ᠳᠡᠯᠡᠬᠡᠢ᠎ᠶᠢᠨ ᠬᠡᠦᠬᠡᠳ᠎ᠤᠨ ᠰᠤᠩᠭᠤᠳᠠᠭ ᠤᠷᠠᠨ ᠵᠤᠬᠢᠶᠠᠯ᠎ᠤᠨ ᠲᠡᠭᠡᠵᠢᠰ — ᠷᠣᠪᠢᠨ ᠾᠦᠳ᠋᠎ᠦᠨ ᠠᠳᠠᠯ ᠶᠠᠪᠤᠳᠠᠯ

  • ᠬᠡᠪᠯᠡᠯ᠎ᠦᠨ ᠬᠣᠷᠢᠶ᠎ᠠ:ᠥᠪᠦᠷ ᠮᠣᠩᠭᠤᠯ᠎ᠤᠨ ᠰᠤᠷᠭᠠᠨ ᠬᠥᠮᠦᠵᠢᠯ᠎ᠦᠨ ᠬᠡᠪᠯᠡᠯ᠎ᠦᠨ ᠬᠣᠷᠢᠶ᠎ᠠ
  • ᠵᠣᠬᠢᠶᠠᠭᠴᠢ:[ᠹᠷᠠᠨᠼᠢ] ᠳ᠋ᠦᠮᠠᠰ ᠫᠸᠷ
  • ᠬᠡᠪᠯᠡᠭᠰᠡᠨ ᠤᠳᠠᠭ᠎ᠠ:2013 ᠣᠨ᠎ᠤ 11 ᠰᠠᠷ᠎ᠠ
  • ᠠᠭᠤᠯᠭ᠎ᠠ᠎ᠶᠢᠨ ᠲᠣᠪᠴᠢ ᠲᠠᠨᠢᠯᠴᠠᠭᠤᠯᠭ᠎ᠠ

  《ᠳᠡᠯᠡᠬᠡᠢ᠎ᠶᠢᠨ ᠬᠡᠦᠬᠡᠳ᠎ᠤᠨ ᠰᠤᠩᠭᠤᠳᠠᠭ ᠤᠷᠠᠨ ᠵᠤᠬᠢᠶᠠᠯ᠎ᠤᠨ ᠲᠡᠭᠡᠵᠢᠰ》 ᠭᠡᠮᠡᠬᠦ 108 ᠲᠡᠪᠳᠡᠷ ᠪᠤᠯ ᠮᠠᠨ᠎ᠦ ᠤᠯᠤᠰ᠎ᠤᠨ 《ᠠᠷᠪᠠᠨ ᠬᠤᠶᠠᠳᠤᠭᠠᠷ ᠲᠠᠪᠤᠨ ᠵᠢᠯ᠎ᠤᠨ ᠲᠦᠯᠦᠪᠵᠢᠬᠦᠯᠬᠡ》᠎ᠶᠢᠨ ᠴᠦᠭᠡᠨ ᠲᠤᠭᠠᠲᠤ ᠦᠨᠳᠦᠰᠦᠲᠡᠨ᠎ᠤ ᠦᠭᠡ ᠬᠡᠯᠡ ᠦᠰᠦᠭ ᠪᠢᠴᠢᠭ᠎ᠢᠶᠠᠷ ᠬᠡᠪᠯᠡᠭᠦᠯᠬᠦ ᠢᠨᠵᠸᠨ᠋ᠸᠷᠢᠩ᠎ᠤᠨ ᠲᠦᠷᠦᠯ ᠵᠦᠢᠯ ᠮᠦᠨ᠃ ᠮᠤᠩᠭᠤᠯ ᠤᠯᠤᠰ᠎ᠤᠨ ᠨᠡᠷᠡᠲᠦ ᠤᠷᠴᠢᠭᠤᠯᠤᠭᠴᠢᠳ᠎ᠦᠨ ᠳᠡᠯᠡᠬᠡᠢ᠎ᠵᠢᠨ ᠠᠯᠳᠠᠷᠳᠤ ᠬᠡᠦᠬᠡᠳ᠎ᠤᠨ ᠤᠷᠠᠨ ᠵᠤᠬᠢᠶᠠᠯ᠎ᠡᠴᠡ ᠰᠤᠩᠭᠤᠨ ᠤᠷᠴᠢᠭᠤᠯᠤᠭᠠᠳ ᠺᠢᠷᠢᠯ ᠦᠰᠦᠭ᠎ᠢᠶᠠᠷ ᠬᠡᠪᠯᠡᠬᠦᠯᠦᠭᠰᠡᠨ ᠨᠤᠮ᠎ᠦᠳ᠎ᠢ ᠦᠪᠦᠷ ᠮᠤᠩᠭᠤᠯ᠎ᠤᠨ ᠰᠤᠷᠭᠠᠨ ᠬᠦᠮᠦᠵᠢᠯ᠎ᠤᠨ ᠬᠡᠪᠯᠡᠯ᠎ᠤᠨ ᠬᠤᠷᠢᠶᠠᠨ᠎ᠤ ᠬᠢᠨ ᠤᠢᠭᠤᠷᠵᠢᠨ ᠮᠤᠩᠭᠤᠯ ᠦᠰᠦᠭ ᠲᠣ᠌ ᠬᠦᠷᠪᠡᠬᠦᠯᠵᠤ ᠬᠡᠪᠯᠡᠭᠦᠯᠦᠭᠰᠡᠨ᠎ᠶᠤᠮ᠃ ᠲᠤᠰ ᠴᠤᠪᠤᠷᠠᠯ᠎ᠳᠦ ᠭᠤᠤᠯᠳᠠᠭᠤ ᠦᠯᠢᠭᠡᠷ᠂ ᠶᠤᠭᠲᠠ ᠦᠯᠢᠭᠡᠷ᠂ ᠦᠭᠦᠯᠡᠯᠭᠡ᠂ ᠬᠡᠦᠬᠡᠳ᠎ᠤᠨ ᠦᠯᠢᠭᠡᠷ ᠵᠡᠷᠬᠡ᠎ᠶᠢ ᠪᠠᠭᠳᠠᠭᠠᠵᠤ᠂ ᠡᠳᠡᠬᠡᠷ ᠦᠯᠢᠭᠡᠷ ᠲᠤᠮᠤᠭ᠎ᠨᠢ ᠬᠡᠤᠬᠡᠳ ᠪᠠᠭᠠᠴᠤᠳ ᠳᠡᠯᠡᠬᠡᠢ᠎ᠵᠢᠨ ᠤᠯᠠᠨ ᠦᠨᠳᠦᠰᠦᠳᠡᠨ᠎ᠦ ᠰᠤᠶᠤᠯ ᠵᠠᠩ ᠦᠢᠯᠡ ᠳᠠᠢ ᠳᠠᠨᠢᠯᠴᠠᠬᠤ᠎ᠳᠦ ᠬᠦᠬᠦᠷᠬᠡ ᠪᠤᠯᠬᠤ ᠳᠡᠳᠦᠢ ᠪᠢᠰᠢ᠂ ᠬᠠᠷᠢᠨ ᠤᠷᠠᠨ ᠵᠤᠬᠢᠶᠠᠯ᠎ᠦᠨ ᠮᠡᠳᠡᠯᠬᠡ ᠪᠤᠯᠪᠠᠰᠤᠷᠠᠯ ᠵᠢᠡᠨ ᠳᠡᠬᠡᠭᠱᠢᠯᠡᠬᠦᠯᠬᠦ᠎ᠳᠦ ᠮᠠᠱᠢ ᠶᠡᠬᠡ ᠠᠴᠢ ᠬᠤᠯᠪᠤᠭᠳᠠᠯ ᠳᠠᠢ ᠪᠤᠯᠬᠤ᠎ᠨᠢ ᠭᠠᠷᠴᠠᠭ᠎ᠠ ᠦᠬᠡᠢ ᠶᠤᠮ᠃

  ᠶᠡᠷᠦ᠎ᠨᠢ ᠳᠡᠯᠡᠬᠡᠢ᠎ᠶᠢᠨ ᠶᠠᠮᠠᠷ᠎ᠴᠤ ᠠᠷᠠᠳ ᠲᠦᠮᠡᠨ᠎ᠦ ᠳᠤᠮᠳᠠ ᠱᠢᠳᠤᠷᠭᠤ ᠶᠣᠰᠤ᠎ᠶᠢ ᠪᠠᠷᠢᠮᠲᠠᠯᠠᠭᠴᠢ᠂ ᠶᠠᠳᠠᠭᠤ ᠵᠦᠳᠡᠭᠦᠦ ᠠᠷᠠᠳ ᠢᠷᠭᠡᠳ᠎ᠢᠶ᠋ᠡᠨ ᠥᠮᠦᠭᠯᠡᠨ ᠬᠠᠮᠠᠭᠠᠯᠠᠵᠤ ᠪᠠᠢᠳᠠᠭ ᠠᠷᠠᠳ᠎ᠤᠨ ᠪᠠᠭᠠᠲᠤᠷ ᠪᠠᠢᠳᠠᠭ ᠪᠢᠯᠡ᠃ ᠲᠡᠭᠦᠨ᠎ᠦ ᠨᠢᠭᠡ ᠪᠤᠯ ᠳᠠᠷᠤᠢ ᠠᠩᠭ᠌ᠯᠢ᠎ᠶᠢᠨ ᠠᠷᠠᠳ᠎ᠤᠨ ᠪᠠᠭᠠᠲᠤᠷ ᠷᠤᠪᠢᠨ ᠾᠦᠳ᠋ ᠪᠤᠯᠤᠨ᠎ᠠ᠃ ᠲᠡᠷᠡ᠎ᠪᠡᠷ ᠠᠷᠪᠠᠨ ᠬᠣᠶᠠᠳᠤᠭᠠᠷ ᠵᠠᠭᠤᠨ᠎ᠤ ᠦᠶ᠎ᠡ᠎ᠳᠦ ᠠᠮᠢᠳᠤᠷᠠᠵᠤ ᠪᠠᠢᠵᠠᠢ᠃ ᠷᠤᠪᠢᠨᠾᠦ᠋ᠳ᠋ ᠪᠤᠯ ᠳᠠᠷᠤᠢ ᠰᠠᠢᠬᠠᠨ ᠰᠡᠳᠬᠢᠯᠲᠦ ᠬᠣᠶᠠᠳᠤᠭᠠᠷ ᠾᠸᠨ᠋ᠷᠢ ᠬᠠᠭᠠᠨ᠎ᠤ ᠦᠶ᠎ᠡ᠎ᠳᠦ ᠠᠩᠭ᠌ᠯᠢ᠎ᠶᠢᠨ ᠨᠤᠲ᠋ᠢᠩᠬᠠᠮ ᠬᠣᠲᠠ᠎ᠶᠢᠨ ᠣᠢᠷᠠᠯᠴᠠᠭ᠎ᠠ ᠱᠸᠷᠸᠦ᠋ᠳ᠋᠎ᠦᠨ ᠣᠢ᠎ᠳᠤ ᠠᠮᠢᠳᠤᠷᠠᠳᠠᠭ ᠪᠠᠢᠵᠠᠢ᠃ ᠲᠡᠭᠡᠭᠡᠳ ᠲᠡᠷᠡ ᠠᠷᠪᠠᠨ ᠨᠠᠢ᠍ᠮᠠᠲᠠᠢ ᠪᠠᠢᠬᠤ᠎ᠳ᠋ᠤ᠎ᠪᠠᠨ ᠡᠷᠡᠬᠡᠢ ᠮᠡᠷᠭᠡᠨ ᠬᠠᠷᠪᠤᠭᠠᠴᠢ ᠪᠣᠯᠵᠤ ᠱᠠᠩᠨᠠᠭᠤᠯᠬᠤ᠎ᠪᠠᠷ ᠵᠣᠷᠢᠭ ᠱᠢᠭᠤᠳᠴᠤ ᠰᠠᠢᠨ ᠨᠤᠮᠤ ᠰᠤᠮᠤ᠎ᠪᠠᠨ ᠠᠪᠤᠭᠠᠳ ᠱᠸᠷᠸᠦ᠋ᠳ᠋᠎ᠦᠨ ᠣᠢ᠎ᠳᠤ ᠣᠴᠢᠳᠠᠭ᠃ ᠲᠡᠬᠡᠭᠰᠡᠨ᠎ᠴᠢᠨᠢ ᠬᠠᠷᠢᠨ ᠥᠷᠦᠭᠡᠰᠦᠨ ᠨᠢᠳᠦ᠎ᠪᠡᠨ ᠳᠠᠷᠤᠵᠤ ᠪᠣᠭᠤᠭᠰᠠᠨ ᠲᠣᠮᠤ ᠡᠷ᠎ᠡ᠎ᠲᠡᠢ ᠠᠭᠤᠯᠵᠠᠪᠠ᠂ ᠲᠡᠷᠡ ᠡᠷ᠎ᠡ ᠷᠤᠪᠢᠨ᠎ᠢ ᠶᠡᠬᠡᠳᠡ ᠪᠠᠰᠤᠮᠵᠢᠯᠠᠵᠤ ᠲᠡᠭᠦᠨ ᠲᠠᠢ ᠮᠠᠯᠵᠢᠶ᠎ᠠ ᠲᠠᠯᠪᠢᠪᠠ᠂ ᠷᠤᠪᠢᠨ ᠳᠡᠢᠯᠦᠭᠰᠡᠨ᠎ᠳᠦ ᠥᠨᠦᠬᠢ ᠡᠷ᠎ᠡ ᠬᠠᠷᠢᠨ ᠠᠮᠠᠯᠠᠭᠰᠠᠨ᠎ᠢᠶ᠋ᠠᠨ ᠭᠦᠢᠴᠡᠳᠬᠡᠭᠰᠡᠨ᠎ᠦᠭᠡᠢ ᠮᠥᠷᠲᠡᠭᠡᠨ ᠷᠤᠪᠢᠨ᠎ᠢ ᠬᠠᠷᠪᠤᠳᠠᠭ᠂ ᠷᠤᠪᠢᠨ ᠲᠡᠭᠡᠭᠡᠳ ᠲᠡᠭᠦᠨ᠎ᠦ ᠰᠤᠮᠤᠨ᠎ᠳᠤ ᠣᠨᠤᠭᠳᠠᠭᠰᠠᠨ᠎ᠦᠭᠡᠢ᠂ ᠪᠤᠴᠠᠭᠠᠳ ᠥᠨᠦᠬᠢ ᠲᠣᠮᠤ ᠡᠷ᠎ᠡ᠎ᠶᠢ ᠬᠠᠷᠪᠤᠵᠤ ᠠᠯᠠᠭᠠᠳ ᠣᠢ ᠳᠣᠲᠤᠷ᠎ᠠ ᠣᠷᠭᠤᠳᠠᠭᠤᠯ ᠱᠢᠤᠬᠠᠨ ᠠᠮᠢᠳᠤᠷᠠᠵᠤ ᠪᠣᠯᠵᠠᠢ᠂ ᠬᠡᠰᠡᠭ ᠬᠤᠭᠤᠴᠠᠭ᠎ᠠ ᠥᠩᠭᠡᠷᠡᠭᠰᠡᠨ᠎ᠦ ᠳᠠᠷᠠᠭ᠎ᠠ ᠷᠤᠪᠢᠨ ᠤᠷᠭᠤᠨ ᠢᠷᠡᠭᠰᠡᠨ ᠥᠭᠡᠷ᠎ᠡ ᠬᠡᠰᠡᠭ ᠬᠥᠮᠦᠰ᠎ᠲᠡᠢ ᠲᠠᠭᠠᠷᠠᠯᠳᠤᠵᠤ ᠲᠡᠳᠡᠨ᠎ᠲᠠᠢ ᠨᠥᠬᠦᠷᠯᠡᠪᠡ᠂ ᠲᠡᠳᠡᠭᠡᠷ ᠬᠥᠮᠦᠰ᠎ᠦᠨ ᠵᠠᠷᠢᠮ᠎ᠨᠢ ᠥᠯ ᠵᠠᠯᠭᠠᠭᠤᠯᠬᠤ᠎ᠶᠢᠨ ᠲᠥᠯᠦᠭᠡ ᠪᠤᠭᠤ ᠠᠩᠨᠠᠭᠰᠠᠨ᠂ ᠵᠠᠷᠢᠮ᠎ᠨᠢ ᠡᠳ᠋ᠯᠡᠩ ᠭᠠᠵᠠᠷ ᠪᠣᠯᠤᠨ ᠮᠥᠩᠭᠦ ᠲᠥᠭᠦᠷᠢᠭ᠎ᠢᠶ᠋ᠡᠨ ᠬᠠᠭᠤᠷᠲᠠᠨ ᠵᠠᠯᠢᠯᠠᠭᠤᠯᠤᠭᠰᠠᠨ ᠲᠤᠯᠠ ᠠᠷᠭ᠎ᠠ ᠪᠤᠰᠤ ᠣᠷᠭᠤᠳᠠᠭᠤᠯ ᠪᠤᠯᠤᠭᠰᠠᠨ ᠪᠠᠢᠵᠠᠢ᠃ ᠲᠡᠭᠡᠭᠡᠳ ᠲᠡᠳᠡ ᠬᠣᠵᠢᠮ᠎ᠨᠢ ᠷᠤᠪᠢᠨ᠎ᠢ ᠤᠳᠤᠷᠢᠳᠤᠭᠴᠢ᠎ᠪᠠᠷ ᠰᠣᠩᠭᠤᠵᠤ᠂ ᠲᠡᠳᠡᠭᠡᠷ ᠬᠣᠷᠤᠨ ᠮᠠᠭᠤ ᠰᠠᠨᠠᠭᠠᠲᠠᠨ᠎ᠲᠠᠢ ᠲᠡᠮᠡᠴᠡᠯᠳᠦᠨ᠂ ᠬᠡᠦᠬᠡᠳ ᠪᠣᠯᠤᠨ ᠡᠮᠡᠭᠲᠡᠢᠴᠦᠳ᠎ᠲᠦ ᠬᠡᠵᠢᠶ᠎ᠡ᠎ᠴᠦ ᠭᠠᠷ ᠬᠦᠷᠬᠦ᠎ᠦᠭᠡᠢ ᠭᠡᠵᠦ ᠠᠮᠠᠯᠳᠠᠵᠠᠢ᠃ ᠢᠩᠭᠢᠭᠰᠡᠨ᠎ᠡᠴᠡ ᠪᠤᠯᠤᠭᠠᠳ ᠨᠤᠲ᠋ᠢᠩᠬᠠᠮ᠎ᠤᠨ ᠠᠷᠠᠳ ᠢᠷᠭᠡᠳ ᠷᠤᠪᠢᠨ ᠪᠣᠯᠤᠨ ᠲᠡᠭᠦᠨ᠎ᠦ ᠬᠠᠮᠰᠠᠭᠠᠲᠠᠨ ᠨᠠᠷ᠎ᠲᠤ ᠢᠲᠡᠭᠡᠬᠦ ᠪᠣᠯᠵᠤ᠂ ᠢᠲᠡᠭᠡᠬᠦ᠎ᠪᠡᠷ ᠪᠠᠷᠠᠬᠤ᠎ᠦᠭᠡᠢ ᠤᠯᠠᠮ ᠪᠦᠷ ᠲᠡᠳᠡᠨ᠎ᠢᠶ᠋ᠡᠷ ᠪᠠᠬᠠᠷᠬᠠᠵᠤ᠂ ᠱᠸᠷᠸᠦ᠋ᠳ᠋᠎ᠦᠨ ᠣᠢ᠎ᠳᠠᠬᠢ ᠷᠤᠪᠢᠨ᠎ᠤ ᠲᠤᠬᠠᠢ ᠠᠳᠠᠯ ᠶᠠᠪᠤᠳᠠᠯ᠎ᠢ ᠦᠯᠢᠭᠡᠷ ᠲᠤᠤᠯᠢ ᠱᠢᠤᠬᠠᠨ ᠬᠦᠦᠷᠨᠢᠬᠦ ᠪᠤᠯᠵᠠᠢ᠃ ᠡᠨᠡ᠎ᠨᠢ ᠬᠣᠵᠢᠮ᠎ᠳ᠋ᠤ᠎ᠪᠠᠨ 《ᠷᠣᠪᠢᠨ ᠾᠦᠳ᠋᠎ᠦᠨ ᠠᠳᠠᠯ ᠶᠠᠪᠤᠳᠠᠯ》 ᠭᠡᠮᠡᠨ ᠨᠡᠷᠡᠯᠡᠭᠳᠡᠵᠦ ᠬᠣᠵᠢᠮ᠎ᠤᠨ ᠬᠥᠮᠦᠰ᠎ᠲᠦ ᠤᠯᠠᠮᠵᠢᠯᠠᠭᠳᠠᠨ ᠲᠠᠷᠬᠠᠪᠠ᠃ ᠲᠤᠰ ᠨᠣᠮ᠎ᠳᠤ 《ᠷᠣᠪᠢᠨ ᠾᠦᠳ᠋ ᠨᠣᠲ᠋ᠢᠩᠬᠠᠮ᠎ᠤᠨ ᠵᠠᠬᠢᠷᠤᠭᠴᠢ᠎ᠲᠠᠢ ᠰᠥᠷᠭᠡᠯᠳᠦᠭᠰᠡᠨ᠎ᠨᠢ᠂ ᠠᠷᠲ᠋ᠦ᠋ᠷ ᠪᠯᠸᠨ᠋ᠳ᠋ ᠪᠣᠯᠤᠨ ᠸᠢᠯᠯᠢ ᠭᠸᠮᠪᠸᠯ᠎ᠨᠠᠷ ᠬᠥᠭᠵᠢᠶᠡᠨᠲᠦ ᠠᠮᠢᠳᠤᠷᠠᠯ᠎ᠳᠤ ᠨᠢᠭᠡᠳᠪᠡ ᠂ ᠠᠯᠯᠸᠨ ᠳ᠋ᠸᠢᠢᠯ᠎ᠦᠨ ᠠᠳᠠᠯ ᠶᠠᠪᠤᠳᠠᠯ᠂ ᠷᠣᠪᠢᠨ ᠾᠦᠳ᠋ ᠳᠡᠭᠡᠳᠦᠰ᠎ᠡᠴᠡ ᠦᠰ ᠬᠣᠨᠵᠢᠩ ᠠᠪᠤᠪᠠ》 ᠵᠡᠷᠭᠡ ᠳᠥᠷᠪᠡᠨ ᠪᠦᠯᠦᠭ᠎ᠦᠨ ᠠᠷᠪᠠᠨ ᠵᠢᠷᠭᠤᠭᠠᠨ ᠬᠡᠰᠡᠭ ᠠᠭᠤᠯᠭ᠎ᠠ᠎ᠶᠢ ᠪᠠᠭᠲᠠᠭᠠᠵᠠᠢ᠃

  ᠭᠠᠷᠴᠠᠭ᠄

  ᠷᠣᠪᠢᠨ ᠾᠦᠳ᠋ ᠣᠢ᠎ᠶᠢᠨ ᠰᠠᠢᠨ ᠡᠷ᠎ᠡ ᠪᠣᠯᠤᠭᠰᠠᠨ ᠨᠢ

  1. ᠷᠣᠪᠢᠨ ᠾᠦᠳ᠋ ᠨᠣᠲ᠋ᠢᠩᠬᠠᠮ᠎ᠤᠨ ᠵᠠᠬᠢᠷᠤᠭᠴᠢ᠎ᠲᠠᠢ ᠰᠥᠷᠭᠡᠯᠳᠦᠭᠰᠡᠨ ᠨᠢ

  ᠨᠢᠭᠡ  ᠷᠣᠪᠢᠨ ᠾᠦᠳ᠋ ᠪᠠᠷᠠᠭᠤᠨ ᠭᠠᠷ ᠪᠣᠯᠤᠭᠰᠠᠨ ᠢᠲᠡᠭᠡᠯᠲᠦ ᠠᠨᠳᠠ᠎ᠲᠠᠢ᠎ᠪᠠᠨ ᠤᠴᠠᠷᠠᠭᠰᠠᠨ ᠨᠢ

  ᠬᠣᠶᠠᠷ   ᠨᠣᠲ᠋ᠢᠩᠬᠠᠮ ᠬᠣᠲᠠ᠎ᠶᠢᠨ ᠬᠠᠷᠪᠤᠭᠠᠴᠢᠳ᠎ᠤᠨ ᠲᠡᠮᠡᠴᠡᠭᠡᠨ

  ᠭᠤᠷᠪᠠ  ᠸᠢᠯᠯᠢ ᠰᠲ᠋ᠠᠲᠯᠢ᠎ᠶᠢ ᠠᠪᠤᠷᠠᠭᠰᠠᠨ ᠨᠢ

  ᠳᠥᠷᠪᠡ  ᠷᠣᠪᠢᠨ ᠾᠦᠳ᠋ ᠮᠢᠬᠠᠨ᠎ᠤ ᠬᠤᠳᠠᠯᠳᠤᠭᠠᠴᠢᠨ ᠪᠣᠯᠵᠤ ᠵᠦᠴᠦᠭᠡᠯᠡᠪᠡ

  2. ᠠᠷᠲ᠋ᠦ᠋ᠷ ᠪᠯᠸᠨ᠋ᠳ᠋ ᠪᠣᠯᠤᠨ ᠸᠢᠯᠯᠢ ᠭᠸᠮᠪᠸᠯ᠎ᠨᠠᠷ ᠬᠥᠭᠵᠢᠶᠡᠨᠲᠦ ᠠᠮᠢᠳᠤᠷᠠᠯ᠎ᠳᠤ ᠨᠢᠭᠡᠳᠪᠡ

  ᠲᠠᠪᠤ᠋  ᠵᠢᠵᠢᠭ ᠵᠤᠨ ᠪᠯᠢᠲ᠎ᠦᠨ ᠠᠩ᠎ᠤᠨ ᠦᠰᠦᠨ᠎ᠦ ᠬᠤᠳᠠᠯᠳᠤᠭᠠᠴᠢᠨ᠎ᠲᠠᠢ ᠲᠤᠯᠤᠯᠳᠤᠭᠰᠠᠨ ᠨᠢ

  ᠵᠢᠷᠭᠤᠭ᠎ᠠ  ᠤᠯᠠᠭᠠᠨ ᠬᠤᠪᠴᠠᠰᠤ᠎ᠲᠠᠢ ᠦᠯᠦ ᠲᠠᠨᠢᠬᠤ ᠬᠥᠮᠦᠨ

  ᠳᠣᠯᠤᠭ᠎ᠠ  ᠷᠣᠪᠢᠨ ᠾᠦᠳ᠋᠎ᠦᠨ ᠣᠯᠠᠨ ᠵᠢᠯ ᠲᠥᠭᠡᠷᠢᠯᠳᠦᠭᠰᠡᠨ ᠲᠥᠷᠦᠯ ᠰᠠᠳᠤᠨ

  3. ᠠᠯᠯᠸᠨ ᠳ᠋ᠸᠢᠢᠯ᠎ᠦᠨ ᠠᠳᠠᠯ ᠶᠠᠪᠤᠳᠠᠯ

  ᠨᠠᠢ᠍ᠮᠠ  ᠷᠣᠪᠢᠨ ᠾᠦᠳ᠋ ᠠᠯᠯᠸᠨ ᠳ᠋ᠸᠢᠢᠯ᠎ᠲᠡᠢ ᠠᠨᠳᠠ ᠨᠥᠬᠦᠷ ᠪᠣᠯᠤᠭᠰᠠᠨ ᠨᠢ

  ᠶᠢᠰᠦ  ᠠᠯᠯᠸᠨ ᠳ᠋ᠸᠢᠢᠯ᠎ᠦᠨ ᠭᠤᠨᠢᠭ ᠵᠣᠪᠠᠯᠠᠩ

  ᠠᠷᠪᠠ  ᠷᠣᠪᠢᠨ ᠾᠦᠳ᠋ ᠺᠦᠷᠲ᠋ᠠᠯ ᠭᠡᠯᠦᠩ᠎ᠢ ᠣᠯᠪᠠ

  ᠠᠷᠪᠠᠨ ᠨᠢᠭᠡ  ᠷᠣᠪᠢᠨ ᠾᠦᠳ᠋ ᠬᠠᠢᠷᠠᠲᠠᠢ ᠬᠣᠤᠰ᠎ᠢ ᠭᠡᠷᠯᠡᠭᠦᠯᠦᠯ᠎ᠡ

  4. ᠷᠣᠪᠢᠨ ᠾᠦᠳ᠋ ᠳᠡᠭᠡᠳᠦᠰ᠎ᠡᠴᠡ ᠦᠰ ᠬᠣᠨᠵᠢᠩ ᠠᠪᠤᠪᠠ

  ᠠᠷᠪᠠᠨ ᠬᠣᠶᠠᠷ  ᠴᠥᠬᠦᠷᠡᠩ᠎ᠢᠶ᠋ᠡᠨ ᠪᠠᠷᠠᠭᠰᠠᠨ ᠬᠦᠯᠦᠭ ᠪᠠᠭᠠᠲᠤᠷ

  ᠠᠷᠪᠠᠨ ᠭᠤᠷᠪᠠ  ᠷᠤᠪᠢᠨ ᠨᠣᠶᠠᠨ ᠷᠢᠴᠠᠷᠳ᠋᠎ᠲᠤ ᠱᠢᠷᠡᠭᠡᠲᠦ ᠯᠠᠮᠠ᠎ᠪᠠᠷ 《ᠲᠤᠰᠠᠯᠠᠭᠤᠯᠤᠭᠰᠠᠨ᠎ᠨᠢ》

  ᠠᠷᠪᠠᠨ ᠳᠥᠷᠪᠡ  ᠭᠢᠰᠪᠤᠷᠸᠠ ᠭᠡᠭᠴᠢ ᠵᠠᠯᠠᠭᠤ ᠬᠤᠪᠢ ᠲᠠᠪᠢᠯᠠᠩ᠎ᠢᠶ᠋ᠠᠨ ᠤᠭᠲᠤᠪᠠ

  ᠠᠷᠪᠠᠨ ᠲᠠᠪᠤ᠋  ᠷᠣᠪᠢᠨ ᠾᠦᠳ᠋ ᠵᠠᠬᠢᠷᠤᠭᠴᠢ᠎ᠠᠴᠠ ᠬᠠᠷᠢᠭᠤ᠎ᠪᠠᠨ ᠠᠪᠤᠭᠰᠠᠨ ᠨᠢ

  ᠠᠷᠪᠠᠨ ᠵᠢᠷᠭᠤᠭ᠎ᠠ  ᠬᠠᠭᠠᠨ ᠷᠢᠴᠠᠷᠳ᠋ ᠱᠸᠷᠸᠦ᠋ᠳ᠋᠎ᠦᠨ ᠣᠢ᠎ᠳᠤ ᠨᠠᠢᠷᠯᠠᠭᠰᠠᠨ ᠨᠢ

  ᠴᠢ ᠶᠠᠭᠤ ᠭᠡᠵᠦ ᠪᠣᠳᠤᠵᠤ ᠪᠠᠢᠨ᠎ᠠ ᠪᠣᠢ?

  ᠲᠡᠭᠦᠰᠬᠡᠯ᠎ᠦᠨ ᠦᠭᠡ

ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604