ᠬᠡᠤᠬᠡᠳ᠎ᠤᠳ ᠪᠠ ᠵᠢᠷᠤᠭᠲᠤ ᠲᠡᠪᠲᠡᠷ᠎ᠦᠨ ᠨᠢᠭᠡ ᠤᠳᠠᠭᠠᠨ᠎ᠤ ᠳᠤᠳᠤᠨᠤᠰᠤᠭ ᠬᠠᠷᠢᠯᠴᠠᠭ᠎ᠠ
2019.12.31

  9 ᠰᠠᠷ᠎ᠠ᠎ᠶᠢᠨ 23᠎ᠤ ᠡᠳᠦᠷ᠎ᠤᠨ ᠦᠳᠡ᠎ᠶᠢᠨ ᠬᠣᠢᠨ᠎ᠠ᠂ ᠠᠯᠤᠰ᠎ᠤᠨ᠎ᠪᠠᠷ᠎ᠠ ᠬᠡᠪᠯᠡᠯ᠎ᠤᠨ ᠬᠣᠷᠢᠶ᠎ᠠ᠎ᠠᠴᠠ ᠭᠣᠣᠯᠯᠠᠨ ᠡᠷᠬᠢᠯᠡᠵᠦ᠂ ᠬᠦᠬᠡᠬᠤᠲᠠ᠎ᠶᠢᠨ ᠮᠣᠩᠭᠤᠯ ᠦᠨᠳᠦᠰᠦᠲᠡᠨ᠎ᠤ ᠬᠡᠤᠬᠡᠳ᠎ᠤᠨ ᠴᠡᠴᠡᠷᠯᠢᠭ ᠬᠠᠮᠲᠤᠷᠠᠨ ᠡᠷᠬᠢᠯᠡᠭᠰᠡᠨ 《ᠬᠡᠤᠬᠡᠳ᠎ᠤᠨ ᠨᠢᠭᠡ ᠨᠠᠰᠤᠨ᠎ᠦ ᠬᠤᠪᠢ ᠪᠡᠶ᠎ᠠ᠎ᠶᠢᠨ ᠦᠵᠡᠯ ᠤᠬᠠᠮᠰᠠᠷ᠎ᠤᠨ ᠪᠤᠢ ᠪᠣᠯᠬᠤ᠎ᠶᠢ ᠨᠥᠯᠦᠭᠡᠯᠡᠬᠦ ᠵᠢᠷᠤᠭᠲᠤ ᠲᠡᠪᠳᠡᠷ》 (ᠮᠣᠩᠭᠤᠯ ᠬᠡᠪᠯᠡᠯ)᠎ᠤᠨ ᠠᠩᠬ᠎ᠠ ᠲᠠᠷᠬᠠᠭᠠᠬᠤ ᠶᠣᠰᠤᠯᠠᠯ ᠬᠦᠬᠡᠬᠤᠲᠠ᠎ᠶᠢᠨ ᠮᠣᠩᠭᠤᠯ ᠦᠨᠳᠦᠰᠦᠲᠡᠨ᠎ᠤ ᠬᠡᠤᠬᠡᠳ᠎ᠤᠨ ᠴᠡᠴᠡᠷᠯᠢᠭ᠎ᠲᠤ ᠶᠠᠪᠤᠭᠳᠠᠪᠠ᠃

  ᠥᠪᠦᠷ ᠮᠣᠩᠭᠤᠯ᠎ᠤᠨ ᠬᠡᠪᠯᠡᠯ᠎ᠤᠨ ᠪᠦᠯᠦᠭᠯᠡᠯ᠎ᠤᠨ ᠶᠡᠷᠦᠩᠬᠡᠢ ᠨᠠᠢᠷᠠᠭᠤᠯᠤᠭᠴᠢ᠎ᠶᠢᠨ ᠲᠤᠰᠠᠯᠠᠭᠴᠢ ᠬᠤᠧᠠᠩ ᠲᠤᠤ᠂ ᠠᠯᠤᠰ᠎ᠤᠨ᠎ᠪᠠᠷ᠎ᠠ ᠬᠡᠪᠯᠡᠯ᠎ᠤᠨ  ᠬᠣᠷᠢᠶᠠᠨ ᠲᠠᠷᠤᠭ᠎ᠠ ᠭᠦᠧᠧ ᡁᠢ ᠴᠤᠤ᠂ ᠳᠡᠳ᠋ ᠬᠣᠷᠢᠶᠠᠨ ᠲᠠᠷᠤᠭ᠎ᠠ ᠶᠠᠩ ᠮᠢᠨ᠂ ᠠᠯᠪᠠᠨ ᠭᠡᠷ᠎ᠤᠨ ᠡᠷᠬᠢᠯᠡᠭᠴᠢ ᠸᠠᠩ ᠹᠦ᠂ ᠵᠢᠶᠠᠩᠱᠢ᠎ᠶᠢᠨ ᠤᠷᠠᠨ ᠵᠢᠷᠤᠭ᠎ᠤᠨ ᠬᠡᠪᠯᠡᠯ᠎ᠤᠨ ᠬᠣᠷᠢᠶᠠᠨ ᠲᠠᠷᠤᠭ᠎ᠠ ᠵᠧᠤ ᠵᠢᠶᠠᠨ ᠰᠧᠨ᠂ ᠳᠡᠳ᠋ ᠬᠣᠷᠢᠶᠠᠨ ᠲᠠᠷᠤᠭ᠎ᠠ ᠯᠢᠦ ᠹᠠᠩ᠂ ᠨᠠᠢᠷᠠᠭᠤᠯᠬᠤ ᠬᠡᠯᠲᠡᠰ᠎ᠦᠨ ᠡᠷᠬᠢᠯᠡᠭᠴᠢ ᠯᠢᠦ ᠶᠠᠨ᠂ ᠵᠣᠬᠢᠶᠠᠭᠴᠢ᠎ᠶᠢᠨ ᠲᠥᠯᠦᠭᠡᠯᠡᠭᠴᠢ ᠽᠧᠩ ᠹᠠᠩ᠂ ᠬᠦᠬᠡᠬᠤᠲᠠ᠎ᠶᠢᠨ ᠮᠣᠩᠭᠤᠯ ᠦᠨᠳᠦᠰᠦᠲᠡᠨ᠎ᠤ ᠬᠡᠤᠬᠡᠳ᠎ᠤᠨ ᠴᠡᠴᠡᠷᠯᠢᠭ᠎ᠤᠨ ᠲᠠᠷᠤᠭ᠎ᠠ ᠣᠷᠬᠢᠯ᠂ ᠡᠤ ᠶᠤᠧᠠᠢ ᠯᠠᠨ᠎ᠨᠠᠷ ᠵᠢᠴᠢ ᠬᠡᠤᠬᠡᠳ᠎ᠤᠨ ᠴᠡᠴᠡᠷᠯᠢᠭ᠎ᠤᠨ ᠭᠡᠷ᠎ᠤᠨ ᠠᠬᠠᠮᠠᠳ᠎ᠤᠨ ᠲᠥᠯᠦᠭᠡᠯᠡᠭᠴᠢ ᠪᠣᠯᠤᠨ ᠵᠠᠭᠤᠴᠢᠯᠠᠭᠤᠷ᠎ᠤᠨ ᠰᠤᠷᠪᠤᠯᠵᠢᠯᠠᠭᠴᠢ ᠵᠡᠷᠭᠡ 300 ᠭᠠᠷᠤᠢ ᠬᠥᠮᠦᠨ ᠠᠩᠬ᠎ᠠ ᠲᠠᠷᠬᠠᠭᠠᠬᠤ ᠶᠣᠰᠤᠯᠠᠯ᠎ᠳᠤ ᠣᠷᠤᠯᠴᠠᠵᠤ᠂ ᠲᠠᠯᠠᠪᠠᠢ᠎ᠶᠢᠨ ᠪᠠᠢᠳᠠᠯ ᠶᠡᠬᠡᠳᠠ ᠬᠥᠷ ᠬᠥᠭᠵᠢᠶᠡᠨᠲᠡᠢ ᠪᠠᠢᠯ᠎ᠠ᠃ ᠡᠨᠡ ᠤᠳᠠᠭᠠᠨ᠎ᠤ ᠠᠵᠢᠯᠯᠠᠭ᠎ᠠ᠎ᠨᠢ ᠬᠡᠤᠬᠡᠳ᠎ᠤᠨ ᠪᠠᠶᠠᠷ ᠪᠠᠶᠠᠰᠭᠤᠯᠠᠩᠲᠤ ᠲᠣᠭᠯᠠᠯᠲᠠ᠎ᠪᠠᠷ ᠬᠥᠱᠢᠭᠡ᠎ᠪᠠᠨ ᠰᠡᠬᠦᠵᠦ᠂ ᠬᠦᠬᠡᠬᠤᠲᠠ᠎ᠶᠢᠨ ᠮᠣᠩᠭᠤᠯ ᠦᠨᠳᠦᠰᠦᠲᠡᠨ᠎ᠤ ᠬᠡᠤᠬᠡᠳ᠎ᠤᠨ ᠴᠡᠴᠡᠷᠯᠢᠭ᠎ᠤᠨ ᠪᠠᠭᠱᠢ ᠣᠳᠤᠨᠴᠢᠮᠡᠭ᠎ᠡᠴᠡ ᠡᠷᠬᠢᠯᠡᠪᠡ᠃

  ᠭᠦᠧᠧ ᡁᠢ ᠴᠤᠤ ᠬᠣᠷᠢᠶᠠᠨ ᠲᠠᠷᠤᠭ᠎ᠠ ᠶᠣᠰᠤᠯᠠᠯ᠎ᠳᠤ ᠳᠡᠪᠱᠢᠭᠦᠯᠦᠭᠰᠡᠨ ᠦᠭᠡᠨ᠎ᠳᠦ᠎ᠪᠡᠨ᠂ ᠣᠳᠤᠬᠠᠨ᠎ᠳᠤ ᠴᠥᠭᠡᠨ ᠪᠤᠰᠤ ᠭᠡᠷ᠎ᠤᠨ ᠠᠬᠠᠮᠠᠳ ᠪᠣᠯᠤᠨ ᠪᠠᠭᠱᠢ᠎ᠨᠠᠷ ᠨᠣᠮ ᠪᠢᠴᠢᠭ᠎ᠤᠨ ᠵᠠᠬ᠎ᠠ ᠲᠡᠯᠭᠡᠭᠦᠷ᠎ᠲᠦ ᠱᠢᠨᠵᠢᠯᠡᠬᠦ ᠤᠬᠠᠭᠠᠨ᠎ᠢ ᠲᠦᠭᠡᠮᠡᠯᠵᠢᠭᠦᠯᠬᠦ ᠮᠣᠩᠭᠤᠯ ᠬᠡᠯᠡᠨ᠎ᠤ ᠵᠢᠷᠤᠭᠲᠤ ᠲᠡᠪᠲᠡᠷ᠎ᠦᠨ ᠲᠥᠷᠦᠯ ᠵᠦᠢᠯ ᠨᠡᠯᠢᠶᠡᠳ ᠴᠥᠭᠡᠨ᠂ ᠮᠣᠩᠭᠤᠯ ᠦᠨᠳᠦᠰᠦᠲᠡᠨ᠎ᠤ ᠬᠡᠤᠬᠡᠳ᠎ᠤᠨ ᠤᠩᠱᠢᠯᠭ᠎ᠠ᠎ᠶᠢᠨ ᠬᠡᠷᠡᠭᠴᠡᠭᠡ᠎ᠶᠢ ᠬᠠᠩᠭᠠᠵᠤ ᠲᠡᠢᠯᠬᠦ᠎ᠦᠭᠡᠢ ᠪᠠᠢᠨ᠎ᠠ ᠭᠡᠵᠦ ᠳᠤᠷᠠᠳᠪᠠ᠃ ᠡᠢᠮᠦ᠎ᠠᠴᠠ ᠠᠯᠤᠰ᠎ᠤᠨ᠎ᠪᠠᠷ᠎ᠠ ᠬᠡᠪᠯᠡᠯ᠎ᠤᠨ ᠬᠣᠷᠢᠶ᠎ᠠ ᠵᠢᠶᠠᠩᠱᠢ᠎ᠶᠢᠨ ᠤᠷᠠᠨ ᠵᠢᠷᠤᠭ᠎ᠤᠨ ᠬᠡᠪᠯᠡᠯ᠎ᠤᠨ ᠬᠣᠷᠢᠶ᠎ᠠ᠎ᠲᠠᠢ ᠬᠠᠮᠲᠤᠷᠠᠨ᠂ 《ᠬᠡᠤᠬᠡᠳ᠎ᠤᠨ ᠨᠢᠭᠡ ᠨᠠᠰᠤᠨ᠎ᠦ ᠬᠤᠪᠢ ᠪᠡᠶ᠎ᠠ᠎ᠶᠢᠨ ᠦᠵᠡᠯ ᠤᠬᠠᠮᠰᠠᠷ᠎ᠤᠨ ᠪᠤᠢ ᠪᠣᠯᠬᠤ᠎ᠶᠢ ᠨᠥᠯᠦᠭᠡᠯᠡᠬᠦ ᠵᠢᠷᠤᠭᠲᠤ ᠲᠡᠪᠳᠡᠷ》ᠭᠡᠬᠦ ᠨᠣᠮ᠎ᠢ ᠮᠣᠩᠭᠤᠯ ᠪᠢᠴᠢᠭ᠎ᠢᠶᠡᠷ ᠬᠡᠪᠯᠡᠭᠦᠯᠦᠨ ᠲᠠᠷᠬᠠᠭᠠᠵᠤ᠂ ᠦᠨᠳᠦᠰᠦᠲᠡᠨ᠎ᠤ ᠣᠷᠤᠨ᠎ᠤ ᠬᠡᠤᠬᠡᠳ᠎ᠳᠤ ᠱᠢᠨᠵᠢᠯᠡᠬᠦ ᠤᠬᠠᠭᠠᠨ᠎ᠢ ᠲᠦᠭᠡᠮᠡᠯᠵᠢᠭᠦᠯᠬᠦ᠎ᠶᠢ ᠴᠢᠩᠭᠠᠳᠭᠠᠵᠤ᠂ ᠬᠡᠤᠬᠡᠳ᠎ᠤᠨ ᠮᠣᠩᠭᠤᠯ ᠬᠡᠯᠡᠨ᠎ᠦ ᠤᠩᠱᠢᠯᠭ᠎ᠠ᠎ᠶᠢᠨ ᠨᠣᠮ᠎ᠢ ᠪᠠᠶᠠᠯᠢᠭᠵᠢᠭᠤᠯᠬᠤ᠎ᠳᠤ ᠢᠳᠡᠪᠬᠢᠲᠡᠢ ᠠᠬᠢᠭᠤᠯᠬᠤ ᠦᠢᠯᠡᠳᠦᠯ ᠦᠵᠡᠭᠦᠯᠬᠦ᠎ᠪᠠᠷ ᠵᠣᠷᠢᠪᠠ᠃ ᠥᠪᠦᠷ ᠮᠣᠩᠭᠤᠯ᠎ᠳᠤ ᠰᠠᠭᠤᠷᠢᠯᠠᠭᠰᠠᠨ ᠬᠡᠪᠯᠡᠯ᠎ᠤᠨ ᠬᠥᠮᠦᠨ ᠪᠣᠯᠤᠭᠰᠠᠨ᠎ᠤ ᠬᠤᠪᠢ᠎ᠳᠤ᠂ ᠮᠦᠨ᠎ᠴᠦ ᠨᠢᠭᠡ ᠭᠡᠷ᠎ᠤᠨ ᠠᠬᠠᠮᠠᠳ ᠪᠣᠯᠤᠭᠰᠠᠨ᠎ᠤ ᠬᠤᠪᠢ᠎ᠠᠴᠠ᠂ ᠵᠢᠶᠠᠩᠱᠢ᠎ᠶᠢᠨ ᠤᠷᠠᠨ ᠵᠢᠷᠤᠭ᠎ᠤᠨ ᠬᠡᠪᠯᠡᠯ᠎ᠤᠨ ᠬᠣᠷᠢᠶ᠎ᠠ ᠪᠣᠯᠤᠨ ᠵᠣᠬᠢᠶᠠᠯᠴᠢ ᠢᠮᠵᠢ ᠡᠵᠢ᠎ᠶᠢᠨ ᠦᠨᠳᠦᠰᠦᠲᠡᠨ᠎ᠤ ᠰᠣᠶᠤᠯ᠎ᠤᠨ ᠦᠢᠯᠡᠰ᠎ᠢ ᠬᠠᠯᠠᠮᠵᠢᠯᠠᠨ ᠲᠠᠮᠵᠢᠵᠤ᠂ ᠦᠨ᠎ᠡ ᠲᠥᠯᠦᠪᠦᠷᠢ᠎ᠦᠭᠡᠢ᠎ᠪᠠᠷ ᠲᠣᠰ ᠢᠵᠢ ᠨᠣᠮ᠎ᠤᠨ᠎ᠢᠶᠠᠨ ᠬᠡᠪᠯᠡᠬᠦ ᠡᠷᠬᠡ᠎ᠶᠢ ᠣᠯᠭᠤᠭᠰᠠᠨ ᠦᠢᠯᠡ ᠠᠵᠢᠯᠯᠠᠭᠠᠨ᠎ᠳᠤ ᠴᠢᠩ ᠰᠡᠳᠬᠢᠯ᠎ᠠᠴᠠ᠎ᠪᠠᠨ ᠪᠢᠱᠢᠷᠡᠨ ᠲᠠᠯᠠᠷᠬᠠᠵᠤ ᠪᠠᠢᠨ᠎ᠠ ᠬᠡᠵᠤ ᠢᠯᠡᠳᠬᠡᠪᠡ᠃ ᠮᠣᠩᠭᠤᠯ ᠦᠨᠳᠦᠰᠦᠲᠡᠨ᠎ᠤ ᠬᠡᠤᠬᠡᠳ᠎ᠤ᠋ᠳ ᠤᠩᠱᠢᠯᠭ᠎ᠠ᠎ᠡᠴᠡ ᠨᠠᠩ ᠣᠯᠠᠨ ᠮᠡᠳᠡᠯᠭᠡ ᠬᠠᠢᠨ ᠰᠦᠪᠡᠭᠴᠢᠯᠡᠵᠦ᠂ ᠣᠯᠠᠨ ᠮᠡᠳᠡᠯᠭᠡ ᠡᠵᠡᠮᠱᠢᠬᠦ᠎ᠶᠢᠨ ᠬᠠᠮᠲᠤ ᠡᠷᠡᠭᠦᠯ ᠴᠢᠭᠢᠷᠠᠭ᠎ᠢᠶᠠᠷ ᠦᠰᠦᠨ ᠪᠣᠢᠵᠢᠬᠤ᠎ᠶᠢ ᠬᠦᠰᠡᠵᠦ ᠪᠠᠢᠨ᠎ᠠ ᠭᠡᠪᠡ᠃

  ᠵᠧᠤ ᠵᠢᠶᠠᠨ ᠰᠧᠨ ᠬᠣᠷᠢᠶᠠᠨ ᠲᠠᠷᠤᠭ᠎ᠠ ᠶᠣᠰᠤᠯᠠᠯ᠎ᠳᠤ ᠳᠡᠪᠱᠢᠭᠦᠯᠦᠭᠰᠡᠨ ᠦᠭᠡᠨ᠎ᠳᠦ᠎ᠪᠡᠨ᠂ ᠲᠣᠰ ᠤᠳᠠᠭᠠᠨ᠎ᠤ ᠬᠠᠮᠲᠤᠷᠠᠯᠴᠠᠭ᠎ᠠ᠎ᠪᠠᠷ ᠳᠠᠮᠵᠢᠨ ᠠᠯᠤᠰ᠎ᠤᠨ᠎ᠪᠠᠷ᠎ᠠ ᠬᠡᠪᠯᠡᠯ᠎ᠤᠨ ᠬᠣᠷᠢᠶ᠎ᠠ᠎ᠶᠢᠨ ᠨᠣᠮ ᠪᠢᠴᠢᠭ ᠰᠣᠩᠭᠤᠨ ᠰᠡᠳᠤᠪᠯᠡᠵᠤ ᠲᠥᠰᠦᠪᠯᠡᠬᠦ ᠲᠠᠯ᠎ᠠ᠎ᠪᠠᠷ ᠲᠡᠯᠡᠬᠡᠢ᠎ᠶᠢᠨ ᠬᠠᠷᠠᠴᠠ᠎ᠲᠠᠢ ᠪᠠᠢᠬᠤ᠎ᠶᠢ ᠦᠨᠡᠯᠡᠵᠦ᠂ ᠦᠨᠳᠦᠰᠦᠲᠡᠨ᠎ᠤ ᠬᠢ ᠪᠣᠯ ᠲᠡᠯᠡᠬᠡᠢ᠎ᠶᠢᠨ ᠬᠢ᠂ ᠠᠯᠤᠰ᠎ᠤᠨ᠎ᠪᠠᠷ᠎ᠠ ᠬᠡᠪᠯᠡᠯ᠎ᠤᠨ ᠬᠣᠷᠢᠶ᠎ᠠ᠎ᠲᠠᠢ ᠬᠠᠮᠳᠤᠷᠠᠯᠴᠡᠨ ᠬᠡᠪᠯᠡᠭᠰᠡᠨ᠎ᠳᠤ ᠮᠠᠱᠢ ᠪᠠᠶᠠᠷᠲᠠᠢ ᠬᠡᠪᠠ᠃ ᠡᠨᠡ ᠪᠦᠲᠦᠭᠡᠯ᠎ᠨᠢ ᠶᠠᠭ᠎ᠯᠠ ᠥᠬᠢᠨ᠎ᠢᠶᠡᠨ ᠬᠣᠯᠠ ᠮᠣᠷᠳᠠᠭᠤᠯᠬᠤ᠎ᠲᠠᠢ ᠠᠳᠠᠯᠢ᠎ᠪᠠᠷ ᠥᠪᠦᠷ ᠮᠣᠩᠭᠤᠯ᠎ᠳᠤ ᠪᠠᠳᠠᠷᠠᠨ ᠲᠡᠯᠭᠡᠷᠡᠬᠦ ᠪᠣᠯᠤᠨ᠎ᠠ᠃ ᠲᠣᠰ ᠤᠳᠠᠭᠠᠨ᠎ᠤ ᠬᠠᠮᠲᠤᠷᠠᠯᠴᠠᠭ᠎ᠠ᠎ᠨᠢ ᠮᠥᠨ᠎ᠴᠦ ᠵᠢᠶᠠᠩᠱᠢ ᠮᠤᠵᠢ ᠪᠠ ᠥᠪᠦᠷ ᠮᠣᠩᠭᠤᠯ᠎ᠤᠨ ᠥᠪᠡᠷᠲᠡᠭᠡᠨ ᠵᠠᠰᠠᠬᠤ ᠣᠷᠤᠨ᠎ᠤ ᠰᠣᠶᠤᠯ᠎ᠤᠨ ᠲᠠᠯ᠎ᠠ᠎ᠪᠠᠷ ᠬᠢ ᠰᠣᠯᠢᠯᠴᠠᠭ᠎ᠠ ᠬᠠᠮᠲᠤᠷᠠᠯᠴᠠᠭᠠᠨ᠎ᠤ ᠪᠠᠰᠠ ᠨᠢᠭᠡ ᠦᠷ᠎ᠡ ᠪᠦᠲᠦᠭᠡᠯ ᠮᠥᠨ᠃ ᠬᠣᠶᠠᠷ ᠮᠤᠵᠢ ᠣᠷᠤᠨ᠎ᠤ ᠬᠡᠪᠯᠡᠯ᠎ᠤᠨ ᠪᠠᠢᠭᠤᠯᠭ᠎ᠠ ᠮᠣᠩᠭᠤᠯ ᠬᠢᠲᠠᠳ᠎ᠢᠶᠡᠷ ᠨᠣᠮ ᠪᠢᠴᠢᠭ ᠬᠠᠮᠳᠤᠷᠠᠯᠴᠠᠨ ᠬᠡᠪᠯᠡᠬᠦ ᠠᠵᠢᠯᠯᠠᠭ᠎ᠠ᠎ᠪᠠᠷ ᠳᠠᠮᠵᠢᠨ ᠥᠷᠭᠡᠨ ᠬᠡᠪᠴᠢᠶᠡᠨ᠎ᠦ ᠬᠠᠮᠲᠤᠷᠠᠯᠴᠠᠬᠤ ᠲᠠᠯᠳᠠ ᠬᠦᠴᠦᠨ᠎ᠢ ᠦᠷᠭᠦᠯᠵᠢᠯᠡᠨ ᠠᠭᠤᠳᠠᠯᠵᠤ᠂ ᠥᠷᠭᠡᠨ ᠣᠯᠠᠨ ᠤᠩᠱᠢᠭᠴᠢᠳ᠎ᠲᠤ ᠨᠠᠩ ᠣᠯᠠᠨ ᠴᠢᠨᠠᠷᠯᠢᠭ ᠰᠣᠶᠤᠯ᠎ᠤᠨ ᠪᠦᠲᠦᠭᠡᠭᠳᠡᠬᠦᠨ ᠬᠠᠩᠭᠠᠬᠤ᠎ᠶᠢ ᠬᠦᠰᠡᠵᠦ ᠪᠠᠢᠨ᠎ᠠ ᠭᠡᠪᠡ᠃ 《ᠲᠡᠯᠡᠬᠡᠢ ᠶᠢᠷᠲᠢᠨᠴᠦ ᠪᠣᠯ ᠲᠠᠨᠤᠰ᠎ᠤᠨ ᠬᠢ᠂ ᠮᠥᠨ᠎ᠴᠦ ᠪᠢᠳᠡᠨ᠎ᠤ ᠬᠢ᠂ ᠭᠡᠪᠡᠴᠦ ᠢᠷᠡᠭᠡᠳᠦᠢ ᠯᠠᠪᠲᠠᠢ ᠲᠠᠨᠤᠰ᠎ᠤᠨ ᠬᠢ᠎ᠶᠤᠮ》 ᠬᠡᠵᠤ ᠵᠧᠤ ᠵᠢᠶᠠᠨ ᠰᠧᠨ ᠲᠤᠬᠠᠢ᠎ᠶᠢᠨ ᠲᠠᠯᠠᠪᠠᠢ᠎ᠶᠢᠨ ᠬᠡᠤᠬᠡᠳ᠎ᠲᠤ ᠴᠢᠩ ᠰᠡᠳᠬᠢᠯ᠎ᠤᠨ ᠬᠦᠰᠡᠯ ᠡᠷᠡᠮᠡᠯᠵᠡᠯ ᠳᠠᠪᠱᠢᠭᠦᠯᠪᠠ᠃

  ᠠᠵᠢᠯᠯᠠᠭᠠᠨ᠎ᠤ ᠠᠬᠤᠢ ᠲᠠᠯᠠᠪᠠᠢ᠎ᠳᠤ᠂ ᠵᠣᠬᠢᠶᠠᠯᠴᠢ ᠽᠧᠩ ᠹᠠᠩ ᠪᠠᠭᠱᠢ᠎ᠡᠴᠡ ᠬᠡᠤᠬᠡᠳ᠎ᠤᠨ ᠴᠡᠴᠡᠷᠯᠢᠭ᠎ᠤᠨ ᠪᠠᠭᠱᠢ᠂ ᠭᠡᠷ᠎ᠤᠨ ᠠᠬᠠᠮᠠᠳ᠂ ᠪᠢᠴᠢᠬᠠᠨ ᠨᠠᠢᠵᠠ᠎ᠨᠠᠷ ᠵᠣᠬᠢᠶᠠᠯ ᠪᠢᠴᠢᠭᠰᠡᠨ ᠥᠩᠭᠡᠷᠡᠯᠲᠡ᠎ᠪᠠᠨ ᠬᠤᠪᠢᠶᠠᠯᠴᠠᠨ ᠰᠠᠨᠠᠯ ᠰᠡᠳᠭᠢᠯᠭᠡ᠎ᠪᠡᠨ ᠰᠣᠯᠢᠯᠴᠠᠪᠠ᠂ ᠣᠳᠤᠨᠴᠢᠮᠡᠭ ᠪᠠᠭᠱᠢ ᠡᠨᠡ᠎ᠬᠦ ᠢᠵᠢ ᠨᠣᠮ᠎ᠢ ᠬᠡᠤᠬᠡᠳ᠎ᠤᠨ ᠲᠠᠢᠰᠠᠨ᠎ᠤ ᠵᠦᠴᠦᠭᠡ ᠪᠣᠯᠭᠠᠨ ᠨᠠᠢᠷᠠᠭᠤᠯᠤᠨ ᠲᠣᠭᠯᠠᠭᠰᠠᠨ᠎ᠳᠤ ᠲᠠᠢᠰᠠᠨ ᠳᠣᠣᠷ᠎ᠠ ᠪᠠᠢᠨ ᠪᠠᠢᠨ ᠨᠢᠵᠢᠭᠢᠨᠡᠲᠡᠯ᠎ᠡ ᠠᠯᠠᠭ᠎ᠠ ᠲᠠᠱᠢᠪᠠ᠃

  ᠠᠵᠢᠯᠯᠠᠭᠠᠨ᠎ᠤ ᠡᠴᠦᠰ᠎ᠲᠤ᠂ ᠠᠯᠤᠰ᠎ᠤᠨ᠎ᠪᠠᠷ᠎ᠠ ᠬᠡᠪᠯᠡᠯ᠎ᠤᠨ ᠬᠣᠷᠢᠶ᠎ᠠ ᠲᠠᠯᠠᠪᠠᠢ᠎ᠳᠤ ᠪᠠᠢᠭ᠎ᠠ ᠬᠦᠬᠡᠬᠤᠲᠠ᠎ᠶᠢᠨ ᠮᠣᠩᠭᠤᠯ ᠦᠨᠳᠦᠰᠦᠲᠡᠨ᠎ᠤ ᠬᠡᠤᠬᠡᠳ᠎ᠤᠨ ᠴᠡᠴᠡᠷᠯᠢᠭ᠎ᠤᠨ ᠪᠢᠴᠢᠬᠠᠨ ᠨᠠᠢᠵᠠ᠎ᠨᠠᠷ᠎ᠲᠤ ᠨᠣᠮ ᠪᠢᠴᠢᠭ ᠬᠠᠨᠳᠢᠪᠯᠠᠪᠠ᠃ ᠬᠡᠤᠬᠡᠳ᠎ᠤᠳ 《ᠬᠡᠤᠬᠡᠳ᠎ᠤᠨ ᠨᠢᠭᠡ ᠨᠠᠰᠤᠨ᠎ᠦ ᠬᠤᠪᠢ ᠪᠡᠶ᠎ᠠ᠎ᠶᠢᠨ ᠦᠵᠡᠯ ᠤᠬᠠᠮᠰᠠᠷ᠎ᠤᠨ ᠪᠤᠢ ᠪᠣᠯᠬᠤ᠎ᠶᠢ ᠨᠥᠯᠦᠭᠡᠯᠡᠬᠦ ᠵᠢᠷᠤᠭᠲᠤ ᠲᠡᠪᠳᠡᠷ》 ᠭᠡᠬᠦ ᠨᠣᠮ᠎ᠢ ᠭᠠᠷᠳᠠᠭᠠᠳ ᠴᠢᠷᠠᠢ᠎ᠳᠤ᠎ᠨᠢ ᠵᠣᠯ ᠵᠢᠷᠭᠠᠯ᠎ᠤᠨ ᠢᠨᠢᠶᠡᠮᠰᠦᠭᠯᠡᠯ ᠪᠢᠯᠬᠠᠵᠤ ᠪᠠᠢᠯ᠎ᠠ᠃

 

 

        ᠣᠷᠴᠢᠭᠤᠯᠤᠭᠴᠢ᠄ ᠰᠠᠢᠬᠠᠨ᠎ᠠ

(ᠬᠠᠷᠢᠭᠤᠴᠠᠭᠰᠠᠨ ᠨᠠᠢᠷᠠᠭᠤᠯᠤᠭᠴᠢ : ᠰᠠᠭᠤᠷᠢᠪᠡᠬᠢ)

ᠦᠨᠡᠯᠡᠬᠦ 0ᠦᠨᠡᠯᠡᠯᠲᠡ᠎ᠲᠠᠢ


( ᠨᠧᠲ ᠨᠠᠢᠵᠠ᠎ᠵᠢᠨ ᠦᠨᠡᠯᠡᠯᠲᠡ᠎ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠱᠢᠶᠡᠷᠡᠭᠰᠡᠨ ᠶᠠᠪᠤᠳᠠᠯ ᠤᠭᠳᠤ ᠪᠢᠱᠢ᠎ᠶᠤᠮ᠃ )
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠦᠪᠦᠷ
ᠮᠤᠩᠭ᠋ᠤᠯ᠎ᠤᠨ
ᠳᠡᠯᠡᠬᠡᠢ
ᠮᠡᠳᠡᠭᠡ
ᠵᠠᠩᠬᠢ
ᠮᠡᠷᠭᠡᠵᠢᠯ᠎ᠤᠨ
ᠬᠢᠵᠠᠭᠠᠷᠲᠤ
ᠺᠤᠮᠫᠠᠨᠢ
ᠮᠡᠷᠭᠡᠵᠢᠯ
ᠬᠠᠩᠭ᠋ᠠᠪᠠ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠩᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604