ᠮᠣᠩᠭᠤᠯ ᠰᠤᠳᠤᠯᠤᠯ᠎ᠤᠨ ᠰᠤᠷᠪᠤᠯᠵᠢ ᠪᠢᠴᠢᠭ᠎ᠦᠨ ᠴᠢᠭᠤᠯᠭᠠᠨ — ᠠᠯᠲᠠᠨ ᠡᠷᠢᠭᠡ

  • ᠬᠡᠪᠯᠡᠯ᠎ᠦᠨ ᠬᠣᠷᠢᠶ᠎ᠠ:ᠥᠪᠦᠷ ᠮᠣᠩᠭᠤᠯ᠎ᠤᠨ ᠰᠤᠷᠭᠠᠨ ᠬᠥᠮᠦᠵᠢᠯ᠎ᠦᠨ ᠬᠡᠪᠯᠡᠯ᠎ᠦᠨ ᠬᠣᠷᠢᠶ᠎ᠠ
  • ᠵᠣᠬᠢᠶᠠᠭᠴᠢ:ᠰ·ᠰᠡᠴᠡᠨᠪᠢᠯᠢᠭ᠂ ᠨᠠᠷᠠᠰᠤ ᠰᠤᠳᠤᠯᠤᠨ ᠡᠮᠬᠢᠳᠬᠡᠪᠡ
  • ᠬᠡᠪᠯᠡᠭᠰᠡᠨ ᠤᠳᠠᠭ᠎ᠠ:2017 ᠣᠨ
  • ᠠᠭᠤᠯᠭ᠎ᠠ᠎ᠶᠢᠨ ᠲᠣᠪᠴᠢ ᠲᠠᠨᠢᠯᠴᠠᠭᠤᠯᠭ᠎ᠠ

  ᠲᠤᠰ ᠨᠣᠮ᠎ᠨᠢ ᠮᠣᠩᠭᠤᠯ ᠲᠡᠦᠬᠡᠨ ᠰᠤᠷᠪᠤᠯᠵᠢ ᠪᠢᠴᠢᠭ᠎ᠦᠨ ᠲᠡᠦᠬᠡᠨ᠎ᠳᠦ 《ᠠᠯᠲᠠᠨ ᠡᠷᠢᠭᠡ》 ᠪᠤᠶᠤ 《ᠠᠯᠲᠠᠨ ᠲᠣᠪᠴᠢ》 ᠭᠡᠬᠦ ᠬᠣᠶᠠᠷ ᠵᠦᠢᠯ᠎ᠦᠨ ᠨᠡᠷ᠎ᠡ᠎ᠪᠡᠷ ᠤᠯᠠᠮᠵᠢᠯᠠᠭᠳᠠᠵᠤ ᠢᠷᠡᠭᠰᠡᠨ᠎ᠶᠦᠮ᠃ ᠲᠤᠰ ᠨᠣᠮ᠎ᠤᠨ ᠵᠣᠬᠢᠶᠠᠭᠴᠢ᠎ᠨᠢ ᠲᠣᠳᠤᠷᠬᠠᠢ᠎ᠦᠭᠡᠢ ᠂ ᠭᠡᠪᠡᠴᠦ ᠣᠯᠠᠩᠬᠢ ᠡᠷᠳᠡᠮᠲᠡᠳ 《ᠮᠡᠷᠭᠡᠨ ᠭᠡᠭᠡᠨ᠎ᠦ ᠠᠯᠲᠠᠨ ᠲᠣᠪᠴᠢ》 ᠭᠡᠮᠡᠨ ᠨᠡᠷᠡᠯᠡᠳᠡᠭ᠃ ᠲᠤᠰ ᠨᠣᠮ᠎ᠨᠢ ᠪᠤᠰᠤᠳ ᠮᠣᠩᠭᠤᠯ ᠲᠡᠦᠬᠡᠨ ᠰᠤᠷᠪᠤᠯᠵᠢ ᠪᠢᠴᠢᠭ᠎ᠲᠦ ᠪᠢᠴᠢᠭᠳᠡᠭᠰᠡᠨ᠎ᠦᠭᠡᠢ ᠣᠯᠠᠨ ᠲᠡᠦᠬᠡᠨ ᠬᠡᠷᠡᠭ ᠤᠴᠢᠷ᠎ᠢ ᠲᠡᠮᠳᠡᠭᠯᠡᠭᠰᠡᠨ ᠮᠥᠷᠲᠡᠭᠡᠨ ᠵᠣᠬᠢᠶᠠᠭᠴᠢ᠎ᠠᠴᠠ ᠲᠡᠦᠬᠡ᠎ᠶᠢᠨ ᠵᠠᠷᠢᠮ ᠠᠰᠠᠭᠤᠳᠠᠯ᠎ᠳᠤ ᠬᠠᠨᠳᠤᠭᠰᠠᠨ ᠣᠪᠤᠷ᠎ᠨᠢ ᠥᠪᠡᠷᠮᠢᠴᠡ᠂ ᠨᠣᠮ᠎ᠤᠨ ᠠᠭᠤᠯᠭ᠎ᠠ᠎ᠨᠢ᠎ᠴᠦ ᠨᠡᠯᠢᠶᠡᠳ ᠪᠠᠶᠠᠯᠢᠭ ᠪᠠᠢᠳᠠᠭ ᠲᠤᠯᠠ ᠮᠠᠱᠢ ᠶᠡᠬᠡ ᠰᠤᠳᠤᠯᠭᠠᠨ᠎ᠤ ᠦᠨ᠎ᠡ ᠥᠷᠲᠡᠭ᠎ᠲᠠᠢ᠎ᠶᠤᠮ᠃ 《ᠠᠯᠲᠠᠨ ᠲᠣᠪᠴᠢ》᠎ᠶᠢᠨ ᠣᠲᠤ ᠣᠯᠳᠠᠭᠰᠠᠨ ᠬᠠᠭᠤᠴᠢᠨ ᠡᠬᠡ ᠳᠡᠪᠲᠡᠷ᠎ᠨᠢ ᠳᠠᠷᠤᠢ ᠬᠤᠯᠤᠰᠤᠨ ᠦᠵᠦᠭ᠎ᠦᠨ ᠪᠢᠴᠢᠮᠡᠯ 1 ᠵᠦᠢᠯ᠂ ᠦᠰᠦᠨ ᠪᠢᠷ᠎ᠦᠨ ᠪᠢᠴᠢᠮᠡᠯ 10 ᠵᠦᠢᠯ᠂ ᠬᠡᠪᠯᠡᠯ 1 ᠵᠦᠢᠯ ᠪᠠᠢᠨ᠎ᠠ᠃ ᠤᠤᠯ ᠡᠬᠡ ᠪᠢᠴᠢᠭ᠎ᠦᠨ ᠱᠢᠨᠵᠢ᠎ᠶᠢ ᠬᠠᠳᠠᠭᠠᠯᠠᠵᠤ ᠪᠠᠢᠭ᠎ᠠ ᠳᠡᠪᠲᠡᠷ ᠪᠤᠯ ᠥᠪᠦᠷ ᠮᠣᠩᠭᠤᠯ᠎ᠤᠨ ᠨᠣᠮ᠎ᠤᠨ ᠰᠠᠩ᠎ᠳᠠᠬᠢ 《ᠠᠯᠲᠠᠨ ᠡᠷᠢᠭᠡ》 ᠬᠡᠮᠡᠬᠦ ᠨᠡᠷᠡᠲᠡᠢ ᠬᠤᠯᠤᠰᠤᠨ ᠦᠵᠦᠭ᠎ᠦᠨ ᠪᠢᠴᠢᠮᠡᠯ ᠤᠲᠠᠰᠤᠨ ᠦᠳᠡᠮᠡᠯ ᠳᠡᠪᠲᠡᠷ ᠪᠣᠯᠬᠤ᠎ᠶᠤᠮ᠃ ᠲᠤᠰ ᠨᠣᠮ᠎ᠨᠢ ᠨᠡᠢᠲᠡ 33 ᠪᠦᠯᠦᠭ᠎ᠲᠡᠢ᠃ ᠳᠡᠭᠡᠳᠦ ᠳᠡᠪᠲᠡᠷ ᠨᠢ 1 ~ 15᠎ᠳ᠋ᠤᠭᠠᠷ ᠪᠦᠯᠦᠭ ᠂ ᠳᠣᠤᠷᠠᠲᠤ ᠳᠡᠪᠲᠡᠷ ᠨᠢ 16 ~ 33  ᠳᠡᠪᠲᠡᠷ ᠪᠣᠢ᠃

  ᠲᠤᠰ ᠨᠣᠮ᠎ᠤ᠋ᠨ᠎ᠢᠶ᠋ᠠᠨ ᠲᠡᠷᠢᠭᠦᠨ ᠪᠦᠯᠦᠭ᠎ᠦᠨ ᠡᠬᠢᠨ᠎ᠦ ᠬᠡᠰᠡᠭ᠎ᠲᠦ ᠤᠷᠢᠳ ᠶᠠᠪᠤᠭᠤᠯᠬᠤ ᠠᠷᠪᠠᠨ ᠭᠤᠷᠪᠠᠨ ᠪᠠᠳᠠᠭ ᠱᠢᠯᠦᠭ ᠪᠢᠴᠢᠭᠰᠡᠨ ᠪᠠ ᠲᠤᠰ ᠨᠣᠮ᠎ᠢᠶ᠋ᠠᠨ ᠬᠣᠶᠠᠷ ᠳᠡᠪᠲᠡᠷ ᠬᠣᠷᠢᠨ ᠲᠠᠪᠤᠨ ᠪᠦᠯᠦᠭ ᠪᠣᠯᠭᠠᠨ ᠪᠢᠴᠢᠬᠦ᠎ᠪᠡᠨ ᠲᠤᠱᠢᠶᠠᠵᠠᠢ᠃ ᠵᠠᠯᠭᠠᠭᠠᠳ ᠲᠡᠦᠬᠡ ᠪᠢᠴᠢᠯᠭᠡ᠎ᠶᠢᠨ ᠴᠢᠬᠤᠯᠠ ᠴᠢᠨᠠᠷ᠎ᠢ ᠥᠭᠦᠯᠡᠭᠰᠡᠨ ᠪᠠ ᠲᠤᠰ ᠤᠭ᠎ᠤᠨ ᠪᠢᠴᠢᠭ᠎ᠦᠨ ᠨᠡᠷ᠎ᠡ᠎ᠨᠢ 《ᠠᠯᠲᠠᠨ ᠡᠷᠢᠭᠡ》 ᠭᠡᠳᠡᠭ᠎ᠢ ᠲᠤᠱᠢᠶᠠᠵᠠᠢ᠃ ᠲᠤᠰ ᠳᠡᠪᠲᠡᠷ᠎ᠦᠨ ᠡᠬᠢᠨ᠎ᠦ ᠠᠷᠪᠠᠨ ᠲᠠᠪᠤᠨ ᠪᠦᠯᠦᠭ᠎ᠲᠦ ᠭᠣᠤᠯᠳᠠᠭᠤ ᠡᠨᠡᠳᠬᠡᠭ ᠲᠥᠪᠡᠳ᠎ᠦᠨ ᠬᠠᠭᠠᠳ᠎ᠤᠨ ᠦᠶ᠎ᠡ ᠵᠠᠯᠭᠠᠮᠵᠢ᠎ᠶᠢ ᠥᠭᠦᠯᠡᠵᠡᠢ᠃ ᠳᠣᠤᠷᠠᠲᠤ ᠳᠡᠪᠲᠡᠷ᠎ᠦᠨ ᠠᠷᠪᠠᠨ ᠵᠢᠷᠭᠤᠳᠤᠭᠠᠷ᠎ᠠᠴᠠ ᠭᠤᠴᠢᠨ ᠬᠣᠶᠠᠳᠤᠭᠠᠷ ᠪᠦᠯᠦᠭ ᠬᠦᠷᠲᠡᠯᠡᠬᠢ ᠠᠷᠪᠠᠨ ᠳᠣᠯᠤᠭᠠᠨ ᠪᠦᠯᠦᠭ᠎ᠲᠦ ᠮᠣᠩᠭᠤᠯ ᠬᠠᠳ᠎ᠤᠨ ᠢᠵᠠᠭᠤᠷ ᠪᠠ ᠮᠣᠩᠭᠤᠯ᠎ᠤᠨ ᠲᠥᠷᠦ᠎ᠶᠢ ᠪᠠᠢᠭᠤᠯᠬᠤ᠎ᠳᠤ ᠬᠠᠰᠠᠷ᠎ᠤᠨ ᠦᠵᠡᠭᠦᠯᠦᠭᠰᠡᠨ ᠭᠠᠪᠢᠶ᠎ᠠ ᠵᠢᠳᠬᠦᠯ ᠵᠢᠴᠢ ᠲᠡᠭᠦᠨ᠎ᠦ ᠦᠷ᠎ᠡ ᠠᠴᠢ ᠨᠠᠷ᠎ᠤᠨ ᠦᠶ᠎ᠡ ᠵᠠᠯᠭᠠᠮᠵᠢ᠎ᠶᠢ ᠥᠭᠦᠯᠡᠵᠡᠢ᠃ ᠭᠤᠴᠢᠨ ᠭᠤᠷᠪᠠᠳᠤᠭᠠᠷ ᠪᠦᠯᠦᠭ᠎ᠨᠢ ᠳᠠᠷᠤᠢ ᠲᠤᠰ ᠨᠣᠮ᠎ᠤᠨ ᠭᠠᠷᠭᠠᠯᠭ᠎ᠠ᠎ᠨᠢ ᠪᠤᠯᠤᠨ᠎ᠠ᠃ 《ᠠᠯᠲᠠᠨ ᠡᠷᠢᠭᠡ》 ᠪᠤᠯ ᠬᠠᠰᠠᠷ᠎ᠤᠨ ᠤᠳᠤᠮ ᠤᠭᠰᠠᠭᠠᠨ᠎ᠤ ᠲᠡᠦᠬᠡ᠎ᠶᠢ ᠪᠢᠴᠢᠭᠯᠡᠭᠰᠡᠨ ᠬᠣᠪᠤᠷ ᠨᠠᠨᠳᠢᠨ 《ᠤᠭ᠎ᠤᠨ ᠪᠢᠴᠢᠭ》 ᠪᠤᠯᠤᠨ᠎ᠠ᠃

  ᠭᠠᠷᠴᠠᠭ᠄

  《ᠮᠣᠩᠭᠤᠯ ᠰᠤᠷᠪᠤᠯᠵᠢ ᠪᠢᠴᠢᠭ᠎ᠦᠨ ᠴᠢᠭᠤᠯᠭᠠᠨ》᠎ᠤ ᠶᠡᠷᠦᠩᠬᠡᠢ ᠣᠷᠤᠱᠢᠯ

  《ᠲᠡᠦᠬᠡ᠎ᠶᠢᠨ ᠰᠤᠷᠪᠤᠯᠵᠢ ᠪᠢᠴᠢᠭ᠎ᠦᠨ ᠴᠢᠭᠤᠯᠭᠠᠨ᠎ᠤ ᠣᠷᠤᠱᠢᠯ》

  ᠣᠷᠤᠱᠢᠯ

  ᠡᠬᠡ ᠪᠢᠴᠢᠭ᠎ᠦᠨ ᠭᠡᠷᠡᠯ ᠵᠢᠷᠤᠭ ᠪᠠ ᠯᠠᠲ᠋ᠢᠨᠴᠢᠯᠠᠭ᠎ᠠ

  ᠵᠡᠭᠦᠯᠲᠡ ᠲᠠᠢᠯᠪᠤᠷᠢ

  ᠨᠣᠮ ᠵᠦᠢ

ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604