᠦᠳᠡᠨ᠎ᠦ ᠰᠤᠶᠤᠯ ᠵᠠᠩ ᠦᠢᠯᠡ ᠳᠠᠢ ᠳᠠᠨᠢᠯᠴᠠᠬᠤ᠎ᠳᠦ ᠬᠦᠬᠦᠷᠬᠡ ᠪᠤᠯᠬᠤ ᠳᠡᠳᠦᠢ ᠪᠢᠰᠢ᠂ ᠬᠠᠷᠢᠨ ᠤᠷᠠᠨ ᠵᠤᠬᠢᠶᠠᠯ᠎ᠦᠨ ᠮᠡᠳᠡᠯᠬᠡ ᠪᠤᠯᠪᠠᠰᠤᠷᠠᠯ ᠵᠢᠡᠨ ᠳᠡᠬᠡᠭᠱᠢᠯᠡᠬᠦᠯᠬᠦ᠎ᠳᠦ ᠮᠠᠱᠢ ᠶᠡᠬᠡ ᠠᠴᠢ ᠬᠤᠯᠪᠤᠭᠳᠠᠯ ᠳᠠᠢ ᠪᠤᠯᠬᠤ᠎ᠨᠢ ᠭᠠᠷᠴᠠᠭ᠎ᠠ ᠦᠬᠡᠢ ᠶᠤᠮ᠃

  《ᠡᠷᠳᠡᠨᠢ ᠨᠢᠭᠤᠭᠰᠠᠨ ᠠᠷᠠᠯ》 ᠪᠣᠯ ᠠᠩᠭ᠌ᠯᠢ᠎ᠶᠢᠨ ᠲᠤᠭᠤᠵᠢᠰ᠎ᠤᠨ ᠵᠣᠬᠢᠶᠠᠯᠴᠢ ᠷᠣᠪᠧᠷᠲ ᠯᠦᠢᠰ ᠰᠲ᠋ᠢᠸᠸᠨ᠋ᠰᠤᠨ ᠎ᠤ 1881 ᠣᠨ᠎ᠳᠤ ᠵᠣᠬᠢᠶᠠᠨ ᠪᠦᠲᠦᠭᠡᠭᠰᠡᠨ ᠷᠣᠮᠠᠨ᠎ᠶᠤᠮ᠃ 1881 ᠣᠨ᠎ᠤ 10 ᠰᠠᠷ᠎ᠠ᠎ᠠᠴᠠ 1882 ᠣᠨ᠎ᠤ 1 ᠰᠠᠷ᠎ᠠ ᠪᠣᠯᠲᠠᠯ᠎ᠠ ᠵᠣᠬᠢᠶᠠᠯ ᠪᠦᠲᠦᠭᠡᠯ᠎ᠨᠢ 《ᠡᠷᠳᠡᠨᠢ ᠨᠢᠭᠤᠭᠰᠠᠨ ᠠᠷᠠᠯ ᠪᠤᠶᠤ ᠢᠰᠪᠠᠨᠤᠯᠠ ᠨᠡᠷᠡᠮᠵᠢᠲᠦ ᠣᠩᠭᠤᠴᠠᠨ᠎ᠤ ᠤᠷᠪᠠᠯᠭᠠᠨ》 ᠭᠡᠳᠡᠭ ᠭᠠᠷᠴᠠᠭ᠎ᠢᠶ᠋ᠠᠷ 《ᠵᠠᠯᠠᠭᠤ ᠬᠥᠮᠦᠰ》 ᠭᠡᠳᠡᠭ ᠰᠡᠳᠬᠦᠯ᠎ᠳᠦ ᠴᠤᠪᠤᠷᠠᠯ᠎ᠢᠶ᠋ᠠᠷ ᠨᠡᠢᠲᠡᠯᠡᠭᠳᠡᠵᠡᠢ᠃ ᠵᠣᠬᠢᠶᠠᠭᠴᠢ᠎ᠶᠢᠨ ᠨᠡᠷ᠎ᠡ᠎ᠪᠡᠨ 《ᠵᠣᠷᠵᠢ ᠨᠦᠸᠢᠰ ᠣᠩᠭᠤᠴᠠᠨ ᠳᠠᠷᠤᠭ᠎ᠠ》 ᠭᠡᠮᠡᠨ ᠪᠢᠴᠢᠭᠰᠡᠨ ᠪᠠᠢᠳᠠᠭ᠃ 1883 ᠣᠨ᠎ᠳᠤ ᠳᠠᠩ ᠳᠡᠪᠲᠡᠷ᠎ᠢᠶ᠋ᠡᠷ ᠬᠡᠪᠯᠡᠭᠳᠡᠪᠡ᠃

  《ᠡᠷᠳᠡᠨᠢ ᠨᠢᠭᠤᠭᠰᠠᠨ ᠠᠷᠠᠯ》᠎ᠳᠤ 18᠎ᠳ᠋ᠤᠭᠠᠷ ᠵᠠᠭᠤᠨ᠎ᠤ ᠳᠤᠮᠳᠠᠴᠢ᠎ᠪᠠᠷ ᠠᠩᠭ᠌ᠯᠢ᠎ᠶᠢᠨ ᠵᠠᠯᠠᠭᠤ ᠵᠢᠮ ᠪᠢᠯᠯᠢ᠎ᠶᠢᠨ ᠭᠠᠷ᠎ᠠᠴᠠ ᠳᠣᠮᠤᠭ ᠶᠠᠷᠢᠶᠠᠨ᠎ᠳᠠᠬᠢ ᠡᠷᠳᠡᠨᠢᠰ᠎ᠦᠨ ᠵᠢᠷᠤᠭ᠎ᠢ ᠣᠯᠵᠤ᠂ ᠲᠤᠬᠠᠢ᠎ᠶᠢᠨ ᠭᠠᠵᠠᠷ᠎ᠤᠨ ᠨᠤᠲᠤᠭ᠎ᠤᠨ ᠡᠷᠬᠡᠲᠡᠨ᠎ᠦ ᠳᠡᠮᠵᠢᠯᠭᠡ ᠳᠣᠤᠷ᠎ᠠ ᠪᠠᠷᠲᠠᠭ᠎ᠠ ᠱᠢᠨᠵᠢᠯᠡᠬᠦ ᠠᠩᠭᠢ᠎ᠶᠢ ᠵᠣᠬᠢᠶᠠᠨ ᠪᠠᠢᠭᠤᠯᠤᠨ ᠡᠷᠳᠡᠨᠢ ᠨᠢᠭᠤᠭᠰᠠᠨ ᠠᠷᠠᠯ ᠵᠦᠭ ᠮᠣᠷᠳᠠᠵᠠᠢ᠃ ᠲᠡᠭᠡᠭᠡᠳ ᠣᠯᠠᠨ᠎ᠢᠶᠠᠷ᠎ᠢᠶ᠋ᠠᠨ ᠣᠶᠤᠨ ᠤᠬᠠᠭᠠᠨ᠎ᠢᠶ᠋ᠠᠷ᠎ᠢᠶ᠋ᠠᠨ ᠳᠠᠯᠠᠢ᠎ᠶᠢᠨ ᠳᠡᠭᠡᠷᠡᠮ᠎ᠲᠡᠢ ᠲᠡᠮᠡᠴᠡᠵᠦ᠂ ᠡᠴᠦᠰ᠎ᠲᠦ᠎ᠪᠡᠨ ᠤᠷᠪᠠᠯᠭᠠᠨ᠎ᠢ ᠲᠦᠪᠱᠢᠳᠬᠡᠵᠦ ᠪᠠᠰᠠ ᠠᠮᠵᠢᠯᠲᠠ᠎ᠲᠠᠢ᠎ᠪᠠᠷ ᠡᠳ᠋ ᠡᠷᠳᠡᠨᠢᠰ ᠣᠯᠤᠭᠰᠠᠨ ᠦᠯᠢᠭᠡᠷ᠎ᠢ ᠪᠢᠴᠢᠳᠡᠭ᠃ ᠵᠣᠬᠢᠶᠠᠯ᠎ᠤᠨ ᠦᠢᠯᠡ ᠶᠠᠪᠤᠳᠠᠯ᠎ᠨᠢ ᠠᠩᠭ᠌ᠯᠢ ᠤᠯᠤᠰ᠎ᠲᠤ 《ᠠᠳ᠋ᠮᠢᠷᠠᠯ ᠪᠸᠨ᠋ᠪᠤᠤ᠋》 ᠭᠡᠳᠡᠭ ᠵᠢᠵᠢᠭᠬᠡᠨ ᠪᠠᠭᠤᠷᠴᠢ᠎ᠶᠢᠨ ᠭᠠᠵᠠᠷ ᠥᠨᠢᠷᠳᠡᠭ᠃ ᠵᠣᠬᠢᠶᠠᠯ᠎ᠤᠨ ᠭᠣᠤᠯ ᠪᠠᠭᠠᠲᠤᠷ᠂ ᠪᠠᠭᠤᠷᠴᠢ᠎ᠶᠢᠨ ᠭᠠᠵᠠᠷ᠎ᠤᠨ ᠡᠵᠡᠨ᠎ᠦ ᠬᠦᠦ᠃ ᠵᠢᠮ ᠾᠤᠦ᠋ᠺᠢᠨᠰ᠎ᠦᠨ ᠥᠭᠦᠯᠡᠮᠵᠢ ᠮᠠᠶᠢᠭ᠎ᠢᠶ᠋ᠠᠷ ᠪᠢᠴᠢᠭᠳᠡᠳᠡᠭ᠃

  ᠭᠠᠷᠴᠠᠭ᠄

  1. ᠬᠠᠭᠤᠴᠢᠨ ᠲᠠᠩᠭᠢᠰ᠎ᠤᠨ ᠨᠣᠬᠠᠢ 《ᠠᠳ᠋ᠮᠢᠷᠠᠯ ᠪᠸᠨ᠋ᠪᠦᠦ᠋》

  2. ᠬᠠᠷ᠎ᠠ ᠨᠣᠬᠠᠢ ᠦᠵᠡᠭᠳᠡᠭᠡᠳ ᠠᠯᠠᠭ᠎ᠠ ᠪᠣᠯᠪᠠ

  3. ᠬᠠᠷ᠎ᠠ ᠴᠡᠭ

  4. ᠳᠠᠯᠠᠢᠴᠢᠨ᠎ᠤ ᠠᠪᠳᠠᠷ᠎ᠠ

  5. ᠰᠣᠬᠤᠷ ᠬᠥᠮᠦᠨ᠎ᠦ ᠲᠡᠭᠦᠰᠬᠡᠯ

  6. ᠠᠬᠠᠮᠠᠳ᠎ᠤᠨ ᠪᠢᠴᠢᠭ ᠴᠠᠭᠠᠰᠤ᠎ᠨᠤᠭᠤᠳ

  7. ᠪᠷᠢᠰᠲ᠋ᠤᠯ ᠤᠷᠤᠭᠤ

  8. ᠳᠤᠷᠠᠨ

  9. ᠳᠠᠷᠢ ᠪᠠ ᠵᠡᠪᠰᠡᠭ

  10. ᠠᠶᠠᠯᠠᠯ

  11. ᠡᠬᠢᠨ᠎ᠦ ᠳᠡᠯᠪᠡᠷᠡᠯᠲᠡ

  12. ᠬᠥᠯᠭᠡ ᠣᠩᠭᠤᠴᠠ ᠬᠡᠷᠬᠢᠨ ᠰᠠᠭᠠᠳᠠᠭᠰᠠᠨ ᠲᠤᠬᠠᠢ ᠳ᠋ᠤᠺᠲ᠋ᠤᠷ᠎ᠤᠨ ᠶᠠᠷᠢᠶ᠎ᠠ

  13. ᠠᠴᠢᠶᠠᠨ᠎ᠤ ᠵᠠᠪᠢᠨ᠎ᠤ ᠰᠡᠭᠦᠯᠴᠢ᠎ᠶᠢᠨ ᠠᠶᠠᠯᠠᠯ᠎ᠤᠨ ᠲᠤᠬᠠᠢ ᠳ᠋ᠤᠺᠲ᠋ᠤᠷ᠎ᠤᠨ ᠶᠠᠷᠢᠶ᠎ᠠ

  14. ᠱᠢᠯᠸᠸᠷ᠎ᠦᠨ ᠡᠯᠴᠢᠨ ᠰᠠᠢᠳ᠎ᠤᠨ ᠶᠠᠮᠤᠨ

  15. ᠳᠠᠭᠠᠷᠢᠯᠲᠠ

  16. ᠮᠢᠨᠦ ᠠᠳᠠᠯ ᠶᠠᠪᠤᠳᠠᠯ᠎ᠤ᠋ᠳ

  17. ᠪᠢ ᠣᠯᠵᠠᠯᠠᠭᠳᠠᠪᠠ

  18. ᠳ᠋ᠤᠺᠲ᠋ᠤᠷ᠎ᠤᠨ ᠠᠢᠯᠴᠢᠯᠠᠯ

  ᠴᠢ ᠶᠠᠭᠤ ᠭᠡᠵᠦ ᠪᠣᠳᠤᠵᠤ ᠪᠠᠢᠨ᠎ᠠ ᠪᠣᠢ?

  ᠲᠡᠭᠦᠰᠬᠡᠯ᠎ᠦᠨ ᠦᠭᠡ

ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604